ᠭᠠᠴᠠᠭ᠎ᠠ ᠲᠤᠰᠬᠤᠨ ᠪᠤᠯ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠶᠤᠮ᠃ ᠡᠨᠡᠬᠦ ᠦᠨᠳᠦᠰᠦᠨ | ᠱᠠᠳᠤᠨ ᠤ ᠵᠤᠬᠢᠶᠠᠨ ᠪᠠᠶᠢᠭᠤᠯᠤᠯᠳᠠ ᠶᠢᠨ ᠬᠦᠭᠵᠢᠯᠳᠡ ᠬᠤᠪᠢᠷᠠᠯᠳᠠ ᠮᠠᠯᠴᠢᠨ ᠲᠠᠷᠢᠶᠠᠴᠢᠳ ᠤᠨ ᠦᠢᠯᠡᠳᠪᠤᠷᠢᠯᠡᠯ | ᠠᠮᠢᠳᠤᠷᠠᠯ ᠤᠨ ᠲᠡᠬᠡᠭᠰᠢᠯᠡᠯᠳᠡ ᠰᠢᠨᠡᠴᠢᠯᠡᠯᠳᠡ ᠶᠢ ᠰᠢᠭᠤᠳ ᠨᠦᠯᠦᠬᠡᠯᠡᠵᠦ ᠪᠠᠶᠢᠳᠠᠭ᠃ ᠦᠬᠡᠷᠡᠴᠢᠯᠡᠯᠳᠡ ᠬᠢᠵᠦ | ᠴᠢᠯᠦᠬᠡᠳᠡᠢ ᠶᠠᠪᠤᠯᠴᠠᠭᠰᠠᠨ ᠲᠦᠴᠢᠨ ᠵᠢᠯ ᠤᠨ ᠲᠤᠷᠰᠢ ᠮᠠᠨ ᠤ ᠬᠤᠰᠢᠭᠤᠨ ᠤ ᠲᠠᠯ᠎ᠠ ᠶᠢᠨ ᠣᠰᠣ ᠵᠡᠷᠭᠡ | ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠤᠷᠢᠳ ᠡᠮᠦᠨ᠎ᠡ ᠭᠠᠷᠤᠭ᠎ᠠ ᠦᠬᠡᠢ ᠬᠦᠭᠵᠢᠯᠳᠡ ᠪᠠᠨ ᠤᠯᠵᠤ | ᠦᠩᠬᠡ ᠦᠩᠬᠡ ᠪᠠᠷ ᠢᠶᠠᠨ ᠰᠣᠯᠣᠩᠭᠠᠷᠠᠵᠤ ᠪᠠᠶᠢᠨ᠎ᠠ᠃ | ᠦᠥᠰᠢᠨ ᠬᠤᠰᠢᠭᠤᠨ ᠤ ᠰᠦᠯᠳᠡ ᠰᠤᠮᠤᠨ ᠤ ᠲᠠᠯ᠎ᠠ ᠶᠢᠨ ᠤᠰᠤ ᠭᠠᠴᠠᠭ᠎ᠠ ᠲᠦᠴᠢᠨ ᠵᠢᠯ ᠤᠨ | ᠬᠦᠭᠵᠢᠯᠳᠡ ᠪᠠᠷ ᠲᠠᠮᠵᠢᠭᠠᠳ ᠦᠨᠦᠳᠦᠷ ᠦᠪᠡᠷ ᠤᠨ ᠬᠡᠰᠡᠨ ᠤᠷᠭᠠᠨᠢᠭ ᠪᠤᠷᠳᠤᠭᠤᠷ ᠤᠨ ᠦᠢᠯᠡᠳᠪᠤᠷᠢ ᠲᠠᠢ | ᠪᠤᠯᠵᠠᠢ᠃ ᠲᠤᠰ ᠦᠢᠯᠡᠳᠪᠤᠷᠢ ᠶᠢ 2017 ᠤᠨ ᠠᠴᠠ ᠲᠦᠰᠦᠪᠯᠡᠨ ᠪᠠᠶᠢᠭᠤᠯᠵᠤ ᠤᠳᠤ ᠲᠤᠨᠤᠭ ᠲᠦᠬᠦᠬᠡᠷᠦᠮᠵᠢ | ᠤᠭᠰᠠᠷᠠᠬᠤ ᠱᠠᠳᠤᠨ ᠳᠤ ᠣᠷᠣᠭᠰᠠᠨ ᠪᠠᠶᠢᠨ᠎ᠠ᠃ | ᠦᠥᠰᠢᠨ ᠬᠤᠰᠢᠭᠤᠨ ᠤ ᠰᠦᠯᠳᠡ ᠰᠤᠮᠤᠨ ᠤ ᠲᠠᠯ᠎ᠠ ᠶᠢᠨ ᠤᠰᠤ ᠭᠠᠴᠠᠭ᠎ᠠ ᠶᠢᠨ ᠤᠤᠯ ᠤᠨ ᠲᠠᠷᠤᠭ᠎ᠠ | ᠦᠷᠬᠡᠨᠪᠤᠤ᠄ ︽ᠶᠡᠷᠦᠩᠬᠡᠢ ᠳᠡᠭᠡᠨ ᠮᠠᠨ ᠤ ᠡᠨᠡ ᠲᠦᠰᠦᠪ ᠲᠡᠬᠡᠷ᠎ᠡ ᠪᠠᠨ ᠠᠪᠴᠤ ᠦᠵᠡᠪᠡᠯ ᠨᠢᠬᠡ ᠵᠢᠯ ᠳᠤ ᠪᠦᠬᠦ | ᠦᠢᠯᠡᠳᠪᠤᠷᠢᠯᠡᠬᠦ ᠪᠤᠷᠳᠤᠭᠤᠷ ᠤᠨ ᠬᠡᠮᠵᠢᠶ᠎ᠠ ᠨᠢ ᠪᠤᠯ18000 ᠲᠤᠨ ᠦᠢᠯᠡᠳᠪᠤᠷᠢᠯᠡᠬᠦ ᠪᠠᠷ ᠲᠦᠰᠦᠪᠯᠡᠵᠦ ᠪᠠᠶᠢᠬᠤ | ᠶᠤᠮ᠃ ᠮᠠᠨ ᠤ ᠦᠢᠯᠡᠳᠪᠤᠷᠢ ᠳᠤ ᠭᠤᠤᠯ ᠨᠢ ᠮᠠᠨ ᠤ ᠬᠡᠰᠢᠬᠦᠳ ᠬᠤᠪᠢ ᠤᠷᠤᠵᠤ᠂ ᠣᠳᠣ ᠨᠢᠭᠡᠨᠳᠡ ᠵᠠᠭᠤ | ᠭᠠᠷᠤᠢ ᠡᠷᠦᠬᠡ ᠬᠤᠪᠢ ᠤᠷᠤᠵᠠᠢ᠃ ᠤᠳᠤ ᠪᠠᠰᠠ ᠵᠠᠷᠢᠮ ᠡᠷᠤᠬᠡ ᠦᠷᠬᠦᠯᠵᠢᠯᠡᠨ ᠬᠤᠪᠢ ᠤᠷᠤᠬᠤ ᠬᠡᠵᠦ ᠪᠠᠶᠢᠨ᠎ᠠ᠃ | ᠲᠤᠰ ᠦᠢᠯᠡᠳᠪᠤᠷᠢ ᠳᠤ ᠮᠠᠨ ᠤ ᠭᠠᠴᠠᠭ᠎ᠠ ᠵᠦᠪᠯᠡᠯ ᠴᠤ ᠬᠤᠪᠢ ᠤᠷᠤᠵᠤ ᠭᠠᠴᠠᠭ᠎ᠠ ᠵᠦᠪᠯᠡᠯ ᠪᠤᠯᠤᠨ ᠮᠠᠯᠴᠢᠨ | ᠲᠠᠷᠢᠶᠠᠴᠢᠨ ᠡᠷᠤᠬᠡ ᠬᠤᠶᠠᠷ ᠲᠠᠯ᠎ᠠ ᠪᠠᠷ ᠢᠶᠠᠨ ᠬᠠᠮᠵᠢᠯᠴᠠᠨ ᠬᠢᠵᠦ ᠪᠠᠶᠢᠭ᠎ᠠ ᠶᠤᠮ᠃ ᠡᠵᠡᠩᠨᠡᠯᠳᠡ ᠶᠢᠨ ᠠᠷᠭ᠎ᠠ | ᠮᠠᠶ᠋ᠢᠭ ᠨᠢ ᠪᠤᠯ ᠭᠠᠴᠠᠭ᠎ᠠ ᠵᠦᠪᠯᠡᠯ ᠠᠴᠠ ᠡᠵᠡᠩᠨᠡᠵᠦ ᠬᠢᠨ᠎ᠡ︾ ᠬᠡᠵᠦ ᠶᠠᠷᠢᠵᠦ ᠪᠠᠶᠢᠯ᠎ᠠ᠃ | ᠤᠷᠭᠠᠨᠢᠭ ᠪᠤᠷᠳᠤᠭᠤᠷ ᠨᠢ ᠲᠠᠯ᠎ᠠ ᠶᠢᠨ ᠤᠰᠤ ᠭᠠᠴᠠᠭᠠᠨ ᠤ ᠨᠤᠳᠤᠭ ᠤᠨ ᠪᠠᠶᠢᠭᠠᠯᠢᠯᠢᠭ ᠤᠷᠭᠤᠮᠠᠯ᠂ ᠠᠶᠢᠯ | ᠡᠷᠦᠬᠡ ᠶᠢᠨ ᠪᠤᠵᠠᠷ ᠤᠰᠤ᠂ ᠠᠮᠢᠳᠤᠷᠠᠯ ᠤᠨ ᠬᠤᠭ ᠨᠤᠪᠰᠢ ᠶᠢ ᠠᠰᠢᠭᠯᠠᠵᠤ ᠪᠤᠷᠳᠤᠭᠤᠷ ᠪᠤᠯᠭᠠᠵᠦ ᠬᠠᠶᠠᠭᠳᠠᠮᠠᠯ | ᠡᠳ᠋ ᠢ ᠡᠷᠳᠡᠨᠢ ᠪᠤᠯᠭᠠᠨ ᠠᠰᠢᠭᠯᠠᠵᠤ ᠨᠢᠬᠡᠨ ᠴᠢᠬᠤᠯᠠ ᠠᠷᠭ᠎ᠠ ᠬᠡᠯᠪᠡᠷᠢ ᠪᠤᠯᠤᠨ᠎ᠠ᠃ | ᠦᠬᠡᠷᠡᠴᠢᠯᠡᠯᠳᠡ ᠨᠡᠬᠡᠬᠡᠯᠳᠡ ᠶᠢᠨ ᠦᠷ᠎ᠡ ᠪᠦᠳᠦᠬᠡᠯ ᠢ ᠭᠠᠴᠠᠭᠠᠨ ᠤ ᠪᠠᠨ ᠮᠠᠯᠴᠢᠨ ᠲᠦᠮᠡᠨ ᠳᠡᠭᠡᠨ | ᠡᠳ᠋ᠯᠡᠬᠦᠯᠬᠦ ᠪᠠᠷ ᠴᠢᠷᠮᠠᠶᠢᠳᠠᠭ ᠨᠢ ᠲᠠᠯ᠎ᠠ ᠶᠢᠨ ᠤᠰᠤ ᠭᠠᠴᠠᠭᠠᠨ ᠤ ᠤᠳᠤᠷᠢᠳᠬᠤ ᠵᠦᠪᠯᠡᠯ ᠤᠨ ᠬᠠᠮᠳᠤ ᠶᠢᠨ | ᠵᠤᠷᠢᠯᠳᠠ ᠶᠤᠮ᠃ ᠤᠳᠤ ᠲᠠᠯ᠎ᠠ ᠶᠢᠨ ᠤᠰᠤ ᠭᠠᠴᠠᠭ᠎ᠠ ᠪᠠᠩᠬᠢ ᠶᠢᠨ ᠪᠤᠰᠤ ᠰᠠᠩᠬᠦᠤ ᠶᠢᠨ ᠵᠦᠪᠯᠡᠯ ᠲᠠᠢ ᠪᠤᠯᠵᠤ | ᠡᠨᠡᠬᠦ ᠪᠠᠩᠬᠢ ᠶᠢᠨ ᠪᠤᠰᠤ ᠰᠠᠩᠬᠦᠤ ᠶᠢᠨ ᠵᠦᠪᠯᠡᠯ ᠨᠢ ᠠᠮᠢᠳᠤᠷᠠᠯ ᠬᠦᠴᠢᠷᠳᠡᠯᠳᠡᠢ ᠰᠤᠷᠤᠭᠴᠢ᠂ ᠬᠦᠨᠳᠦ ᠡᠪᠡᠳᠴᠢᠨ | ᠳᠤ ᠨᠡᠷᠪᠡᠭᠳᠡᠭᠰᠡᠳ᠂ ᠠᠮᠢᠳᠤᠷᠠᠯ ᠬᠦᠴᠢᠷᠳᠡᠯᠳᠡᠢ ᠡᠷᠦᠬᠡ ᠵᠡᠷᠬᠡ ᠳᠤ ᠦᠨ᠎ᠡ ᠲᠦᠯᠦᠪᠤᠷᠢ ᠦᠬᠡᠢ ᠲᠤᠰᠠᠯᠠᠮᠵᠢ | ᠬᠠᠩᠭᠠᠬᠤ ᠪᠠᠶᠢᠭᠤᠯᠤᠮᠵᠢ ᠪᠤᠯᠤᠭᠰᠠᠨ ᠮᠦᠷᠳᠡᠬᠡᠨ ᠶᠠᠳᠠᠭᠤ ᠠᠴᠠ ᠠᠩᠬᠢᠵᠢᠷᠠᠭᠤᠯᠵᠤ ᠪᠤᠭᠤᠮᠲᠠ ᠰᠢᠪᠳᠤᠯᠬᠤ | ᠲᠠᠶᠢᠯᠠᠯᠳᠤᠭᠠᠨ ᠤ ᠨᠢᠬᠡᠨ ᠬᠦᠴᠦᠷᠬᠡᠭ ᠪᠠᠳᠤᠯᠠᠭ᠎ᠠ ᠪᠤᠯᠵᠠᠢ᠃ | ᠨᠠᠰᠤ ᠪᠠᠷ ᠢᠶᠠᠨ ᠲᠠᠯ᠎ᠠ ᠶᠢᠨ ᠤᠰᠤ ᠭᠠᠴᠠᠭᠠᠨ ᠤ ᠲᠠᠷᠤᠭ᠎ᠠ ᠶᠢᠨ ᠲᠤᠰᠢᠶᠠᠯ ᠢ ᠡᠬᠦᠷᠬᠡᠯᠡᠵᠦ ᠢᠷᠡᠭᠰᠡᠨ | ᠦᠷᠬᠡᠨᠪᠤᠤ ᠲᠠᠷᠤᠭ᠎ᠠ ᠦᠬᠡᠷᠡᠴᠢᠯᠡᠯᠳᠡ ᠨᠡᠬᠡᠬᠡᠯᠳᠡ ᠬᠢᠭᠰᠡᠨ ᠲᠦᠴᠢᠨ ᠵᠢᠯ ᠤᠨ ᠲᠤᠷᠰᠢᠬᠢ ᠲᠠᠯ᠎ᠠ ᠶᠢᠨ ᠤᠰᠤ | ᠭᠠᠴᠠᠭᠠᠨ ᠤ ᠬᠤᠪᠢᠷᠠᠯᠳᠠ ᠬᠦᠭᠵᠢᠯᠳᠡ ᠶᠢ ᠢᠩᠬᠢᠵᠦ ᠬᠤᠷᠢᠶᠠᠩᠭᠤᠶᠢᠯᠠᠯᠠ᠄ ︽80 ᠣᠨ ᠠᠴᠠ ᠨᠠᠭᠠᠰᠢ | ᠬᠤᠪᠢ ᠶᠢᠨ ᠠᠵᠤ ᠠᠬᠤᠶᠢᠯᠠᠯ ᠤᠨ ᠡᠵᠡᠩᠨᠡᠯᠲᠡ ᠶᠢ ᠡᠷᠤᠬᠡ ᠠᠴᠠ ᠡᠵᠡᠩᠨᠡᠵᠦ ᠣᠯᠠᠨ ᠲᠦᠮᠡᠨ ᠢ ᠳᠠᠶᠢᠴᠢᠯᠠᠭᠰᠠᠨ | ᠬᠥᠭᠵᠢᠯᠲᠡ ᠶᠢᠨ ᠠᠯᠬᠤᠮ ᠭᠡᠵᠦ ᠬᠡᠯᠡᠨ᠎ᠡ᠃ ᠤᠤᠯ ᠨᠢ ᠬᠠᠮᠲᠤ ᠶᠢᠨ ᠠᠵᠤ ᠠᠬᠤᠶᠢᠯᠠᠯ ᠭᠡᠵᠦ ᠬᠢᠵᠦ | ᠪᠠᠶᠢᠭᠰᠠᠨ ᠠᠴᠠ ᠰᠡᠭᠦᠯ ᠳᠤ ᠨᠢ ᠬᠤᠪᠢ ᠶᠢᠨ ᠠᠵᠤ ᠠᠬᠤᠶᠢᠯᠠᠯ ᠬᠢᠭᠰᠡᠨ᠂ ᠡᠨᠡᠬᠦ ᠦᠭᠡᠷᠡᠴᠢᠯᠡᠯᠲᠡ ᠨᠢ ᠬᠥᠮᠥᠰ ᠤᠨ | ᠢᠳᠡᠪᠬᠢᠵᠢᠯ ᠢ ᠳᠠᠶᠢᠴᠢᠯᠠᠵᠦ ᠴᠢᠳᠠᠭᠰᠠᠨ᠂ 90 ᠣᠨ ᠠᠴᠠ ᠨᠠᠭᠠᠰᠢ ᠰᠣᠶᠣᠯ ᠤᠨ ᠲᠠᠯ᠎ᠠ ᠪᠠᠷ ᠣᠨᠴᠠᠭᠠᠢ | ᠬᠤᠪᠢᠷᠠᠯᠲᠠ ᠭᠠᠷᠤᠭᠰᠠᠨ᠃ ᠬᠥᠮᠥᠨ ᠤ ᠬᠡᠪ ᠪᠤᠯᠪᠠᠰᠤᠷᠠᠯ ᠨᠢ ᠥᠨᠳᠥᠷ ᠲᠦᠪᠰᠢᠨ ᠳᠤ ᠬᠦᠷᠪᠡᠯ ᠠᠵᠤ ᠠᠬᠤᠢ | ᠴᠤ ᠳᠠᠭᠠᠯᠳᠤᠨ ᠳᠡᠭᠡᠭᠰᠢᠯᠡᠨ᠎ᠡ᠃ ᠣᠳᠣ ᠶᠢᠨ ᠬᠠᠷᠠᠯᠲᠠ ᠪᠣᠯ ᠬᠠᠮᠲᠤ ᠶᠢᠨ ᠠᠵᠤ ᠠᠬᠤᠢ ᠶᠢ ᠭᠤᠣᠯ ᠪᠠᠷᠢᠮᠲᠠᠯᠠᠵᠤ | ᠪᠠᠶᠢᠨ᠎ᠠ᠃ ᠬᠤᠷᠰᠢᠶᠠᠵᠢᠯ ᠤᠨ ᠲᠠᠯ᠎ᠠ ᠳᠤ ᠠᠷᠠᠳ ᠤᠨ ᠠᠮᠢᠳᠤᠷᠠᠯ ᠪᠠ ᠣᠷᠣᠯᠭ᠎ᠠ ᠪᠠᠨ ᠳᠡᠭᠡᠭᠰᠢᠯᠡᠭᠦᠯᠬᠦ ᠪᠠᠷ | ᠰᠡᠳᠬᠢᠯ ᠲᠠᠯᠪᠢᠨ ᠬᠦᠴᠦ ᠪᠠᠨ ᠲᠦᠪᠯᠡᠷᠡᠬᠦᠯᠵᠦ ᠪᠠᠶᠢᠨ᠎ᠠ︾ ᠬᠡᠵᠦ ᠬᠡᠯᠡᠵᠦ ᠪᠠᠶᠢᠪᠠ᠃ | ᠲᠦᠷᠦ ᠶᠢᠨ ᠪᠤᠳᠤᠯᠭ᠎ᠠ ᠶᠢᠨ ᠵᠢᠯᠤᠭᠤᠳᠤᠮᠵᠢ᠂ ᠦᠵᠡᠯᠳᠡ ᠲᠠᠨᠢᠯᠳᠠ ᠶᠢᠨ ᠰᠢᠨᠡᠴᠢᠯᠡᠯᠳᠡ᠂ ᠤᠯᠠᠨ ᠲᠦᠮᠡᠨ | ᠤ ᠬᠠᠮᠳᠤ ᠶᠢᠨ ᠴᠢᠷᠮᠠᠶᠢᠯᠭ᠎ᠠ ᠪᠠᠷ ᠲᠦᠴᠢᠨ ᠵᠢᠯ ᠤᠨ ᠬᠦᠭᠵᠢᠯᠳᠡ ᠬᠤᠪᠢᠷᠠᠯᠳᠠ ᠶᠢ ᠦᠩᠬᠡᠷᠡᠬᠡᠭᠰᠡᠨ ᠮᠠᠨ ᠤ | ᠬᠤᠰᠢᠭᠤᠨ ᠤ ᠡᠯ᠎ᠡ ᠭᠠᠴᠠᠭ᠎ᠠ ᠲᠤᠰᠬᠤᠨ ᠤᠳᠤ ᠦᠵᠡᠮᠵᠢ ᠲᠡᠬᠦᠯᠳᠡᠷ᠂ ᠦᠬᠡᠳᠡᠷᠬᠡᠭ ᠬᠦᠭᠵᠢᠯᠳᠡ ᠲᠠᠢ᠂ | ᠠᠮᠢᠳᠤᠷᠠᠯ ᠴᠢᠨᠡᠬᠡᠯᠢᠭ᠂ ᠠᠷᠠᠳ ᠨᠢ ᠵᠢᠷᠭᠠᠯ ᠲᠠᠢ ᠬᠦᠭᠵᠢᠵᠦ ᠶᠠᠪᠤᠨ᠎ᠠ᠃ | |