ᠨᠡᠶᠢᠭᠡᠮ ᠤᠨ ᠬᠦᠭᠵᠢᠯᠳᠡ ᠬᠤᠪᠢᠷᠡᠯᠳᠡ ᠶᠢ ᠳᠠᠭᠠᠯᠳᠣᠨ ᠣᠯᠡᠩᠬᠢ ᠵᠠᠯᠠᠭᠤᠴᠣᠣᠨ ᠬᠤᠳᠠ ᠳᠤ ᠠᠮᠢᠳᠣᠷᠠᠵᠣ | ᠪᠠᠶᠢᠭ᠎ᠠ ᠡᠨᠡᠬᠦ ᠴᠠᠭ ᠡᠷᠡᠨ ᠳᠤ ᠭᠠᠯᠠᠭᠤᠳᠣ ᠪᠠᠯᠭᠠᠰᠣᠨ ᠤ ᠲᠦᠪ ᠲᠤ ᠨᠤᠲᠤᠭᠰᠢᠨ ᠰᠠᠭᠤᠷᠢᠰᠢᠵᠤ ᠪᠠᠶᠢᠭ᠎ᠠ ᠵᠠᠯᠠᠭᠤ | ᠠᠶᠠᠰ ᠬᠦᠳᠡᠭᠡ ᠭᠡᠷ ᠲᠤ ᠪᠠᠨ ᠪᠠᠶᠢᠭ᠎ᠠ ᠡᠪᠦᠭᠡ ᠠᠪᠤ ᠶᠢᠨ ᠢᠶᠠᠨ ᠲᠠᠮᠣᠷ ᠤᠨ ᠳᠠᠷᠬᠠᠨ ᠤ ᠣᠯᠠᠮᠵᠢᠯᠠᠯᠳᠣ ᠡᠷᠳᠡᠮ ᠢ | ᠰᠣᠷᠴᠣ ᠨᠣᠳᠤᠭ ᠣᠰᠣ ᠪᠠᠨ ᠰᠡᠬᠢᠨ ᠣᠯᠠᠨ ᠳᠦᠮᠡᠨ ᠤ ᠮᠠᠭᠳᠠᠭᠠᠯ ᠰᠠᠶᠢᠰᠢᠶᠠᠯ ᠢ ᠬᠦᠷᠳᠡᠵᠣ ᠶᠠᠪᠤᠭ᠎ᠠ ᠪᠢᠯᠡ᠃ | ᠣᠯᠠᠭᠠᠨᠳᠣᠯᠣᠭᠠᠢ ᠪᠠᠯᠭᠠᠰᠣᠨ ᠤ ᠪᠠᠶᠠᠨᠰᠢᠯᠢ ᠭᠠᠴᠠᠭᠠᠨ ᠤ ᠮᠠᠯᠴᠢᠨ ᠬᠤᠷᠠᠭᠠᠳᠠᠢ ᠨᠠᠰᠣᠳᠠᠨ ᠤ ᠳᠤ ᠬᠦᠷᠬᠦ | ᠳᠤ᠂ ᠡᠪᠦᠭᠡ ᠣᠮᠪᠣᠯᠣ ᠬᠤᠶᠠᠭᠤᠯᠠ ᠲᠠᠮᠣᠷ ᠳᠠᠪᠳᠠᠵᠣ ᠬᠢᠳᠤᠭ᠎ᠠ ᠬᠢᠵᠣ ᠶᠠᠭᠠᠷᠠᠯᠳᠤᠵᠤ ᠪᠠᠶᠢᠯ᠎ᠠ᠃ ᠠᠶᠠᠰ | ᠭᠡᠳᠤᠶᠢᠪᠡᠷ ᠲᠠᠮᠤᠷ ᠲᠠᠪᠳᠠᠬᠤ ᠮᠡᠷᠭᠡᠵᠢᠯ ᠢ ᠰᠤᠷᠤᠭᠠᠳ ᠤᠳᠠᠭᠠᠳᠤᠢ ᠪᠤᠯᠪᠠᠴᠤ ᠬᠢᠳᠤᠭ᠎ᠠ᠂ ᠮᠤᠷᠢᠨ ᠲᠠᠬ᠎ᠠ ᠵᠡᠷᠭᠡ ᠶᠢ | ᠬᠢᠭᠦ ᠮᠡᠷᠭᠡᠵᠢᠯ ᠳᠤ ᠨᠠᠯᠢᠶᠠᠳ ᠴᠠᠭᠠᠷᠠᠵᠤ ᠳᠡᠭᠡᠳᠣᠰ ᠠᠴᠠ ᠵᠠᠯᠭᠠᠮᠵᠢᠯᠠᠵᠤ ᠢᠷᠡᠭᠰᠡᠨ ᠲᠡᠮᠤᠷ ᠤᠨ ᠳᠠᠷᠬᠠᠨ ᠤ ᠣᠷ᠎ᠠ | ᠮᠡᠷᠭᠡᠵᠢᠯ ᠢ ᠡᠪᠦᠭᠡ ᠠᠪᠤ ᠠᠴᠠ ᠪᠠᠨ ᠣᠯᠠᠮᠵᠢᠯᠠᠨ ᠰᠤᠷᠴᠤ ᠪᠠᠶᠢᠭ᠎ᠠ ᠶᠤᠮ᠃ | ᠠᠶᠠᠰ᠄ ︽ᠤᠳᠣ ᠶᠢᠨ ᠨᠡᠶᠢᠭᠡᠮ ᠳᠤ ᠲᠠᠮᠤᠷ ᠤᠨ ᠲᠠᠷᠬᠠᠨ ᠤᠯᠠᠮ ᠠᠴᠠ ᠴᠦᠭᠡᠷᠡᠵᠤ ᠪᠠᠶᠢᠨ᠎ᠠ᠃ ᠭᠡᠳᠡᠯ᠎ᠡ | ᠡᠨᠡ ᠪᠤᠯ ᠪᠠᠰᠠ ᠨᠢᠭᠡ ᠵᠦᠢᠯ ᠤᠨ ᠤᠷᠠᠯᠢᠭ᠂ ᠡᠨᠡ ᠤᠷᠠᠯᠢᠭ ᠢᠩᠬᠢᠭᠡᠳ ᠤᠰᠠᠳᠬᠤ ᠨᠢ ᠪᠠᠰᠠ ᠬᠠᠶᠢᠷᠠᠨ᠂ | ᠲᠠᠶᠢᠮᠤ ᠠᠴᠠ ᠲᠡᠮᠤᠷ ᠤᠨ ᠲᠠᠷᠬᠠᠨ ᠤ ᠭᠠᠷ ᠤᠷᠠᠯᠠᠯ ᠢ ᠦᠪᠯᠡᠨ ᠵᠠᠯᠭᠠᠮᠵᠢᠯᠠᠵᠤ ᠰᠤᠷᠴᠤ ᠠᠪᠤᠶ᠎ᠠ ᠭᠡᠰᠡᠨ | ᠪᠤᠳᠣᠯ ᠢᠶᠠᠷ ᠡᠪᠦᠭᠡ ᠠᠪᠤ ᠠᠴᠠ ᠪᠠᠨ ᠰᠤᠷᠴᠤ ᠪᠠᠶᠢᠭ᠎ᠠ ᠨᠢ ᠡᠨᠡ ᠪᠢᠯᠡ︾ ᠭᠡᠵᠤ ᠰᠤᠷᠤᠯᠴᠠᠭᠰᠠᠨ ᠪᠤᠳᠤᠯ ᠢᠶᠠᠨ | ᠶᠠᠷᠢᠵᠤ ᠪᠠᠶᠢᠯ᠎ᠠ᠃ | ᠠᠶᠠᠰ ᠤᠨ ᠡᠯᠤᠨᠴᠠ ᠨᠢ ᠭᠡᠵᠤ ᠤᠶᠢᠷ᠎ᠠ ᠬᠠᠪᠢ ᠳᠤ ᠪᠠᠨ ᠨᠠᠷᠠᠳᠠᠢ ᠲᠠᠮᠤᠷ ᠤᠨ ᠲᠠᠷᠬᠠᠨ ᠪᠠᠶᠢᠭᠰᠠᠨ ᠪᠦᠭᠡᠳ | ᠡᠪᠦᠭᠡ ᠠᠪᠤ ᠬᠤᠷᠠᠭᠠᠳᠠᠢ ᠨᠢ ᠳᠡᠭᠡᠳᠣᠰ ᠤᠨ ᠡᠨᠡᠭᠦ ᠮᠠᠷᠭᠡᠵᠢᠯ ᠢ ᠦᠪᠯᠡᠨ ᠵᠠᠯᠭᠠᠮᠵᠢᠯᠠᠭᠠᠳ ᠲᠦᠴᠢ ᠭᠠᠷᠣᠢ ᠵᠢᠯ | ᠪᠣᠯᠣᠭᠰᠠᠨ ᠪᠠᠶᠢᠯ᠎ᠠ᠃ ᠬᠠᠷᠠᠬᠠᠨ ᠪᠠᠭ᠎ᠠ ᠠᠴᠠ ᠪᠠᠨ ᠡᠪᠦᠭᠡ ᠠᠪᠤ ᠶᠢᠨ ᠢᠶᠠᠨ ᠲᠠᠮᠤᠷ ᠲᠠᠪᠳᠠᠬᠤ ᠣᠷ᠎ᠠ ᠮᠠᠷᠬᠡᠵᠢᠯ | ᠢ ᠬᠠᠷᠠᠵᠤ ᠦᠰᠦᠭᠰᠡᠨ ᠠᠶᠠᠰ ᠡᠪᠦᠭᠡ ᠠᠪᠤ ᠶᠢᠨ ᠢᠶᠠᠨ ᠨᠠᠰᠤ ᠠᠭᠰᠢᠷᠠᠬᠤ ᠪᠣᠯᠣᠨ ᠨᠡᠶᠢᠬᠡᠮ ᠤᠨ ᠬᠦᠭᠵᠢᠯᠳᠡ ᠠᠴᠠ | ᠪᠣᠯᠵᠣ ᠬᠠᠶᠠᠭᠳᠠᠵᠤ ᠭᠡᠭᠡᠭᠳᠡᠮᠡᠷ ᠪᠣᠯᠣᠭᠰᠠᠨ ᠳᠠᠮᠣᠷ ᠤᠨ ᠳᠠᠷᠬᠠᠨ ᠤ ᠤᠷ᠎ᠠ ᠡᠷᠳᠡᠮ ᠢ ᠬᠠᠷᠠᠭᠠᠳ ᠵᠢᠯ ᠤᠨ | ᠡᠮᠤᠨ᠎ᠡ ᠠᠴᠠ ᠡᠪᠦᠭᠡ ᠠᠪᠤ ᠠᠴᠠ ᠪᠠᠨ ᠵᠠᠯᠭᠠᠮᠵᠢᠯᠠᠨ ᠰᠤᠷᠴᠤ ᠡᠬᠢᠯᠡᠭᠰᠡᠨ ᠶᠤᠮ᠃ | ᠣᠯᠠᠭᠠᠨᠳᠣᠯᠠᠭᠠᠢ ᠪᠠᠯᠭᠠᠰᠣᠨ ᠤ ᠪᠠᠶᠠᠨᠰᠢᠯᠢ ᠭᠠᠴᠠᠭᠠᠨ ᠤ ᠮᠠᠯᠴᠢᠨ ᠬᠤᠷᠠᠭᠠᠳᠠᠢ᠄ ︽ᠮᠢᠨᠦ ᠤᠮᠪᠤᠯᠤ ᠬᠦᠦ | ᠳᠡᠭᠡᠳᠦᠰ ᠠᠴᠠ ᠪᠠᠨ ᠦᠪᠯᠡᠨ ᠵᠠᠯᠭᠠᠮᠵᠢᠯᠠᠵᠤ ᠲᠡᠮᠦᠷ ᠤᠨ ᠲᠠᠷᠬᠠᠨ ᠤ ᠤᠷ᠎ᠠ ᠮᠡᠷᠭᠡᠵᠢᠯ ᠢ ᠰᠤᠷᠴᠤ ᠬᠢᠬᠦ ᠵᠤᠷᠢᠭ | ᠲᠠᠢ ᠪᠤᠯᠬᠤᠷ ᠪᠢ ᠬᠦᠦ ᠳᠤ ᠪᠠᠨ ᠦᠪᠡᠷ ᠤᠨ ᠮᠡᠳᠡᠵᠤ ᠴᠢᠳᠠᠬᠤ ᠪᠠᠨ ᠪᠦᠬᠦᠳᠡ ᠶᠢ ᠨᠢ ᠵᠢᠭᠠᠪᠠ᠃ ᠬᠦᠦ ᠴᠦ | ᠡᠨᠡ ᠲᠠᠯ᠎ᠠ ᠪᠠᠷ ᠠᠪᠢᠶᠠᠰ ᠲᠠᠢ᠂ ᠤᠳᠤ ᠰᠤᠷᠤᠭᠠᠳ ᠬᠠᠭᠠᠰ ᠵᠢᠯ ᠪᠤᠯᠬᠤ ᠳᠤ ᠭᠠᠩᠨᠠᠯᠭᠠ ᠦᠲᠦᠯᠭᠡ ᠶᠢᠨ | ᠮᠡᠷᠭᠡᠵᠢᠯ ᠤᠨ ᠲᠠᠯ᠎ᠠ ᠪᠠᠷ ᠨᠡᠯᠢᠶᠡᠳ ᠴᠠᠭᠠᠷᠠᠭᠰᠠᠨ ᠪᠠᠶᠢᠨ᠎ᠠ︾ ᠭᠡᠪᠡ᠃ | ᠡᠨ᠋ᠨ ᠵᠢᠯ ᠬᠤᠷᠢᠨ ᠨᠢᠬᠡᠨ ᠨᠠᠰᠣᠳᠠᠢ ᠠᠶᠡᠰ ᠬᠡᠳᠣᠶᠢᠪᠡᠷ ᠬᠤᠳᠠ ᠳᠤ ᠠᠵᠢᠯ ᠲᠠᠢ ᠠᠪᠤ ᠡᠵᠢ ᠲᠠᠢ ᠪᠠᠨ | ᠴᠤᠭ ᠦᠰᠣᠭ᠍ᠰᠠᠨ ᠴᠣ᠋ ᠬᠠᠷᠠᠬᠠᠨ ᠪᠠᠭ᠎ᠠ ᠠᠴᠠ ᠴᠢᠯᠣᠭᠡ ᠵᠠᠪ ᠭᠠᠷᠣᠭᠰᠠᠭᠠᠷ ᠯᠡ ᠡᠪᠦᠭᠡ ᠠᠪᠤ᠂ ᠡᠮᠡᠭᠡ ᠡᠵᠢ ᠶᠢᠨ | ᠢᠶᠠᠨ ᠬᠠᠵᠠᠭᠤ ᠳᠤ ᠬᠦᠷᠴᠣ ᠬᠤᠨᠢ ᠮᠠᠯ ᠮᠠᠯᠵᠢᠬᠤ᠂ ᠤᠰᠣ ᠲᠦᠯᠡᠭᠡ ᠶᠢ ᠨᠢ ᠤᠶᠢᠷᠠᠲᠤᠭᠤᠯᠬᠤ ᠵᠡᠷᠭᠡ ᠭᠡᠷ ᠤᠨ | ᠠᠵᠢᠯ ᠳᠤ ᠳᠣᠰᠠ ᠳᠠᠮ ᠪᠤᠯᠵᠣ ᠬᠦᠳᠡᠭᠡ ᠶᠢᠨ ᠠᠮᠢᠳᠤᠷᠠᠯ ᠳᠤ ᠴᠠᠭᠠᠷᠠᠨ ᠡᠨ᠋ᠨ ᠵᠢᠯ ᠦᠨᠳᠣᠷ ᠳᠣᠮᠳᠠᠳᠣ ᠢᠶᠠᠨ | ᠳᠡᠭᠦᠰᠭᠡᠮᠡᠭᠴᠡ ᠬᠦᠳᠡᠭᠡ ᠨᠣᠳᠤᠭ ᠲᠤ ᠪᠠᠨ ᠬᠠᠷᠢᠵᠣ ᠡᠪᠦᠭᠡ ᠶᠢᠨ ᠢᠶᠠᠨ ᠣᠯᠠᠮᠵᠢᠯᠠᠯᠳᠣ ᠳᠡᠮᠣᠷ ᠤᠨ ᠳᠠᠷᠬᠠᠨ ᠤᠨ | ᠡᠷᠳᠡᠮ ᠪᠣᠯᠣᠨ ᠮᠠᠯᠵᠢᠬᠤ ᠠᠮᠢᠳᠣᠷᠠᠯ ᠢ ᠵᠠᠯᠭᠠᠮᠵᠢᠯᠠᠨ ᠰᠠᠬᠢᠯᠠ᠃ | ︽ᠠᠮᠢᠳᠤᠷᠠᠯ ᠠᠴᠠ ᠤᠯᠠᠨ ᠶᠠᠭᠤᠮ᠎ᠠ ᠤᠯᠵᠤ ᠰᠤᠷᠳᠠᠭ᠃ ᠲᠡᠭᠡᠭᠦ ᠪᠠᠷ ᠠᠪᠤ ᠡᠵᠢ ᠪᠤᠯ ᠬᠠᠮᠤᠭ ᠤᠨ ᠰᠠᠶᠢᠨ | ᠪᠠᠭᠰᠢ᠂ ᠰᠠᠶᠢᠨ ᠰᠤᠷᠭᠠᠭᠤᠯᠢ ᠭᠡᠵᠦ ᠪᠤᠳᠤᠳᠠᠭ᠃ ᠪᠠᠰᠠ ᠨᠢᠭᠡ ᠨᠢ ᠡᠪᠦᠭᠡ ᠡᠮᠡᠭᠡ ᠶᠢᠨ ᠨᠠᠰᠤ ᠠᠭᠰᠢᠷᠠᠬᠤ ᠶᠢ | ᠳᠠᠭᠠᠯᠳᠤᠨ ᠪᠡᠶ᠎ᠡ ᠨᠢ ᠴᠤ ᠪᠠᠷᠤᠭᠳᠠᠢ ᠪᠤᠯᠵᠤ᠂ ᠮᠢᠨᠤ ᠠᠪᠡᠢ ᠮᠦᠮᠦ ᠪᠠᠰᠠ ᠠᠵᠢᠯ ᠠᠯᠪᠠ ᠲᠠᠢ ᠶᠠᠭᠠᠷᠠᠤ ᠪᠠᠶᠢᠳᠠᠭ | ᠠᠴᠠ ᠪᠢ ᠡᠪᠦᠭᠡ ᠡᠮᠡᠭᠡ ᠪᠠᠨ ᠠᠰᠠᠷᠠᠨ ᠬᠠᠷᠠᠭᠠᠯᠵᠠᠵᠤ ᠲᠤᠰᠠ ᠳᠠᠮ ᠪᠤᠯᠵᠤ ᠶᠠᠪᠤᠶ᠎ᠠ ᠭᠡᠳ ᠨᠤᠲᠤᠭ ᠲᠠᠭᠠᠨ | ᠢᠷᠡᠵᠤ ᠮᠠᠯᠴᠢᠨ ᠠᠮᠢᠳᠤᠷᠠᠯ ᠦᠢᠯᠡᠰ ᠢᠶᠠᠨ ᠡᠷᠬᠢᠯᠡᠵᠤ ᠶᠠᠪᠤᠭ᠎ᠠ ᠨᠢ ᠡᠨᠡ ᠪᠢᠯᠡ︾ ᠭᠡᠵᠤ ᠠᠶᠠᠰ ᠶᠠᠷᠢᠵᠤ ᠪᠠᠶᠢᠯ᠎ᠠ᠃ | |