ᠲᠦᠴᠢᠨ ᠵᠢᠯ ᠤᠨ ᠡᠮᠦᠨ᠎ᠡ᠂ ᠮᠠᠨ ᠤ ᠬᠤᠰᠢᠭᠤᠨ ᠤ ᠲᠦᠪ ᠨᠢ ᠡᠩᠬᠦᠯ ᠲᠤᠩᠬᠤᠯ ᠰᠢᠪᠡᠷ ᠵᠠᠮ ᠲᠠᠢ᠂ | ᠡᠪᠳᠡᠷᠬᠡᠢ ᠨᠡᠪᠳᠠᠷᠬᠠᠢ ᠬᠡᠳᠦᠬᠡᠨ ᠪᠠᠷᠢᠯᠭ᠎ᠠ ᠲᠠᠢ᠂ ᠠᠳᠡ ᠳᠡᠨᠳᠡ ᠬᠡᠳᠣᠨ ᠮᠤᠳᠤ ᠲᠠᠢ ᠪᠠᠶᠢᠭᠰᠠᠨ ᠪᠤᠯ ᠲᠦᠴᠢᠨ | ᠵᠢᠯ ᠤᠨ ᠲᠠᠷᠠᠭᠠᠬᠢ ᠦᠨᠦᠳᠦᠷ ᠪᠣᠯᠬᠤ ᠳᠤ ᠪᠦᠷ ᠴᠡᠴᠡᠷᠯᠢᠭᠵᠢᠬᠦᠯᠦᠭᠰᠡᠨ ᠬᠤᠰᠢᠭᠤ ᠲᠤᠭᠤᠷᠢᠭ ᠢ ᠪᠠᠶᠢᠭᠤᠯᠵᠤ | ᠠᠷᠠᠳ ᠤᠯᠠᠨ ᠤ ᠤᠷᠤᠰᠢᠨ ᠰᠠᠭᠤᠵᠤ ᠠᠵᠢᠯᠯᠠᠵᠤ ᠠᠮᠢᠳᠤᠷᠠᠬᠤ ᠤᠷᠴᠢᠨ ᠨᠦᠬᠦᠴᠡᠯ ᠢ ᠲᠠᠰᠤᠷᠠᠯᠳᠠ ᠦᠬᠡᠢ | ᠰᠠᠶᠢᠵᠢᠷᠠᠭᠤᠯᠤᠨ ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠶᠢᠨ ᠦᠷ᠎ᠡ ᠪᠦᠳᠦᠬᠡᠯ ᠢ ᠡᠳ᠋ᠯᠡᠬᠦᠯᠵᠦ ᠪᠠᠶᠢᠨ᠎ᠠ᠃ | ᠮᠠᠨ ᠤ ᠬᠤᠰᠢᠭᠤᠨ ᠤ ᠲᠦᠪ ᠭᠠᠯᠠᠭᠤᠳᠤ ᠪᠠᠯᠭᠠᠰᠤᠨ ᠲᠡᠬᠡᠷ᠎ᠡ ᠰᠠᠭᠤᠵᠤ ᠪᠠᠶᠢᠭ᠎ᠠ ᠪᠤᠶᠠᠨᠳᠤ ᠬᠡᠷᠡᠯᠭᠤᠸᠠ | ᠬᠤᠶᠠᠭᠤᠯᠠ ᠪᠠᠨ ᠪᠦᠷ ᠠᠵᠢᠯ ᠤᠨ ᠠᠮᠠᠷᠠᠯᠳᠠ ᠪᠠᠨ ᠠᠪᠤᠭᠰᠠᠨ ᠠᠬᠠᠮᠠᠳ ᠺᠠᠳ᠋ᠷ ᠶᠤᠮ᠃ ᠬᠤᠶᠠᠭᠤᠯᠠ ᠪᠠᠨ | ᠦᠷᠯᠦᠬᠡ ᠪᠦᠷᠢ ᠰᠡᠷᠢᠬᠦᠨ ᠠᠮᠢᠰᠬᠤᠯ ᠠᠮᠢᠰᠬᠤᠵᠤ ᠴᠡᠴᠡᠷᠯᠢᠭ ᠲᠤ ᠤᠴᠢᠵᠤ ᠪᠡᠶ᠎ᠡ ᠪᠠᠨ ᠪᠤᠯᠪᠠᠰᠤᠷᠠᠭᠤᠯᠬᠤ ᠨᠢ | ᠨᠢᠬᠡᠨᠳᠡ ᠠᠮᠢᠳᠤᠷᠠᠯ ᠤᠨ ᠬᠢᠨᠢ ᠲᠤᠳᠠᠭᠳᠠᠵᠤ ᠪᠤᠯᠤᠰᠢ ᠦᠬᠡᠢ ᠵᠤᠷᠰᠢᠯ ᠪᠤᠯᠵᠤ ᠬᠤᠶᠠᠷ ᠨᠠᠰᠤᠳᠠᠨ ᠲᠤᠬᠢᠯᠢᠭ | ᠰᠠᠶᠢᠬᠠᠨ ᠤᠷᠴᠢᠨ ᠳᠤ ᠪᠡᠶ᠎ᠡ ᠰᠡᠳᠬᠢᠯ ᠠᠮᠠᠷ ᠵᠢᠷᠭᠠᠨ ᠰᠠᠭᠤᠵᠤ ᠪᠤᠢ᠃ | ᠦᠥᠰᠢᠨ ᠬᠤᠰᠢᠭᠤᠨ ᠤ ᠬᠦᠭᠵᠢᠬᠦᠯᠦᠯᠳᠡ ᠦᠬᠡᠷᠡᠴᠢᠯᠡᠯᠳᠡ ᠶᠢᠨ ᠲᠤᠪᠴᠢᠶᠠᠨ ᠠᠴᠠ ᠠᠵᠢᠯ ᠤᠨ ᠠᠮᠠᠷᠠᠯᠳᠠ | ᠪᠠᠨ ᠠᠪᠤᠭᠰᠠᠨ ᠪᠤᠶᠠᠨᠳᠤ ᠨᠠᠰᠤᠳᠠᠨ ᠶᠠᠷᠢᠬᠤ ᠳᠤ ᠪᠠᠨ ᠲᠡᠷᠡ ᠦᠶᠡᠰ ᠲᠤ ᠦᠦᠰᠢᠨ ᠢ ᠪᠤᠯ ᠲᠠᠪᠴᠠᠭ ᠪᠠᠯᠭᠠᠰᠤ | ᠬᠡᠳᠡᠭ᠂ ᠲᠡᠷᠡ ᠦᠶᠡᠰ ᠤᠨ ᠲᠠᠪᠴᠠᠭ ᠪᠠᠯᠭᠠᠰᠤ ᠪᠤᠯ ᠭᠠᠭᠴᠠ ᠨᠢᠬᠡ ᠵᠡᠬᠡᠯᠢ ᠲᠠᠢ᠂ ᠤᠳᠤ ᠶᠢᠨ ᠡᠨᠡ ᠲᠠᠪᠴᠠᠭ | ᠵᠡᠬᠡᠯᠢ ᠬᠡᠵᠦ ᠨᠢᠬᠡᠳᠦᠬᠡᠷ ᠵᠡᠬᠡᠯᠢ ᠮᠦᠨ ᠪᠠᠶᠢᠵᠤ᠂ ᠪᠦᠷ ᠰᠢᠪᠡᠷ ᠵᠠᠮ ᠲᠠᠢ᠂ ᠵᠠᠮ ᠤᠨ ᠬᠢᠨᠢ ᠬᠤᠶᠠᠷ ᠬᠠᠵᠠᠭᠤ ᠪᠠᠷ | ᠨᠡᠯᠢᠶᠠᠳ ᠤᠯᠢᠶᠠᠰᠤᠨ ᠮᠤᠳᠤ ᠲᠠᠷᠢᠴᠢᠬᠠᠭᠰᠠᠨ ᠪᠠᠶᠢᠳᠠᠭ᠃ ᠵᠡᠬᠡᠯᠢ ᠶᠢᠨ ᠬᠠᠪᠢ ᠪᠠᠷ ᠨᠢᠬᠡ ᠬᠠᠮᠳᠤᠷᠠᠯ᠂ ᠨᠢᠬᠡ | ᠬᠤᠭᠤᠯᠠᠨ ᠬᠡᠷ᠂ ᠨᠢᠬᠡ ᠡᠮᠴᠢ ᠶᠢᠨ ᠬᠤᠷᠢᠶ᠎ᠠ᠂ ᠨᠢᠬᠡ ᠪᠠᠩᠬᠢ᠂ ᠪᠠᠰᠠ ᠠᠷᠠᠳ ᠤᠨ ᠵᠠᠰᠠᠭ ᠤᠨ ᠤᠷᠳᠤᠨ᠂ ᠨᠠᠮ | ᠤᠨ ᠬᠤᠷᠢᠶ᠎ᠠ ᠭᠡᠵᠤ ᠪᠠᠶᠢᠭᠤᠯᠭ᠎ᠠ ᠤᠳ ᠪᠠᠶᠢᠵᠤ ᠶᠡᠭᠡ ᠬᠤᠴᠤᠷᠠᠩᠭᠤᠢ ᠪᠠᠶᠢᠵᠠᠢ᠃ ᠨᠠᠮ ᠤᠨ 11 ᠳ᠋ᠤᠬᠡᠷ ᠤᠳᠠᠭᠠᠨ | ᠤ ᠭᠤᠷᠪᠠᠳᠤᠭᠠᠷ ᠪᠦᠬᠦᠳᠡ ᠬᠤᠷᠠᠯ ᠠᠴᠠ ᠦᠬᠡᠷᠡᠴᠢᠯᠡᠯᠳᠡ ᠬᠢᠵᠦ ᠴᠢᠯᠦᠬᠡᠳᠡᠢ ᠶᠠᠪᠤᠯᠴᠠᠬᠤ ᠲᠦᠷᠦ ᠶᠢᠨ ᠪᠤᠳᠤᠯᠭ᠎ᠠ | ᠭᠠᠷᠴᠤ ᠢᠷᠡᠬᠡᠳ ᠤᠳᠤ ᠪᠤᠯ ᠶᠠᠭ ᠲᠦᠴᠢᠨ ᠵᠢᠯ ᠪᠤᠯᠵᠤ ᠪᠠᠶᠢᠨ᠎ᠠ ᠭᠡᠪᠡ᠃ | ᠬᠤᠳᠠ ᠪᠠᠯᠭᠠᠰᠤᠨ ᠤ ᠨᠢᠬᠡ ᠬᠤᠪᠢᠷᠠᠯᠳᠠ ᠨᠢ ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠲᠡᠬᠡᠷ᠎ᠡ | ᠢᠯᠡᠷᠡᠳᠡᠭ᠃ ᠦᠥᠰᠢᠨ ᠬᠤᠰᠢᠭᠤ ᠡᠨᠡᠬᠦ 274 ᠲᠦᠮᠡᠨ ᠬᠠᠪᠳᠠᠭᠠᠢ ᠲᠦᠷᠪᠡᠯᠵᠢᠨ ᠮᠧᠲᠷ ᠤᠢ ᠰᠢᠭᠤᠢ ᠶᠢᠨ | ᠴᠡᠴᠡᠷᠯᠢᠭ ᠢ ᠪᠠᠶᠢᠭᠤᠯᠬᠤ ᠳᠤ ᠤᠤᠯ ᠤᠨ ᠭᠠᠵᠠᠷ ᠤᠨ ᠪᠠᠶᠢᠴᠠ ᠵᠢᠴᠢ ᠤᠷᠭᠤᠮᠠᠯ ᠤᠨ ᠲᠦᠷᠦᠯ ᠢ ᠬᠠᠳᠠᠭᠠᠯᠠᠭᠰᠠᠨ | ᠰᠠᠭᠤᠷᠢᠨ ᠲᠡᠬᠡᠷ᠎ᠡ ᠨᠢᠬᠡ ᠪᠦᠯᠦᠭ ᠰᠢᠨ᠎ᠡ ᠮᠤᠳᠤᠨ ᠤ ᠲᠦᠷᠦᠯ ᠢ ᠲᠠᠷᠢᠭᠰᠠᠨ ᠢᠶᠠᠷ ᠤᠳᠤ ᠠᠳᠡ᠂ ᠤᠳᠠ | ᠤᠯᠢᠶᠠᠰᠤ᠂ ᠨᠠᠷᠠᠰᠤ᠂ ᠵᠡᠷᠯᠢᠭ ᠲᠤᠭᠤᠷ᠂ ᠠᠷᠴᠠ᠂ ᠬᠤᠩᠭᠤᠷᠴᠤᠭᠳᠤ ᠮᠤᠳᠤ ᠵᠡᠷᠬᠡ ᠤᠷᠭᠤᠮᠠᠯ ᠤᠳ ᠢᠭᠴᠤᠷᠠᠨ | ᠤᠷᠭᠤᠭᠠᠳ ᠢᠵᠡᠭᠤᠷ ᠠᠮᠢ ᠠᠬᠤᠢ ᠶᠢᠨ ᠪᠠᠶᠢᠭᠠᠯᠢ ᠶᠢᠨ ᠦᠵᠡᠮᠵᠢ ᠶᠢ ᠰᠠᠶᠢᠬᠠᠨ ᠢᠯᠡᠷᠡᠬᠦᠯᠵᠠᠢ᠃ ᠤᠯᠠᠭᠠᠬᠤᠳᠤ | ᠪᠤᠯ ᠡᠨᠡᠬᠦ ᠴᠡᠴᠡᠷᠯᠢᠭ ᠤᠨ ᠪᠦᠳᠦᠬᠡᠨ ᠪᠠᠶᠢᠭᠤᠯᠤᠯᠳᠠ ᠳᠤ ᠪᠠᠶᠠᠴᠢᠯᠠᠨ ᠤᠷᠤᠯᠴᠠᠭᠰᠠᠨ ᠬᠦᠮᠦᠨ ᠤ ᠨᠢᠬᠡ ᠨᠢ ᠶᠤᠮ᠃ | | ᠦᠥᠰᠢᠨ ᠬᠤᠰᠢᠭᠤᠨ ᠤ ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠶᠢᠨ ᠲᠤᠪᠴᠢᠶᠠᠨ ᠤ ᠲᠤᠭᠤᠷᠢᠨ | ᠪᠠᠶᠢᠴᠠᠭᠠᠬᠤ ᠲᠠᠰᠤᠭ ᠤᠨ ᠠᠵᠢᠯᠳᠠᠨ ᠤᠯᠠᠭᠠᠬᠤᠳᠤ ᠬᠠᠮᠢᠶᠠᠷᠤᠯᠳᠠ ᠳᠤ ᠵᠤᠬᠢᠬᠤ ᠦᠬᠡᠢ ᠬᠦᠷᠦᠯᠴᠡᠬᠦ ᠦᠬᠡᠢ ᠲᠠᠯ᠎ᠠ | ᠤᠷᠤᠰᠢᠵᠤ ᠪᠠᠶᠢᠬᠤ ᠪᠠᠨ ᠮᠡᠳᠡᠷᠡᠵᠤ ᠬᠤᠵᠢᠮ ᠡᠬᠦᠨ ᠢᠶᠠᠨ ᠤᠯᠠᠮ ᠰᠠᠶᠢᠨ ᠠᠳᠬᠤᠵᠤ ᠤᠯᠠᠨ ᠲᠦᠮᠡᠨ ᠤ ᠬᠦᠰᠡᠯ | ᠱᠠᠭᠠᠷᠳᠠᠯᠭ᠎ᠠ ᠳᠤ ᠨᠡᠶᠢᠴᠡᠭᠰᠡᠨ ᠰᠠᠶᠢᠨ ᠰᠠᠶᠢᠬᠠᠨ ᠤᠷᠴᠢᠨ ᠲᠤᠭᠤᠷᠢᠨ ᠢ ᠪᠤᠢ ᠪᠤᠯᠭᠠᠬᠤ ᠪᠠᠷ ᠴᠢᠷᠮᠠᠶᠢᠵᠤ ᠪᠠᠶᠢᠨ᠎ᠠ᠃ | | ᠡᠳᠡᠬᠡᠷ ᠨᠢ ᠮᠠᠨ ᠤ ᠬᠤᠰᠢᠭᠤᠨ ᠤ ᠠᠷᠪᠢᠴᠢ ᠭᠠᠮᠳᠠᠢ ᠴᠡᠴᠡᠷᠯᠢᠭᠵᠢᠬᠦᠯᠦᠭᠰᠡᠨ ᠬᠤᠰᠢᠭᠤ ᠶᠢ ᠡᠬᠦᠳᠦᠨ | ᠪᠠᠶᠢᠭᠤᠯᠬᠤ ᠠᠵᠢᠯ ᠤᠨ ᠰᠡᠳᠬᠢᠴᠡ ᠶᠢ ᠲᠤᠰᠬᠠᠭᠰᠠᠨ ᠪᠤᠯ ᠦᠨᠳᠦᠰᠦᠳᠡᠨ ᠤ ᠠᠷᠠᠳᠴᠢᠯᠠᠭᠰᠠᠨ ᠬᠤᠪᠢᠰᠬᠠᠯᠴᠢ | ᠰᠢᠨᠡᠯᠡᠮ᠎ᠡ ᠶᠢᠨ ᠲᠤᠷᠠᠰᠬᠠᠯ ᠤᠨ ᠰᠤᠪᠤᠷᠭ᠎ᠠ ᠵᠡᠷᠬᠡ ᠨᠢ ᠦᠥᠰᠢᠨ ᠬᠤᠰᠢᠭᠤᠨ ᠤ ᠰᠤᠶᠤᠯ ᠤᠨ ᠬᠡᠯᠪᠡᠷᠢ ᠪᠦᠬᠦᠢ | ᠴᠡᠴᠡᠷᠯᠢᠭᠵᠢᠬᠦᠯᠦᠭᠰᠡᠨ ᠬᠤᠰᠢᠭᠤ ᠶᠢ ᠪᠦᠳᠦᠬᠡᠨ ᠪᠠᠶᠢᠭᠤᠯᠬᠤ ᠳᠠᠭᠠᠨ ᠴᠡᠴᠡᠷᠯᠢᠭ ᠪᠤᠯᠤᠨ ᠠᠭᠤᠳᠠᠮ ᠲᠠᠯᠠᠪᠠᠢ | ᠲᠡᠬᠡᠷ᠎ᠡ ᠤᠷᠤᠨ ᠨᠤᠳᠤᠭ ᠤᠨ ᠰᠤᠶᠤᠯ ᠤᠨ ᠠᠭᠤᠯᠬᠤᠨ ᠢ ᠠᠭᠤᠰᠬᠠᠵᠤ ᠤᠷᠤᠭᠤᠯᠬᠤ ᠶᠢ ᠴᠢᠬᠤᠯᠠᠴᠢᠯᠠᠨ | ᠪᠠᠶᠢᠭᠤᠯᠤᠭᠰᠠᠨ ᠤ ᠲᠤᠰᠬᠠᠯ ᠪᠤᠯᠵᠤ ᠪᠤᠢ᠃ ᠢᠩᠬᠢᠭᠰᠡᠨ ᠢᠶᠠᠷ ᠰᠠᠭᠤᠭᠠᠯᠢ ᠠᠷᠠᠳ ᠰᠡᠯᠡᠬᠦᠴᠡᠨ ᠲᠤᠭᠤᠷᠢᠬᠤ | ᠲᠤᠮᠳᠠ ᠪᠠᠨ ᠨᠤᠳᠤᠭ ᠤᠷᠤᠨ ᠤ ᠪᠠᠨ ᠰᠤᠶᠤᠯ ᠲᠡᠥᠬᠡ ᠶᠢ ᠤᠶᠢᠯᠠᠭᠠᠵᠤ ᠳᠡᠶᠢᠯᠬᠦ ᠪᠤᠯᠤᠭᠰᠠᠨ ᠪᠠᠶᠢᠨ᠎ᠠ᠃ | ᠰᠠᠷᠠᠨ᠎ᠠ ᠶᠡᠭᠡ ᠰᠤᠷᠭᠠᠭᠤᠯᠢ ᠪᠠᠨ ᠲᠡᠬᠦᠰᠬᠡᠬᠡᠳ ᠮᠠᠨ ᠤ ᠬᠤᠰᠢᠭᠤᠨ ᠤ ᠴᠡᠴᠡᠷᠯᠢᠭᠵᠢᠬᠦᠯᠦᠯᠳᠡ | ᠨᠤᠭᠤᠭᠠᠷᠠᠭᠤᠯᠤᠯᠳᠠ ᠶᠢᠨ ᠲᠤᠪᠴᠢᠶᠠᠨ ᠤ ᠵᠢᠷᠤᠭ ᠲᠦᠯᠦᠪᠯᠡᠭᠡ ᠶᠢᠨ ᠲᠠᠰᠤᠭ ᠲᠤ ᠠᠵᠢᠯ ᠤᠨ ᠬᠤᠪᠢᠶᠠᠷᠢ | ᠠᠪᠤᠭᠰᠠᠨ ᠶᠤᠮ᠃ ᠰᠠᠷᠠᠨ᠎ᠠ ᠠᠵᠢᠯ ᠤᠨ ᠬᠤᠪᠢᠶᠠᠷᠢ ᠠᠪᠬᠤ ᠦᠶ᠎ᠡ ᠳᠤ ᠦᠥᠰᠢᠨ ᠬᠤᠰᠢᠭᠤ ᠨᠢᠬᠡᠨᠳᠡ 15 ᠶᠡᠭᠡ | ᠪᠠᠭ᠎ᠠ ᠴᠡᠴᠡᠷᠯᠢᠭ ᠢ ᠪᠦᠳᠦᠬᠡᠨ ᠪᠠᠶᠢᠭᠤᠯᠵᠤ ᠲᠠᠭᠤᠰᠤᠭᠠᠳ ᠴᠡᠴᠡᠷᠯᠢᠭ᠂ ᠵᠡᠬᠡᠯᠢ ᠭᠤᠳᠤᠮᠵᠢ᠂ ᠪᠠᠶᠢᠭᠤᠯᠭ᠎ᠠ ᠨᠢᠭᠡᠴᠢ | ᠂᠂ ᠰᠠᠭᠤᠭᠠᠯᠢ ᠠᠷᠠᠳ ᠤᠨ ᠲᠤᠭᠤᠷᠢᠭ ᠤᠨ ᠨᠤᠭᠤᠭᠠᠷᠠᠭᠤᠯᠤᠯᠳᠠ ᠶᠢᠨ ᠠᠵᠢᠯ ᠢ ᠨᠠᠷᠢᠯᠢᠭ ᠮᠦᠷᠳᠡᠬᠡᠨ ᠤᠷᠤᠨ | ᠨᠤᠳᠤᠭ ᠤᠨ ᠤᠨᠴᠠᠯᠢᠭ ᠰᠢᠨᠵᠢ ᠶᠢ ᠲᠤᠰᠬᠠᠬᠤ ᠲᠡᠰᠢ ᠬᠢᠵᠦ ᠪᠠᠶᠢᠵᠠᠢ᠃ | ᠦᠥᠰᠢᠨ ᠬᠤᠰᠢᠭᠤᠨ ᠤ ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠶᠢᠨ ᠲᠤᠪᠴᠢᠶᠠᠨ ᠤ ᠲᠦᠯᠤᠪᠯᠡᠭᠡ | ᠲᠦᠯᠦᠪᠵᠢᠬᠦᠯᠬᠡ ᠶᠢᠨ ᠠᠯᠪᠠᠨ ᠬᠡᠷ ᠤᠨ ᠡᠷᠬᠢᠯᠡᠭᠴᠢ ᠰᠠᠷᠠᠨ᠎ᠠ ᠶᠠᠷᠢᠬᠤ ᠳᠤ ᠪᠠᠨ᠂ ᠮᠠᠨ ᠤ ᠬᠤᠰᠢᠭᠤ | ᠴᠡᠴᠡᠷᠯᠢᠭᠵᠢᠬᠦᠯᠦᠯᠳᠡ ᠨᠤᠭᠤᠭᠠᠷᠠᠭᠤᠯᠤᠯᠳᠠ ᠶᠢᠨ ᠲᠠᠯ᠎ᠠ ᠪᠠᠷ ᠲᠤᠯᠤᠭᠠᠨ ᠳ᠋ᠦᠩᠰᠢᠭᠤᠷ ᠭᠠᠷᠤᠢ ᠪᠡᠯᠡ ᠮᠦᠩᠬᠦ ᠶᠢ | ᠤᠷᠤᠭᠤᠯᠵᠤ ᠭᠤᠷᠪᠠᠨ ᠨᠠᠭᠤᠷ᠂ ᠬᠤᠶᠠᠷ ᠪᠦᠰᠡ᠂ ᠶᠢᠰᠦᠨ ᠴᠡᠴᠡᠷᠯᠢᠭ ᠢ ᠪᠠᠶᠢᠭᠤᠯᠤᠨ᠂ ᠲᠤᠯᠤᠭᠠᠨ ᠬᠦᠨᠳᠡᠯᠡᠨ | ᠲᠤᠯᠤᠭᠠᠨ ᠭᠤᠤᠯᠳᠤ ᠵᠡᠬᠡᠯᠢ ᠭᠤᠳᠤᠮᠵᠢ ᠶᠢᠨ ᠨᠤᠭᠤᠭᠠᠷᠠᠭᠤᠯᠤᠯᠳᠠ ᠶᠢᠨ ᠠᠵᠢᠯ ᠵᠢᠴᠢ 15 ᠶᠡᠭᠡ ᠪᠠᠭ᠎ᠠ | ᠴᠡᠴᠡᠷᠯᠢᠭ ᠢ ᠰᠢᠨ᠎ᠡ ᠪᠠᠷ ᠪᠤᠶᠤ ᠤᠤᠯ ᠤᠨ ᠰᠠᠭᠤᠷᠢᠨ ᠲᠡᠬᠡᠷ᠎ᠡ ᠦᠷᠬᠡᠳᠬᠡᠨ ᠪᠠᠶᠢᠭᠤᠯᠤᠭᠰᠠᠨ ᠪᠠᠶᠢᠨ᠎ᠠ ᠭᠡᠪᠡ ᠃ | |