ᠪᠥᠬᠦ ᠬᠤᠰᠢᠭᠤᠨ ᠤ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠠᠵᠢᠯ ᠤᠨ ᠲᠤᠬᠠᠢ ᠶᠢᠨ ᠲᠠᠯᠠᠪᠠᠢ ᠶᠢᠨ ᠲᠤᠭᠤᠷᠢᠨ ᠥᠵᠡᠭᠦᠯᠥᠯᠭᠡ ᠶᠢᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2018-10-19
     ᠤᠢᠢᠷ᠎ᠠ ᠶᠢᠨ ᠡᠳᠥᠷ᠂ ᠪᠥᠬᠦ ᠬᠤᠰᠢᠭᠤᠨ ᠤ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠠᠵᠢᠯ ᠤᠨ ᠲᠤᠬᠠᠢ ᠶᠢᠨ ᠲᠠᠯᠠᠪᠠᠢ ᠶᠢᠨ ᠲᠤᠭᠤᠷᠢᠨ ᠥᠵᠡᠭᠦᠯᠥᠯᠭᠡ ᠶᠢᠨ ᠬᠤᠷᠠᠯ ᠬᠤᠷᠠᠯᠳᠤᠵᠤ᠂ ᠬᠤᠰᠢᠭᠤ ᠨᠠᠮ ᠵᠠᠰᠠᠭ ᠤᠨ ᠤᠳᠤᠷᠢᠳᠬᠤ ᠪᠠᠭ ᠤᠨ ᠤᠳᠤᠷᠢᠳᠤᠯᠭ᠎ᠠ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶ᠎ᠠ᠂ ᠤᠯᠤᠰ ᠲᠥᠷᠥ ᠶᠢᠨ ᠵᠥᠪᠯᠡᠯᠭᠡᠨ ᠤ ᠭᠤᠤᠯ ᠤᠳᠤᠷᠢᠳᠤᠯᠭ᠎ᠠ᠂ ᠬᠤᠪᠢᠶᠠᠷᠢ ᠤᠳᠤᠷᠢᠳᠤᠯᠭ᠎ᠠ᠂ ᠡᠯ᠎ᠡ ᠬᠤᠯᠪᠤᠭᠳᠠᠯ ᠪᠥᠬᠦᠢ ᠪᠠᠶᠢᠭᠤᠯᠭ᠎ᠠ ᠨᠢᠭᠡᠴᠢ᠂ ᠡᠯ᠎ᠡ ᠰᠤᠮᠤ ᠪᠠᠯᠭᠠᠰᠤ ᠵᠢᠴᠢ 61 ᠭᠠᠴᠠᠭ᠎ᠠ ᠲᠤᠰᠬᠤᠨ ᠤ ᠬᠠᠷᠢᠭᠤᠴᠠᠯᠭᠠᠲᠠᠳ ᠪᠥᠬᠦ ᠬᠤᠰᠢᠭᠤᠨ ᠤ ᠮᠠᠯ ᠲᠠᠷᠢᠶᠠᠯᠠᠩ ᠤᠨ ᠬᠥᠭᠵᠢᠯᠲᠡ ᠶᠢᠨ ᠲᠠᠭᠤᠷᠢᠶᠠᠯ ᠠᠵᠤ ᠠᠬᠤᠢᠢᠯᠠᠯ᠂ ᠬᠤᠷᠰᠢᠶᠠᠵᠢᠯ ᠵᠢᠴᠢ ᠲᠠᠷᠢᠵᠤ ᠲᠡᠵᠢᠭᠡᠬᠦ ᠥᠢᠯᠡᠰ ᠤᠨ ᠵᠢᠱᠢᠶ᠎ᠡ ᠥᠵᠡᠭᠦᠯᠬᠦ ᠡᠷᠥᠬᠡ ᠶᠢᠨ ᠬᠥᠭᠵᠢᠯᠲᠡ ᠶᠢᠨ ᠪᠠᠶᠢᠳᠠᠯ ᠢ ᠲᠤᠬᠠᠢ ᠶᠢᠨ ᠭᠠᠵᠠᠷ ᠲᠤᠨᠢ ᠲᠤᠭᠤᠷᠢᠨ ᠥᠵᠡᠨ ᠲᠤᠷᠰᠢᠯᠭ᠎ᠠ ᠰᠤᠯᠢᠯᠴᠠᠭᠰᠠᠨ ᠪᠠ ᠪᠥᠬᠦ ᠬᠤᠰᠢᠭᠤᠨ ᠤ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠭᠥᠭᠵᠢᠯᠲᠡ ᠶᠢᠨ ᠪᠠᠶᠢᠳᠠᠯ ᠢ ᠪᠠᠶᠢᠴᠠᠭᠠᠨ ᠰᠤᠳᠤᠯᠤᠨ ᠵᠢᠭᠠᠨ ᠵᠢᠯᠤᠭᠤᠳᠴᠤ ᠬᠠᠮᠲᠤ ᠳᠤᠨᠢ ᠶᠠᠳᠠᠭᠤ ᠠᠴᠠ ᠠᠩᠬᠢᠵᠢᠷᠠᠭᠤᠯᠤᠨ ᠪᠤᠭᠤᠮᠲᠠ ᠰᠢᠪᠳᠤᠯᠬᠤ᠂ ᠰᠤᠶᠤᠯ ᠵᠢᠭᠤᠯᠴᠢᠯᠠᠯ ᠤᠨ ᠠᠭᠤᠰᠤᠯᠴᠠᠯ ᠤᠨ ᠥᠭᠡᠷᠡᠴᠢᠯᠡᠯᠲᠡ᠂ ᠥᠨᠳᠥᠰᠥᠨ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠶᠢᠨ ᠪᠥᠲᠥᠭᠡᠨ ᠪᠠᠶᠢᠭᠤᠯᠤᠯᠲᠠ᠂ ᠨᠠᠮ ᠤᠨ ᠰᠤᠷᠲᠠᠯ ᠴᠢᠭᠡᠴᠢ ᠵᠠᠰᠠᠭ ᠤᠨ ᠪᠥᠲᠥᠭᠡᠨ ᠪᠠᠶᠢᠭᠤᠯᠤᠯᠲᠠ ᠂ ᠬᠠᠮᠲᠤ ᠶᠢᠨ ᠠᠵᠤ ᠠᠬᠤᠢ ᠶᠢᠨ ᠬᠥᠭᠵᠢᠯᠲᠡ᠂ ᠬᠥᠳᠡᠭᠡ ᠲᠤᠰᠬᠤᠨ ᠤ ᠤᠷᠴᠢᠨ ᠲᠤᠭᠤᠷᠢᠨ ᠤ ᠵᠠᠰᠠᠨ ᠴᠡᠭᠴᠡᠯᠡᠯᠲᠡ᠂ ᠪᠥᠬᠦ ᠤᠯᠤᠰ ᠤᠨ ᠰᠢᠶᠡᠨ ᠤ ᠲᠡᠰ ᠤᠨ ᠪᠤᠯᠪᠠᠰᠤᠨ ᠬᠤᠲᠠ ᠶᠢ ᠡᠭᠦᠳᠥᠨ ᠪᠠᠶᠢᠭᠤᠯᠬᠤ ᠵᠡᠷᠭᠡ ᠠᠵᠢᠯ ᠳᠤ ᠥᠨᠡᠯᠡᠯᠲᠡ ᠬᠢᠭᠰᠡᠨ ᠪᠠ ᠵᠢᠭᠠᠨ ᠵᠢᠯᠤᠭᠤᠳᠤᠪᠠ᠃
           ᠲᠤᠭᠤᠷᠢᠨ ᠥᠵᠡᠬᠦ ᠲᠤᠭᠤᠢᠢᠯᠠᠩ ᠤᠷᠢᠳ ᠬᠤᠵᠢᠳ ᠪᠠᠶᠠᠨᠭᠤᠤᠯ ᠭᠠᠴᠠᠭ᠎ᠠ᠂ ᠬᠤᠵᠢᠷᠲᠤ ᠲᠤᠰᠬᠤᠨ ᠤ ᠢᠳᠡᠰᠢᠨ ᠨᠤᠭᠤᠭᠠᠨ ᠤ ᠬᠥᠮᠥᠷᠭᠡ ᠶᠢᠨ ᠰᠠᠭᠤᠷᠢᠨ᠂ ᠥᠥᠰᠢᠨᠵᠤᠤ ᠭᠠᠴᠠᠭ᠎ᠠ ᠶᠢᠨ ᠬᠤᠯᠢᠰᠢᠨ ᠢᠳᠡᠭᠡᠨ ᠪᠤᠯᠪᠠᠰᠤᠷᠠᠭᠤᠯᠬᠤ ᠥᠢᠯᠡᠳᠪᠥᠷᠢ᠂ ᠰᠠᠷᠠᠭᠤᠯᠨᠤᠳᠤᠭ ᠭᠠᠴᠠᠭ᠎ᠠ ᠶᠢᠨ ᠤᠯᠠᠮᠵᠢᠯᠠᠯᠲᠤ ᠴᠠᠭᠠᠨ ᠢᠳᠡᠭᠡᠨ ᠤ ᠵᠦᠢᠯ ᠤᠨ ᠤᠶᠤᠨᠲᠤ ᠥᠢᠯᠡᠳᠭᠡᠯ ᠤᠨ ᠭᠠᠵᠠᠷ᠂ ᠲᠤᠭᠤᠷᠢᠮ ᠭᠠᠴᠠᠭ᠎ᠠ᠂ ᠸᠠᠩ ᠶᠤᠤ ᠸᠠᠨ ᠲᠤᠰᠬᠤᠨ ᠤ ᠠᠵᠤ ᠥᠢᠯᠡᠰ ᠤᠨ ᠬᠤᠯᠪᠤᠭᠠᠲᠤ ᠴᠤᠭᠴᠠ ᠵᠡᠷᠭᠡ ᠭᠠᠵᠠᠷ ᠲᠤ ᠤᠴᠢᠵᠤ᠂ ᠥᠥᠰᠢᠨ ᠬᠤᠰᠢᠭᠤᠨ ᠤ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢᠨ ᠬᠡᠷᠡᠭᠵᠢᠭᠦᠯᠥᠯᠲᠡ ᠶᠢᠨ ᠪᠠᠶᠢᠳᠠᠯ ᠢ ᠲᠥᠪᠯᠡᠷᠡᠭᠦᠯᠥᠨ ᠰᠢᠯᠭᠠᠨ ᠥᠵᠡᠵᠥ᠂ ᠲᠤᠭᠤᠷᠢᠨ ᠥᠵᠡᠬᠦ ᠲᠤᠮᠲᠠ ᠲᠤᠷᠰᠢᠯᠭ᠎ᠠ ᠪᠠᠨ ᠬᠤᠪᠢᠶᠠᠯᠴᠠᠨ ᠲᠤᠯᠢᠳᠠᠵᠤ᠂ ᠰᠤᠷᠤᠯᠴᠠᠨ ᠬᠠᠷᠢᠴᠠᠭᠤᠯᠬᠤ ᠶᠢᠨ ᠬᠠᠮᠲᠤ ᠬᠠᠷᠢᠯᠴᠠᠨ ᠲᠠᠷᠤᠯᠲᠠ ᠨᠡᠮᠡᠭᠳᠡᠭᠦᠯᠥᠨ ᠡᠷᠡᠯᠭᠡᠭᠯᠡᠨ ᠤᠷᠤᠭᠰᠢᠯᠠᠵᠤ᠂ ᠬᠥᠭᠵᠢᠯᠲᠡ ᠶᠢᠨ ᠵᠠᠮ ᠢ ᠰᠥᠪᠡᠭᠴᠢᠯᠡᠨ ᠪᠤᠭᠤᠮᠲᠠ ᠰᠢᠪᠳᠤᠯᠬᠤ ᠡᠷᠡᠰ ᠵᠤᠷᠢᠭ ᠢᠳᠡᠭᠡᠯ ᠬᠥᠰᠡᠯ ᠢᠶᠠᠨ ᠤᠯᠠᠮ ᠨᠢᠭᠡ ᠠᠯᠬᠤᠮ ᠪᠠᠲᠤᠳᠬᠠᠭᠰᠠᠨ ᠪᠠᠶᠢᠨ᠎ᠡ᠃
           ᠲᠤᠭᠤᠷᠢᠨ ᠥᠵᠡᠭᠦᠯᠥᠯᠭᠡ ᠲᠤᠮᠲᠠ᠂ ᠬᠤᠰᠢᠭᠤ ᠨᠠᠮ ᠤᠨ ᠬᠤᠷᠢᠶ᠎ᠠ ᠶᠢᠨ ᠱᠥᠵᠢ ᠡᠷᠳᠡᠨᠢᠪᠢᠯᠢᠭ ᠵᠢᠭᠠᠬᠤ ᠳᠤ ᠪᠠᠨ᠂ ᠥᠵᠡᠯ ᠤᠬᠠᠮᠰᠠᠷ ᠲᠠᠨᠢᠯᠲᠠ ᠶᠢᠨ ᠬᠢᠷᠢ ᠲᠥᠪᠰᠢᠨ ᠢᠶᠠᠨ ᠥᠨᠡᠨᠬᠦ ᠲᠡᠭᠡᠭᠰᠢᠯᠡᠭᠦᠯᠤᠨ᠂ ᠲᠤᠰ ᠤᠳᠠᠭᠠᠨ ᠤ ᠲᠤᠭᠤᠷᠢᠨ ᠥᠵᠡᠭᠦᠯᠥᠯᠭᠡ ᠰᠤᠷᠤᠯᠴᠠᠯᠭ᠎ᠠ ᠪᠠᠷ ᠲᠠᠮᠵᠢᠨ᠂ ᠠᠵᠢᠯ ᠤᠨ ᠬᠠᠷᠠᠭ᠎ᠠ ᠪᠠᠨ ᠥᠷᠭᠡᠳᠭᠡᠵᠤ᠂ ᠠᠵᠢᠯ ᠤᠨ ᠰᠡᠳᠬᠢᠮᠵᠢ ᠪᠠ ᠤᠬᠠᠮᠰᠠᠷ ᠢᠶᠠᠨ ᠥᠭᠡᠷᠡᠴᠢᠯᠡᠵᠥ᠂ ᠡᠯ᠎ᠡ ᠲᠥᠷᠥᠯ ᠤᠨ ᠭᠤᠤᠯᠳᠠᠯᠭᠠᠲᠤ ᠠᠵᠢᠯ ᠢ ᠴᠢᠨᠠᠷ ᠰᠠᠶᠢᠲᠠᠢ ᠨᠠᠶᠢᠳᠠᠪᠤᠷᠢᠵᠢᠭᠤᠯᠬᠤ ᠶᠢ ᠲᠥᠯᠬᠢᠨ ᠠᠬᠢᠭᠤᠯᠬᠤ ᠬᠡᠷᠡᠭᠲᠡᠢ︔ ᠰᠤᠷᠤᠭᠰᠠᠨ ᠢᠶᠠᠨ ᠰᠠᠶᠢᠲᠤᠷ ᠬᠡᠷᠡᠭᠯᠡᠵᠤ᠂ ︽ᠶᠠᠭᠤ ᠰᠤᠷᠤᠭᠰᠠᠨ᠂ ᠶᠠᠭᠠᠬᠢᠵᠤ ᠰᠤᠷᠤᠭᠰᠠᠨ᠂ ᠶᠠᠭᠤᠨ ᠳᠤ ᠬᠡᠷᠡᠭᠯᠡᠭᠰᠡᠨ︾ ᠭᠡᠬᠦ ᠠᠰᠠᠭᠤᠯᠲᠠ ᠶᠢ ᠰᠠᠶᠢᠲᠤᠷ ᠰᠢᠢᠳᠪᠥᠷᠢᠯᠡᠵᠥ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠶᠢᠨ ᠪᠤᠲᠠᠲᠠᠢ ᠱᠠᠭᠠᠷᠳᠠᠯᠭ᠎ᠠ ᠪᠠ ᠭᠤᠤᠯ ᠡᠭᠦᠷᠭᠡ ᠶᠢ ᠭᠤᠤᠯᠳᠠᠯᠭᠠᠲᠠᠢ ᠠᠳᠬᠤᠵᠤ᠂ ᠰᠤᠷᠤᠯᠴᠠᠭᠰᠠᠨ ᠵᠦᠢᠯ ᠢᠶᠠᠨ ᠪᠤᠲᠠᠲᠤ ᠠᠵᠢᠯ ᠤᠨ ᠲᠤᠮᠲᠠ ᠪᠠᠨ ᠥᠨᠡᠨᠬᠦ ᠨᠠᠶᠢᠲᠠᠪᠤᠷᠢᠵᠢᠭᠤᠯᠵᠤ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠥᠨᠵᠡᠭᠡᠢ ᠬᠡᠷᠡᠭᠵᠢᠬᠦᠯᠬᠦ ᠳᠤ ᠰᠠᠶᠢᠨ ᠡᠬᠢᠯᠡᠯᠲᠡ ᠲᠠᠢ ᠪᠤᠯᠭᠠᠵᠤ᠂ ᠰᠠᠭᠤᠷᠢ ᠶᠢ ᠨᠢ ᠰᠠᠶᠢᠲᠤᠷ ᠲᠠᠯᠪᠢᠬᠤ ᠬᠡᠷᠡᠭᠲᠡᠢ︔ ᠠᠰᠠᠭᠤᠳᠠᠯ ᠤᠨ ᠵᠢᠯᠤᠭᠤᠳᠤᠮᠵᠢ ᠶᠢ ᠪᠠᠲᠤ ᠪᠠᠬᠢ ᠱᠤᠭᠤᠵᠤ᠂ ᠠᠰᠠᠭᠤᠳᠠᠯ ᠪᠠ ᠬᠥᠷᠥᠯᠴᠡᠬᠦ ᠥᠬᠡᠢ ᠲᠠᠯ᠎ᠠ ᠪᠠᠨ ᠭᠥᠨᠵᠡᠭᠡᠢ ᠡᠷᠢᠨ᠂ ᠬᠥᠭᠵᠢᠯᠲᠡ ᠶᠢᠨ ᠲᠤᠮᠲᠠ ᠤᠷᠤᠰᠢᠵᠤ ᠪᠠᠶᠢᠭ᠎ᠠ ᠠᠰᠠᠭᠤᠳᠠᠯ ᠢ ᠥᠨᠡᠨᠬᠦ ᠰᠠᠶᠢᠲᠤᠷ ᠰᠢᠢᠳᠪᠥᠷᠢᠯᠡᠵᠥ᠂ ᠲᠤᠰ ᠭᠠᠵᠠᠷ ᠤᠷᠤᠨ᠂ ᠲᠤᠰ ᠰᠠᠯᠠᠭ᠎ᠠ ᠮᠥᠴᠢᠷ ᠤᠨ ᠪᠤᠲᠠᠲᠠᠢ ᠳᠤ ᠰᠠᠭᠤᠷᠢᠯᠠᠵᠥ᠂ ᠠᠰᠠᠭᠤᠳᠠᠯ ᠳᠤ ᠴᠢᠭᠯᠡᠭᠦᠯᠥᠨ ᠠᠷᠭ᠎ᠠ ᠬᠡᠮᠵᠢᠶ᠎ᠡ ᠠᠪᠴᠤ᠂ ᠵᠠᠰᠠᠨ ᠴᠡᠭᠴᠡᠯᠡᠯᠲᠡ ᠶᠢ ᠰᠠᠶᠢᠲᠤᠷ ᠠᠳᠬᠤᠵᠤ᠂ ᠠᠵᠢᠯ ᠤᠨ ᠴᠢᠨᠠᠷ ᠴᠢᠨᠰᠠᠭ᠎ᠠ ᠪᠠᠨ ᠲᠡᠭᠡᠭᠰᠢᠯᠡᠬᠦᠯᠬᠦ ᠬᠡᠷᠡᠭᠲᠡᠢ︔ ᠡᠭᠦᠷᠭᠡ ᠬᠠᠷᠢᠭᠤᠴᠠᠯᠭ᠎ᠠ ᠡᠭᠦᠷᠭᠡᠯᠡᠨ ᠢᠳᠡᠪᠬᠢᠲᠡᠢ ᠠᠵᠢᠯᠯᠠᠵᠥ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠭᠥᠨᠵᠡᠭᠡᠢ ᠬᠡᠷᠡᠭᠵᠢᠭᠦᠯᠬᠦ ᠬᠡᠷᠡᠭᠲᠡᠢ ᠭᠡᠪᠡ᠃ ᠡᠷᠳᠡᠨᠢᠪᠢᠯᠢᠭ ᠴᠢᠬᠤᠯᠠᠴᠢᠯᠠᠬᠤ ᠳᠤ ᠪᠠᠨ᠂ ᠥᠥᠰᠢᠨ ᠬᠤᠰᠢᠭᠤᠨ ᠤ ︽ᠨᠤᠮᠢᠨ ᠲᠠᠩᠰᠤᠭ ᠬᠥᠭᠵᠢᠨ ᠮᠠᠨᠳᠤᠯᠲᠠ︾ ᠶᠢ ᠲᠥᠯᠬᠢᠨ ᠠᠬᠢᠭᠤᠯᠬᠤ ᠳᠤ ︽ᠡᠷᠴᠢᠮᠲᠡᠢ ᠬᠢᠬᠦ︾ ᠨᠢ ᠵᠠᠩᠬᠢᠯᠠᠭ᠎ᠠ᠂ ᠡᠯ᠎ᠡ ᠭᠠᠵᠠᠷ ᠤᠷᠤᠨ ᠡᠯ᠎ᠡ ᠰᠠᠯᠠᠭ᠎ᠠ ᠮᠥᠴᠢᠷ ᠬᠥᠴᠥ ᠰᠡᠳᠬᠢᠯ ᠢᠶᠠᠨ ᠲᠥᠪᠯᠡᠷᠡᠭᠦᠯᠥᠨ᠂ ᠰᠠᠶᠢᠲᠤᠷ ᠠᠵᠢᠯᠯᠠᠵᠤ᠂ ᠥᠭᠡᠷᠡᠴᠢᠯᠡᠯᠲᠡ᠂ ᠬᠥᠭᠵᠢᠯᠲᠡ᠂ ᠠᠷᠠᠳ ᠤᠨ ᠠᠮᠢᠳᠤᠷᠠᠯ ᠤᠨ ᠡᠯ᠎ᠡ ᠲᠥᠷᠥᠯ ᠤᠨ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠬᠦ ᠬᠡᠷᠡᠭᠲᠡᠢ ᠭᠡᠪᠡ᠃
           ᠤᠯᠠᠭᠠᠨᠲᠤᠯᠤᠭᠠᠢ ᠪᠠᠯᠭᠠᠰᠤᠨ ᠤ ᠪᠠᠶᠠᠨᠭᠤᠤᠯ ᠭᠠᠴᠠᠭ᠎ᠠ ᠪᠤᠯᠤᠨ ᠬᠠᠵᠠᠭᠤ ᠬᠠᠪᠢ ᠶᠢᠨ ᠭᠠᠴᠠᠭ᠎ᠠ ᠲᠤᠰᠬᠤᠨ ᠨᠢ ᠪᠥᠬᠦ ᠤᠷᠤᠨ ᠪᠥᠰᠡ ᠶᠢᠨ ᠵᠢᠭᠤᠯᠴᠢᠯᠠᠯ ᠤᠨ ︽ᠲᠤᠮᠤ ᠥᠵᠡᠮᠵᠢ ᠶᠢᠨ ᠤᠷᠤᠨ︾ ᠤ ᠬᠥᠭᠵᠢᠯᠲᠡ ᠶᠢᠨ ᠮᠠᠶ᠋ᠢᠭ ᠢ ᠬᠤᠯᠪᠤᠭᠠᠯᠠᠨ ᠠᠬᠢᠭᠤᠯᠵᠤ᠂ ︽ᠰᠤᠶᠤᠯ ᠵᠢᠭᠤᠯᠴᠢᠯᠠᠯ +︾ ᠠᠵᠤ ᠥᠢᠯᠡᠰ ᠢ ᠠᠭᠤᠰᠤᠯᠴᠠᠭᠤᠯᠤᠨ ᠬᠦᠭᠵᠢᠬᠦᠯᠬᠦ ᠰᠢᠨ᠎ᠠ ᠥᠢᠯᠡᠰ ᠤᠨ ᠬᠠᠨᠳᠤᠰᠢ ᠶᠢ ᠢᠳᠡᠪᠬᠢᠲᠡᠢ ᠰᠥᠪᠡᠭᠴᠢᠯᠡᠵᠥ᠂ ᠤᠨᠴᠠᠯᠢᠭᠲᠤ ᠰᠤᠶᠤᠯ ᠤᠨ ᠡᠷᠥᠬᠡ᠂ ᠵᠢᠭᠤᠯᠴᠢᠯᠠᠭᠰᠠᠳ ᠢ ᠬᠥᠯᠢᠶᠡᠨ ᠵᠤᠴᠢᠯᠠᠬᠤ ᠡᠷᠥᠬᠡ᠂ ᠤᠯᠠᠮᠵᠢᠯᠠᠯᠲᠤ ᠭᠠᠷ ᠥᠢᠯᠡᠳᠪᠥᠷᠢᠯᠡᠯ ᠤᠨ ᠡᠷᠥᠬᠡ ᠪᠠᠷ ᠭᠤᠤᠯ ᠠᠭᠤᠯᠭ᠎ᠠ ᠪᠠᠨ ᠪᠤᠯᠭᠠᠭᠰᠠᠨ ︽ᠭᠤᠷᠪᠠᠨ ᠡᠷᠥᠬᠡ ᠶᠢᠨ ᠢᠨᠵᠧᠨᠧᠷᠢᠩ︾ ᠢ ᠭᠤᠤᠯᠳᠠᠯᠭᠠᠲᠠᠢ ᠪᠠᠷ ᠬᠥᠭᠵᠢᠭᠦᠯᠵᠥ᠂ ᠵᠢᠭᠤᠯᠴᠢᠯᠠᠭᠰᠠᠳ ᠲᠤ ︽ᠭᠠᠵᠠᠷ ᠤᠷᠤᠨ ᠤ ᠤᠨᠴᠠᠯᠢᠭ ᠲᠠᠢ᠂ ᠬᠠᠮᠤᠭ ᠤᠨ ᠤᠤᠭᠠᠯ ᠰᠢᠨᠵᠢ ᠲᠠᠢ︾ ᠤᠯᠠᠮᠵᠢᠯᠠᠯᠲᠤ ᠢᠳᠡᠭᠡᠨ ᠤᠮᠳᠠᠭᠠᠨ ᠢ ᠬᠠᠨᠭ᠍ᠭᠠᠵᠤ᠂ ᠬᠠᠯᠠᠭᠤᠮᠰᠤᠭ ᠵᠤᠴᠢᠨᠰᠠᠭ᠂ ᠲᠠᠭᠤᠯᠠᠵᠤ ᠪᠥᠵᠢᠭᠯᠡᠬᠦ ᠳᠡᠭᠡᠨ ᠤᠷ᠎ᠠ ᠠᠪᠢᠶᠠᠰ ᠲᠠᠢ ᠮᠤᠩᠭᠤᠯ ᠥᠨᠳᠥᠰᠥᠲᠡᠨ ᠤ ᠵᠠᠩ ᠥᠢᠯᠡ ᠪᠠᠨ ᠪᠠᠳᠠᠷᠠᠭᠤᠯᠤᠭᠰᠠᠨ ᠪᠠᠶᠢᠨ᠎ᠠ᠃ ᠭᠠᠴᠠᠭᠠᠨ ᠤ ᠡᠯ᠎ᠡ ᠲᠥᠷᠥᠯ ᠤᠨ ᠠᠵᠢᠯ ᠥᠢᠯᠡᠰ ᠨᠢ ᠬᠠᠮᠲᠤ ᠶᠢᠨ ᠴᠢᠷᠮᠠᠶᠢᠯᠭ᠎ᠠ᠂ ᠭᠠᠴᠠᠭ᠎ᠠ ᠲᠤᠰᠬᠤᠨ ᠳᠤ ᠰᠠᠭᠤᠭ᠎ᠠ ᠠᠵᠢᠯ ᠤᠨ ᠲᠤᠭᠤᠢᠢᠯᠠᠩ ᠤᠨ ᠬᠠᠪᠰᠤᠷᠤᠯᠭ᠎ᠠ ᠲᠤᠤᠷ᠎ᠠ ᠴᠡᠴᠡᠭᠯᠡᠨ ᠬᠥᠭᠵᠢᠵᠤ᠂ ᠬᠥᠴᠥ ᠴᠢᠳᠠᠯ ᠢᠶᠠᠨ ᠨᠥᠬᠡᠴᠡᠯᠡᠵᠥ ᠪᠠᠶᠢᠨ᠎ᠠ᠃      ᠡᠷᠳᠡᠨᠢᠪᠢᠯᠢᠭ ᠴᠢᠬᠤᠯᠠᠴᠢᠯᠠᠬᠤ ᠳᠤ ᠪᠠᠨ᠂ ︽ᠰᠡᠳᠬᠢᠮᠵᠢ ᠨᠢ ᠭᠠᠷᠬᠤ ᠵᠠᠮ ᠢ ᠲᠤᠭᠲᠠᠭᠠᠲᠠᠭ︾᠃ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠡᠷᠡᠭᠵᠢᠭᠦᠯᠬᠦ ᠶᠢ ᠲᠥᠯᠬᠢᠨ ᠠᠬᠢᠭᠤᠯᠬᠤ ᠳᠤ ᠡᠷᠬᠡᠪᠰᠢ ᠠᠯᠤᠰ ᠬᠡᠲᠥ ᠶᠢᠨ ᠰᠡᠳᠬᠢᠮᠵᠢ ᠲᠠᠢ ᠪᠠᠶᠢᠵᠤ᠂ ᠥᠵᠥᠭᠦᠷ ᠲᠥᠯᠥᠪᠯᠡᠭᠡ ᠪᠠ ᠰᠢᠨᠵᠢᠯᠡᠬᠦ ᠤᠬᠠᠭᠠᠴᠢ ᠪᠠᠷ ᠲᠥᠯᠥᠪᠯᠡᠬᠦ ᠶᠢ ᠴᠢᠩᠭᠠᠳᠬᠠᠵᠤ᠂ ᠪᠤᠲᠠᠲᠠᠢ ᠳᠤ ᠨᠡᠶᠢᠴᠡᠭᠰᠡᠨ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠲᠥᠯᠥᠪᠯᠡᠭᠡ ᠵᠤᠬᠢᠶᠠᠵᠤ᠂ ᠲᠤᠭᠲᠠᠭᠰᠠᠨ ᠴᠠᠭ ᠬᠤᠭᠤᠴᠠᠭᠠᠨ ᠤ ᠲᠤᠲᠤᠷ᠎ᠠ ᠥᠨᠳᠥᠷ ᠪᠥᠲᠥᠮᠵᠢᠲᠡᠢ ᠡᠮᠬᠢ ᠵᠢᠷᠤᠮᠲᠠᠢ ᠵᠢᠷᠤᠮᠯᠠᠬᠤ ᠶᠢ ᠪᠠᠲᠤᠯᠠᠬᠤ ᠬᠡᠷᠡᠭᠲᠡᠢ︔ ᠡᠯ᠎ᠡ ᠭᠠᠵᠠᠷ ᠤᠷᠤᠨ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠵᠡᠷᠭᠡ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠢ ᠲᠥᠯᠥᠪᠯᠡᠬᠦ ᠳᠡᠭᠡᠨ ᠵᠠᠪᠠᠯ ᠲᠤᠰ ᠭᠠᠵᠠᠷ ᠤᠷᠤᠨ ᠤ ᠪᠤᠲᠠᠲᠠᠢ ᠲᠠᠢ ᠤᠶᠠᠯᠳᠤᠭᠤᠯᠵᠤ᠂ ᠥᠪᠡᠷ ᠤᠨ ᠢᠶᠠᠨ ᠲᠠᠪᠠᠭᠤᠯᠢᠭ ᠪᠠ ᠲᠤᠲᠠᠭᠲᠠᠯ ᠢᠶᠠᠨ ᠭᠥᠢᠴᠡᠳ ᠤᠢᠢᠯᠠᠭᠠᠨ ᠬᠤᠪᠢᠨ ᠤ ᠪᠠᠨ ᠬᠢᠯᠠᠰ ᠴᠡᠭ ᠪᠡ ᠤᠨᠴᠠᠯᠢᠭ ᠢᠶᠠᠨ ᠲᠤᠪᠤᠶᠢᠯᠭᠠᠵᠤ᠂ ᠰᠢᠪᠲᠤᠯᠤᠯᠲᠠ ᠶᠢᠨ ᠴᠡᠭ ᠪᠠ ᠭᠤᠤᠯᠯᠠᠨ ᠲᠠᠭᠠᠷᠢᠬᠤ ᠴᠢᠭᠯᠡᠯ ᠲᠠᠢ ᠪᠠᠶᠢᠬᠤ ᠬᠡᠷᠡᠭᠲᠡᠢ︔ ᠭᠤᠤᠯᠳᠠᠯᠭᠠᠲᠠᠢ ᠲᠥᠷᠥᠯ ᠵᠦᠢᠯ ᠢ ᠲᠥᠯᠬᠢᠨ ᠠᠬᠢᠭᠤᠯᠬᠤ ᠳᠠᠭᠠᠨ ᠡᠬᠢᠯᠡᠨ ᠬᠢᠬᠦ ᠲᠠᠢ ᠵᠡᠷᠭᠡ ᠥᠷ᠎ᠡ ᠪᠥᠲᠥᠮᠵᠢ ᠭᠠᠷᠭᠠᠬᠤ ᠬᠡᠷᠡᠭᠲᠡᠢ᠂ ᠬᠤᠭᠤᠰᠤᠨ ᠶᠠᠷᠢᠭᠠᠳ ᠪᠤᠳᠠᠳᠠᠢ ᠠᠵᠢᠯᠯᠠᠭ᠎ᠠ ᠥᠭᠡᠢ ︽ᠬᠤᠭᠤᠰᠤᠨ ᠯᠠᠷᠵᠢᠶᠠᠯᠠᠵᠤ︾ ᠪᠤᠯᠬᠤ ᠥᠭᠡᠢ᠂ ᠡᠷᠬᠡᠪᠰᠢ ᠴᠢᠩᠭ᠎ᠠ ᠬᠥᠴᠥᠲᠡᠢ ᠠᠷᠭ᠎ᠠ ᠬᠡᠮᠵᠢᠶ᠎ᠡ᠂ ᠪᠤᠲᠠᠲᠤ ᠠᠷᠭ᠎ᠠ ᠠᠪᠴᠠᠯ ᠢ ᠠᠪᠴᠤ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ  ᠶᠢ ᠠᠬᠢᠭᠤᠯᠵᠤ᠂ ᠥᠷᠭᠡᠨ ᠤᠯᠠᠨ ᠮᠠᠯᠴᠢᠨ ᠲᠠᠷᠢᠶᠠᠴᠢᠨ ᠳᠤ ᠪᠤᠲᠠᠲᠠᠢ ᠥᠷ᠎ᠡ ᠪᠥᠲᠥᠮᠵᠢ ᠥᠵᠡᠭᠦᠯᠬᠦ ᠬᠡᠷᠡᠭᠲᠡᠢ︔ ᠪᠥᠬᠦ ᠲᠠᠯ᠎ᠠ ᠪᠥᠬᠦ ᠤᠷᠤᠨ ᠪᠥᠰᠡ ᠶᠢᠨ ᠵᠤᠭᠰᠤᠴᠠ ᠲᠡᠭᠡᠷ᠎ᠡ ᠵᠤᠭᠰᠤᠵᠤ᠂ ᠰᠠᠭᠤᠷᠢ ᠲᠥᠭᠦᠬᠡᠷᠥᠮᠵᠢ ᠪᠠᠷ ᠬᠤᠴᠤᠷᠤᠩᠭᠤᠢ ᠭᠠᠵᠠᠷ ᠤᠷᠤᠨ ᠤ ᠬᠥᠭᠵᠢᠯᠲᠡ ᠶᠢ ᠢᠳᠡᠪᠬᠢᠲᠡᠢ ᠲᠥᠯᠥᠪᠯᠡᠨ᠂ ᠬᠤᠴᠤᠷᠤᠩᠭᠤᠢ ᠭᠠᠵᠠᠷ ᠤᠷᠤᠨ ᠤ ᠤᠰᠤ᠂ ᠴᠠᠬᠢᠯᠭᠠᠨ᠂ ᠵᠠᠮ ᠬᠠᠷᠢᠯᠴᠠᠭ᠎ᠠ᠂ ᠮᠡᠳᠡᠭᠡ ᠵᠠᠩᠬᠢ ᠵᠡᠷᠭᠡ ᠰᠠᠭᠤᠷᠢ ᠲᠥᠭᠦᠭᠡᠷᠥᠮᠵᠢ ᠪᠠᠭᠤᠷᠠᠢ ᠭᠤᠭᠴᠤᠭ᠎ᠠ ᠳᠤ ᠠᠩᠬᠠᠷᠤᠯ ᠢᠶᠠᠨ ᠲᠥᠪᠯᠡᠷᠡᠭᠦᠯᠵᠥ᠂ ᠬᠥᠴᠢᠷ ᠪᠡᠷᠭᠡᠰᠢᠶᠡᠯ ᠢ ᠢᠯᠠᠨ ᠲᠠᠪᠠᠵᠤ᠂ ᠪᠤᠰᠤᠳ ᠭᠠᠵᠠᠷ ᠤᠷᠤᠨ ᠤ ᠬᠥᠭᠵᠢᠯᠲᠡ ᠶᠢᠨ ᠠᠷᠭ᠎ᠠ ᠠᠪᠴᠠᠯ ᠪᠠ ᠲᠡᠷᠢᠭᠦᠨ ᠤ ᠲᠤᠷᠰᠢᠯᠭ᠎ᠠ ᠶᠢ ᠰᠤᠷᠤᠯᠴᠠᠵᠤ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠶᠢ ᠪᠥᠬᠦ ᠲᠠᠯ᠎ᠠ ᠪᠠᠷ ᠠᠬᠢᠭᠤᠯᠬᠤ ᠬᠡᠷᠡᠭᠲᠡᠢ ᠭᠡᠪᠡ᠃      ᠲᠤᠭ ᠪᠠᠯᠭᠠᠰᠤ ᠨᠢ ᠪᠠᠯᠭᠠᠰᠤᠨ ᠳᠤ ᠰᠠᠭᠤᠷᠢᠰᠢᠭᠰᠠᠨ ᠠᠵᠤ ᠠᠬᠤᠢᠢᠯᠠᠯ ᠤᠯᠠᠨ ᠠᠷᠪᠢᠨ ᠲᠠᠪᠠᠭᠤᠯᠢᠭ ᠲᠠᠭᠠᠨ ᠲᠥᠰᠢᠭᠯᠡᠨ᠂ ᠠᠵᠤ ᠥᠢᠯᠡᠰ ᠤᠨ ᠲᠡᠳᠭᠦᠮᠵᠢᠲᠤ ᠲᠥᠷᠥᠯ ᠵᠦᠢᠯ ᠤᠨ ᠪᠡᠯᠡ ᠮᠥᠡᠭᠭᠦ ᠪᠠ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠶᠢᠨ ᠤᠷᠤᠯᠭ᠎ᠠ ᠶᠢ ᠠᠰᠢᠭᠯᠠᠨ ᠬᠤᠵᠢᠷᠲᠤ ᠲᠤᠰᠬᠤᠨ ᠳᠤ ᠢᠳᠡᠰᠢᠨ ᠨᠤᠭᠤᠭᠠᠨ ᠤ ᠬᠥᠯᠡᠮᠵᠢ ᠶᠢᠨ ᠬᠥᠮᠥᠷᠭᠡ ᠶᠢ ᠲᠥᠯᠥᠪᠯᠡᠨ ᠪᠥᠲᠥᠭᠡᠨ ᠪᠠᠶᠢᠭᠤᠯᠵᠤ᠂ ᠲᠠᠷᠢᠶᠠᠯᠠᠬᠤ ᠲᠤᠷᠰᠢᠯᠭ᠎ᠠ ᠲᠠᠢ ᠮᠠᠯᠴᠢᠨ ᠲᠠᠷᠢᠶᠠᠴᠢᠨ ᠳᠤ ᠲᠥᠷᠢᠶᠡᠰᠥᠯᠡᠨ ᠲᠠᠭᠠᠭᠠᠴᠢᠯᠠᠭᠤᠯᠵᠤ᠂ ᠬᠠᠮᠲᠤ ᠶᠢᠨ ᠤᠷᠤᠯᠭ᠎ᠠ ᠶᠢ ᠨᠡᠮᠡᠭᠳᠡᠭᠦᠯᠵᠥ ᠪᠠᠶᠢᠨ᠎ᠠ᠃ ᠡᠪᠤᠯ ᠤᠨ ᠬᠥᠯᠡᠮᠵᠢ ᠶᠢᠨ ᠮᠠᠶ᠋ᠢᠭ ᠤᠨ ᠢᠳᠡᠰᠢᠨ ᠨᠤᠭᠤᠭᠠᠨ ᠤ ᠬᠥᠮᠥᠷᠭᠡ ᠳᠤ ᠨᠤᠭᠤᠭ᠎ᠠ ᠵᠢᠮᠢᠰ ᠤᠨ ᠠᠩᠬᠢᠯᠤᠮ᠎ᠠ ᠥᠨᠥᠷ ᠬᠠᠨᠭ᠍ᠬᠤᠯᠤᠨ᠂ ᠠᠮᠢᠵᠢᠷᠠᠯ ᠤᠨ ᠬᠥᠴᠥᠨ ᠪᠢᠯᠬᠠᠷᠠᠵᠤ᠂ ᠬᠥᠮᠥᠷᠭᠡ ᠪᠥᠷᠢ ᠶᠢᠨ ᠵᠢᠯ ᠤᠨ ᠤᠷᠤᠯᠭ᠎ᠠ ᠨᠢ 10 ᠲᠥᠮᠡᠨ ᠲᠥᠭᠦᠷᠢᠭ ᠢ ᠲᠠᠪᠠᠭᠰᠠᠨ ᠪᠠᠶᠢᠯ᠎ᠠ᠃ ᠡᠭᠦᠨ ᠤ ᠬᠠᠮᠲᠤ ᠲᠤᠭ ᠪᠠᠯᠭᠠᠰᠤ ᠨᠢ ᠤᠷᠴᠢᠨ ᠲᠤᠭᠤᠷᠢᠨ ᠤ ᠵᠠᠰᠠᠨ ᠴᠡᠭᠴᠡᠯᠡᠯᠲᠡ ᠶᠢ ᠶᠡᠬᠡᠪᠡᠷ ᠥᠷᠨᠢᠭᠦᠯᠤᠨ᠂ ᠪᠤᠬᠢᠷ ᠢ ᠠᠷᠢᠯᠭᠠᠨ ᠡᠷᠦᠢ ᠬᠤᠷᠤᠢ ᠦᠭᠡᠢ ᠪᠠᠶᠢᠳᠠᠯ ᠢ ᠵᠠᠰᠠᠬᠤ ᠠᠵᠢᠯᠯᠠᠭ᠎ᠠ ᠶᠢ ᠲᠤᠭᠲᠠᠭᠤᠨ ᠢᠶᠠᠷ ᠥᠷᠨᠢᠭᠦᠯᠤᠨ᠂ ᠬᠤᠸᠠᠷ ᠴᠡᠴᠡᠭ ᠡᠪᠡᠰᠤ ᠮᠤᠲᠤ ᠲᠠᠷᠢᠵᠤ᠂ ᠬᠥᠷᠢᠶ᠎ᠡ ᠬᠠᠰᠢᠶ᠎ᠠ ᠶᠢ ᠰᠢᠨ᠎ᠡ ᠪᠠᠷ ᠪᠠᠶᠢᠭᠤᠯᠵᠤ᠂ ᠲᠡᠷᠭᠡ ᠵᠤᠭᠰᠤᠭᠠᠬᠤ ᠤᠷᠤ ᠶᠢ ᠰᠢᠨ᠎ᠡ ᠪᠠᠷ ᠵᠢᠷᠤᠬᠤ ᠵᠡᠷᠭᠡ ᠠᠷᠭ᠎ᠠ ᠠᠪᠴᠠᠯ ᠢᠶᠠᠷ ᠲᠠᠮᠵᠢᠭᠤᠯᠤᠨ ᠤᠷᠴᠢᠨ ᠲᠤᠭᠤᠷᠢᠨ ᠢ ᠴᠡᠭᠴᠡᠯᠡᠨ᠂ ᠭᠠᠴᠠᠭ᠎ᠠ ᠲᠤᠰᠬᠤᠨ ᠤ ᠲᠦᠷᠢ ᠲᠥᠷᠬᠦ ᠶᠢ ᠢᠯᠡᠷᠬᠡᠢ ᠰᠠᠶᠢᠵᠢᠷᠠᠭᠤᠯᠪᠠ᠃
           ᠥᠥᠰᠢᠨᠵᠤᠤ ᠭᠠᠴᠠᠭᠠᠨ ᠤ ᠬᠤᠯᠢᠰᠢᠨ ᠢᠳᠡᠭᠡᠨ ᠪᠤᠯᠪᠠᠰᠤᠷᠠᠭᠤᠯᠬᠤ ᠥᠢᠯᠡᠳᠪᠥᠷᠢ ᠨᠢ 2000 ᠮᠤ᠋ ᠶᠢᠨ ᠠᠮᠤ ᠶᠢᠨ ᠰᠠᠭᠤᠷᠢᠨ ᠢ ᠪᠠᠶᠢᠭᠤᠯᠤᠨ᠂ ᠭᠤᠤᠯᠳᠠᠭᠤ ᠬᠠᠭᠤᠷᠤᠭᠰᠠᠨ ᠠᠮᠤ᠂ ᠱᠥᠯᠥᠬᠡᠢ ᠠᠮᠤ᠂ ᠲᠥᠬᠦᠬᠡᠢ ᠠᠮᠤ᠂ ᠴᠢᠪᠠᠭ᠎ᠠ ᠲᠠᠢ ᠪᠤᠭᠤᠷᠰᠤᠭ ᠵᠡᠷᠭᠡ ᠪᠤᠬᠢᠷᠳᠤᠯ ᠥᠬᠡᠢ ᠬᠤᠯᠢᠰᠢᠨ ᠢᠳᠡᠭᠡᠨ ᠢ ᠪᠤᠯᠪᠠᠰᠤᠷᠠᠭᠤᠯᠤᠨ ᠥᠢᠯᠡᠳᠪᠥᠷᠢᠯᠡᠵᠥ ᠪᠠᠶᠢᠨ᠎ᠠ᠃ ᠲᠤᠰ ᠥᠢᠯᠡᠳᠪᠥᠷᠢ ᠨᠢ ᠭᠠᠴᠠᠭᠠᠨ ᠠᠴᠠ ᠬᠠᠮᠲᠤ ᠪᠠᠷ ᠪᠡᠯᠡ ᠤᠷᠤᠭᠤᠯᠤᠨ ᠪᠥᠲᠥᠭᠡᠨ ᠪᠠᠶᠢᠭᠤᠯᠵᠤ᠂ ᠭᠠᠴᠠᠭ᠎ᠠ᠂ ᠮᠠᠯᠴᠢᠨ᠂ ᠬᠤᠷᠰᠢᠶᠠᠵᠢᠯ ᠬᠠᠮᠲᠤᠪᠡᠷ ᠲᠠᠭᠠᠭᠠᠴᠢᠯᠠᠨ ᠡᠵᠡᠩᠨᠡᠵᠥ᠂ ᠶᠠᠳᠠᠭᠤ ᠬᠥᠴᠢᠷᠳᠡᠯᠲᠡᠢ ᠡᠷᠥᠬᠡ ᠬᠥᠯᠥᠰᠥᠨ ᠠᠵᠢᠯ ᠬᠢᠬᠦ ᠮᠠᠶ᠋ᠢᠭ ᠢᠶᠠᠷ ᠠᠵᠢᠯᠯᠠᠵᠤ᠂ ᠵᠠᠬ᠎ᠠ ᠲᠡᠯᠭᠡᠭᠦᠷ ᠤᠨ ᠢᠷᠡᠭᠡᠳᠥᠢ ᠭᠡᠭᠡᠨ ᠰᠠᠷᠠᠭᠤᠯ ᠪᠠᠶᠢᠵᠤ᠂ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠤᠷᠤᠯᠭ᠎ᠠ ᠶᠢ ᠨᠡᠮᠡᠭᠳᠡᠭᠦᠯᠥᠭᠰᠡᠨ ᠢᠶᠠᠷ ᠪᠠᠷᠠᠬᠤ ᠥᠭᠡᠢ ᠪᠠᠰᠠ ᠶᠠᠳᠠᠭᠤ ᠬᠥᠴᠢᠷᠳᠡᠯᠲᠡᠢ ᠡᠷᠥᠬᠡ ᠳᠤ ᠥᠢᠯᠡᠰ ᠪᠤᠰᠬᠠᠨ ᠠᠵᠢᠯ ᠤᠯᠭᠤᠬᠤ ᠶᠢ ᠲᠡᠮᠵᠢᠵᠤ ᠪᠠᠶᠢᠨ᠎ᠠ᠃      ᠭᠠᠯᠠᠭᠤᠲᠤ ᠪᠠᠯᠭᠠᠰᠤᠨ ᠤ ᠰᠠᠷᠠᠭᠤᠯᠨᠤᠲᠤᠭ ᠭᠠᠴᠠᠭᠠᠨ ᠤ ᠤᠯᠠᠮᠵᠢᠯᠠᠯᠲᠤ ᠴᠠᠭᠠᠨ ᠢᠳᠡᠭᠡᠨ ᠤ ᠵᠦᠢᠯ ᠤᠨ ᠤᠶᠤᠨᠲᠤ ᠥᠢᠯᠡᠳᠭᠡᠯ ᠤᠨ ᠭᠠᠵᠠᠷ ᠨᠢ ᠲᠤᠰ ᠭᠠᠵᠠᠷ ᠤᠨ ᠴᠢᠨᠠᠷ ᠰᠠᠶᠢᠲᠠᠢ ᠥᠨᠢᠶᠡᠨ ᠰᠥ᠂ ᠮᠠᠯ ᠤᠨ ᠰᠥ ᠵᠡᠷᠭᠡ ᠪᠠᠶᠢᠭᠠᠯᠢᠯᠢᠭ ᠠᠮᠢ ᠠᠬᠤᠢ ᠶᠢᠨ ᠰᠥ ᠶᠢᠨ ᠢᠷᠡᠯᠲᠡ ᠳᠤ ᠲᠥᠰᠢᠭᠯᠡᠨ᠂ ᠮᠤᠩᠭᠤᠯ ᠥᠨᠳᠥᠰᠥᠲᠡᠨ ᠤ ᠤᠯᠠᠮᠵᠢᠯᠠᠯᠲᠤ ᠴᠠᠭᠠᠨ ᠢᠳᠡᠭᠡᠨ ᠤ ᠵᠦᠢᠯ ᠢ ᠪᠤᠯᠪᠠᠰᠤᠷᠠᠭᠤᠯᠬᠤ ᠪᠥᠬᠦ ᠶᠠᠪᠤᠴᠠ ᠶᠢ ᠬᠢᠨᠠᠨ᠂ ᠲᠤᠰ ᠲᠥᠷᠥᠯ ᠵᠦᠢᠯ ᠨᠢ ᠲᠤᠬᠠᠢ ᠶᠢᠨ ᠭᠠᠵᠠᠷ ᠤᠷᠤᠨ ᠤ ᠮᠠᠯᠴᠢᠳ ᠲᠠᠢ ᠤᠷᠳᠤ ᠬᠤᠭᠤᠴᠠᠭᠠᠨ ᠤ ᠬᠠᠮᠲᠤᠷᠠᠨ ᠠᠵᠢᠯᠯᠠᠬᠤ ᠬᠠᠷᠢᠴᠠᠭ᠎ᠠ ᠪᠠᠶᠢᠭᠤᠯᠤᠨ᠂ ᠭᠠᠴᠠᠭᠠᠨ ᠤ ᠶᠠᠳᠠᠭᠤ ᠬᠥᠴᠢᠷᠳᠡᠯᠲᠡᠢ ᠡᠷᠥᠬᠡ ᠳᠤ 15 ᠠᠴᠠ 20 ᠠᠵᠢᠯ ᠤᠨ ᠪᠠᠶᠢᠷᠢ ᠬᠠᠨᠭ᠍ᠭᠠᠬᠤ ᠪᠠᠷ ᠲᠥᠰᠥᠪᠯᠡᠵᠥ᠂ ᠬᠡᠷᠡᠭᠰᠡᠬᠦ ᠤᠭ ᠮᠠᠲ᠋ᠧᠷᠢᠶᠠᠯ ᠢ ᠪᠥᠷ ᠲᠤᠬᠠᠢ ᠶᠢᠨ ᠭᠠᠵᠠᠷ ᠤᠨ ᠮᠠᠯᠴᠢᠨ ᠡᠷᠥᠬᠡ ᠠᠴᠠ ᠬᠤᠷᠢᠶᠠᠨ ᠠᠪᠴᠤ᠂ ᠲᠤᠬᠠᠢ ᠶᠢᠨ ᠭᠠᠵᠠᠷ ᠤᠨ ᠮᠠᠯ ᠠᠵᠤ ᠠᠬᠤᠢ ᠶᠢᠨ ᠬᠥᠭᠵᠢᠯᠲᠡ ᠶᠢ ᠶᠡᠬᠡᠪᠡᠷ ᠲᠠᠶᠢᠴᠢᠯᠠᠨ᠂ ᠭᠠᠴᠠᠭᠠᠨ ᠤ ᠶᠠᠳᠠᠭᠤ ᠠᠴᠠ ᠠᠩᠬᠢᠵᠢᠷᠠᠭᠤᠯᠤᠨ ᠪᠤᠭᠤᠮᠳᠠ ᠰᠢᠪᠲᠤᠯᠬᠤ ᠠᠯᠬᠤᠴᠠ ᠶᠢ ᠲᠥᠷᠭᠡᠳᠭᠡᠵᠤ ᠪᠠᠶᠢᠨ᠎ᠠ᠃
           ᠡᠷᠳᠡᠨᠢᠪᠢᠯᠢᠭ ᠴᠢᠬᠤᠯᠠᠴᠢᠯᠠᠬᠤ ᠳᠤ ᠪᠠᠨ᠂ ᠥᠷᠭᠡᠨ ᠤᠯᠠᠨ ᠺᠠᠳ᠋ᠷ ᠤᠨ ᠰᠤᠷᠲᠠᠯ ᠨᠢ ᠥᠨᠡᠨ ᠪᠤᠲᠠᠲᠠᠢ ᠪᠠᠶᠢᠵᠤ᠂ ᠥᠨᠳᠥᠰᠥᠨ ᠱᠠᠲᠤ᠂ ᠮᠠᠯᠴᠢᠨ ᠲᠠᠷᠢᠶᠠᠴᠢᠨ ᠡᠷᠥᠬᠡ ᠳᠤ ᠬᠦᠷᠴᠦ᠂ ᠡᠯ᠎ᠡ ᠪᠠᠶᠢᠭᠤᠯᠭ᠎ᠠ ᠨᠢᠭᠡᠴᠢ ᠨᠢ ᠭᠠᠴᠠᠭ᠎ᠠ ᠲᠤᠰᠬᠤᠨ ᠳᠤ ᠲᠤᠮᠢᠯᠠᠭᠰᠨᠨ ᠠᠵᠢᠯ ᠤᠨ ᠲᠤᠭᠤᠢᠢᠯᠠᠩ ᠤᠨ ᠭᠡᠰᠢᠭᠦᠨ ᠤ ᠬᠠᠷᠢᠭᠤᠴᠠᠯᠭ᠎ᠠ ᠶᠢ ᠪᠤᠳᠠᠳᠠᠶᠢᠵᠢᠭᠤᠯᠵᠤ᠂ ᠬᠤᠲᠠ ᠶᠢᠨ ᠭᠠᠴᠠᠭ᠎ᠠ ᠲᠤᠰᠬᠤᠨ ᠳᠤ ᠰᠠᠭᠤᠭ᠎ᠠ ᠠᠵᠢᠯ ᠤᠨ ᠲᠤᠭᠤᠢᠢᠯᠠᠩ ᠤᠨ ᠲᠡᠷᠢᠭᠦᠨ ᠤ ᠠᠵᠢᠯᠯᠠᠬᠤ ᠠᠷᠭ᠎ᠠ᠂ ᠠᠵᠢᠯ ᠤᠨ ᠲᠤᠷᠰᠢᠯᠭ᠎ᠠ᠂ ᠠᠵᠢᠯ ᠤᠨ ᠬᠥᠴᠥᠯᠡᠴᠡ ᠪᠠ ᠤᠯᠤᠭᠰᠨᠨ ᠥᠷ᠎ᠡ ᠪᠥᠲᠥᠮᠵᠢ ᠶᠢ ᠰᠤᠷᠤᠯᠴᠠᠬᠤ ᠬᠡᠷᠡᠭᠲᠡᠢ︔ ᠨᠠᠮ ᠤᠨ ᠡᠭᠦᠷ ᠤᠨ ᠲᠠᠶᠢᠴᠢᠨ ᠪᠠᠬᠢᠯᠡᠯᠲᠡ ᠶᠢᠨ ᠥᠢᠯᠡᠳᠥᠯ ᠢ ᠭᠥᠢᠴᠡᠳ ᠪᠠᠳᠠᠷᠠᠭᠤᠯᠵᠤ᠂ ᠰᠠᠶᠢᠨ ᠨᠠᠮ ᠤᠨ ᠡᠭᠦᠷ ᠢ ᠪᠠᠶᠢᠭᠤᠯᠤᠨ ᠪᠠᠬᠢᠵᠢᠭᠦᠯᠵᠥ᠂ ᠲᠤᠯᠤᠭᠠᠢᠢᠯᠠᠭᠴᠢ ᠶᠢᠨ ᠥᠢᠯᠡᠳᠥᠯ ᠢᠶᠠᠨ ᠪᠠᠳᠠᠷᠠᠭᠤᠯᠤᠨ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠥᠨᠳᠥᠰᠥᠨ ᠱᠠᠲᠤᠨ ᠳᠤ ᠥᠨᠳᠥᠰᠥᠯᠡᠨ ᠨᠠᠬᠢᠶᠠᠯᠠᠵᠤ ᠴᠡᠴᠡᠭᠯᠡᠨ ᠵᠢᠮᠢᠰᠦᠯᠡᠬᠦ ᠶᠢ ᠪᠥᠬᠦ ᠲᠠᠯ᠎ᠠ ᠪᠠᠷ ᠠᠬᠢᠭᠤᠯᠬᠤ ᠬᠡᠷᠡᠭᠲᠡᠢ︔ ᠶᠠᠳᠠᠭᠤ ᠶᠢ ᠲᠡᠳᠭᠦᠭᠦ ᠠᠵᠢᠯ ᠢ ᠯᠠᠪᠳᠠᠭᠤᠨ ᠢᠶᠠᠷ ᠥᠷᠨᠢᠭᠦᠯᠤᠨ᠂ ︽ᠥᠨᠡᠨ ᠢᠶᠠᠷ ᠶᠠᠳᠠᠭᠤ ᠶᠢ ᠲᠡᠳᠭᠦᠭᠦ᠂ ᠥᠨᠡᠨ ᠶᠠᠳᠠᠭᠤ ᠡᠷᠥᠬᠡ ᠶᠢ ᠲᠡᠳᠭᠦᠵᠤ︾᠂ ᠰᠢ ᠶᠢᠨ ᠫᠢᠩ ᠶᠡᠷᠥᠩᠬᠡᠢ ᠱᠥᠵᠢ ᠪᠠ ᠲᠥᠪ ᠤᠨ ᠤᠷᠢᠶᠠᠯᠠᠭ᠎ᠠ ᠶᠢ ᠥᠨᠳᠥᠰᠥᠯᠡᠨ᠂ ᠴᠢᠨᠡᠭᠡᠯᠢᠭᠵᠢᠬᠦᠯᠬᠦ ᠵᠠᠮ ᠲᠡᠭᠡᠷ᠎ᠡ ︽ᠨᠢᠭᠡ ᠡᠷᠥᠬᠡ ᠶᠢ ᠴᠤ ᠤᠷᠬᠢᠬᠤ ᠥᠭᠡᠢ ᠨᠢᠭᠡ ᠬᠥᠮᠤᠨ ᠢ ᠴᠤ ᠤᠷᠬᠢᠭᠳᠠᠭᠤᠯᠬᠤ ᠥᠭᠡᠢ︾ ᠪᠠᠶᠢᠬᠤ ᠶᠢ ᠪᠠᠲᠤᠯᠠᠵᠤ᠂ ᠬᠠᠪᠰᠤᠷᠤᠨ ᠲᠡᠳᠭᠦᠭᠦ ᠠᠷᠭ᠎ᠠ ᠠᠪᠴᠠᠯ ᠲᠡᠭᠡᠷ᠎ᠡ ᠡᠯ᠎ᠡ ᠲᠠᠯ᠎ᠠ ᠪᠠᠷ ᠪᠤᠲᠠᠲᠠᠶᠢᠵᠢᠭᠤᠯᠵᠤ ᠨᠠᠷᠢᠯᠢᠭᠵᠢᠭᠤᠯᠬᠤ ᠬᠡᠷᠡᠭᠲᠠᠢ︔ ᠪᠥᠬᠦ ᠬᠤᠰᠢᠭᠤᠨ ᠤ ᠥᠷᠭᠡᠨ ᠤᠯᠠᠨ ᠺᠠᠳ᠋ᠷ ᠤᠯᠠᠨ ᠲᠥᠮᠡᠨ ᠢᠳᠡᠪᠬᠢ ᠬᠥᠴᠥᠨ ᠢᠶᠠᠨ ᠪᠠᠳᠠᠷᠠᠭᠤᠯᠵᠤ᠂ ᠪᠥᠬᠦᠯᠢ ᠴᠤᠭᠴᠠ ᠶᠢᠨ ᠢᠷᠠᠭᠤ ᠠᠯᠳᠠᠷ ᠢᠴᠢᠭᠦᠷᠢ ᠭᠤᠳᠤᠮᠰᠢᠭ ᠤᠨ ᠥᠵᠡᠯᠲᠡ ᠲᠠᠢ ᠪᠠᠶᠢᠵᠤ᠂ ᠨᠤᠮᠢᠨ ᠲᠠᠩᠰᠤᠭ ᠥᠥᠰᠢᠨ ᠤ ︽ᠨᠤᠮᠢᠨ ᠲᠠᠩᠰᠤᠭ ᠬᠥᠭᠵᠢᠨ ᠮᠠᠨᠳᠤᠯᠲᠠ︾ ᠶᠢᠨ ᠲᠥᠯᠥᠭᠡ ᠠᠷᠭ᠎ᠠ ᠤᠬᠠᠭᠠᠨ ᠭᠠᠷᠭᠠᠵᠤ ᠬᠥᠴᠥᠨ ᠴᠢᠳᠠᠯ ᠢᠶᠠᠨ ᠰᠢᠪᠬᠠᠨ᠂ ᠰᠡᠳᠬᠢᠯ ᠢᠶᠠᠨ ᠨᠢᠭᠡᠳᠭᠡᠨ ᠬᠥᠴᠥᠨ ᠢᠶᠠᠨ ᠬᠠᠮᠳᠤᠳᠬᠠᠵᠤ ᠪᠥᠬᠦ ᠬᠤᠰᠢᠭᠤᠨ ᠤ ᠡᠯ᠎ᠡ ᠲᠥᠷᠥᠯ ᠤᠨ ᠠᠵᠢᠯ ᠥᠢᠯᠡᠰ ᠤᠨ ᠰᠢᠨ᠎ᠡ ᠪᠠᠶᠢᠳᠠᠯ ᠢ ᠡᠬᠦᠳᠬᠦ ᠬᠡᠷᠡᠭᠲᠡᠢ᠃ ᠥᠷᠭᠡᠨ ᠤᠯᠠᠨ ᠲᠥᠮᠡᠨ ᠭᠤᠤᠯ ᠴᠤᠭᠴᠠ ᠶᠢᠨ ᠤᠬᠠᠮᠰᠠᠷ ᠢ ᠪᠠᠲᠤ ᠪᠠᠬᠢ ᠱᠤᠭᠤᠵᠤ᠂ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠪᠡ ᠡᠰᠡᠭᠦᠯ᠎ᠠ ᠤᠨᠢᠨ ᠲᠡᠭᠡᠷ᠎ᠡ ᠨᠢ ᠶᠠᠳᠠᠭᠤ ᠶᠢ ᠲᠡᠳᠭᠦᠬᠦ ᠠᠵᠢᠯ ᠢ ᠲᠥᠯᠬᠢᠨ ᠠᠬᠢᠭᠤᠯᠬᠤ ᠳᠤ ᠥᠪᠡᠷ ᠤᠨ ᠢᠶᠠᠨ ᠠᠵᠢᠯᠴᠢ ᠬᠥᠳᠡᠯᠮᠤᠷᠢᠴᠢ ᠪᠤᠯᠤᠨ ᠤᠶᠤᠨ ᠤᠬᠠᠭᠠᠨ ᠢᠶᠠᠨ ᠰᠢᠪᠬᠠᠵᠤ᠂ ᠰᠠᠶᠢᠨ ᠰᠠᠶᠢᠬᠠᠨ ᠪᠠᠶᠠᠨ ᠴᠢᠨᠠᠬᠡᠯᠢᠭ ᠠᠮᠢᠳᠤᠷᠠᠯ ᠢ ᠡᠭᠦᠳᠥᠨ ᠴᠤᠭᠴᠠᠯᠠᠬᠤ ᠨᠢ ᠬᠠᠮᠤᠭ ᠠᠴᠠ ᠤᠮᠤᠭᠰᠢᠯᠲᠠᠢ ᠤᠴᠢᠷ ᠪᠤᠯᠬᠤ ᠶᠤᠮ ᠭᠡᠪᠡ᠃
           ᠬᠤᠰᠢᠭᠤ ᠨᠠᠮ ᠤᠨ ᠬᠤᠷᠢᠶ᠎ᠠ ᠶᠢᠨ ᠲᠡᠳ᠋ ᠱᠥᠵᠢ᠂ ᠵᠠᠰᠠᠭ ᠤᠨ ᠤᠷᠳᠤᠨ ᠤ ᠬᠤᠰᠢᠭᠤ ᠤᠷᠤᠯᠠᠭᠴᠢ ᠲᠠᠷᠤᠭ᠎ᠠ ᠵᠤᠤ ᠹᠧᠢ ᠯᠤ᠋ ᠵᠢᠭᠠᠬᠤ ᠳᠤ ᠪᠠᠨ᠂ ᠲᠤᠭᠤᠷᠢᠨ ᠥᠵᠡᠬᠦ ᠲᠤᠭᠤᠢᠢᠯᠠᠩ ᠤᠨ ᠪᠥᠬᠦ ᠪᠥᠷᠢᠯᠳᠥᠭᠦᠨ ︽ᠤᠯᠠᠨ ᠥᠵᠡᠨ᠂ ᠤᠯᠨᠨ ᠰᠤᠨᠤᠰᠴᠤ᠂ ᠤᠯᠠᠨ ᠶᠠᠷᠢᠯᠴᠠᠵᠤ᠂ ᠤᠯᠠᠨ ᠪᠤᠳᠤᠯᠬᠢᠯᠠᠵᠤ︾᠂ ᠪᠤᠰᠤᠳ ᠰᠤᠮᠤ ᠪᠠᠯᠭᠠᠰᠤ ᠭᠠᠴᠠᠭ᠎ᠠ ᠲᠤᠰᠬᠤᠨ ᠤ ᠪᠥᠲᠥᠭᠡᠨ ᠪᠠᠶᠢᠭᠤᠯᠤᠯᠲᠠ ᠶᠢᠨ ᠪᠠᠶᠢᠳᠠᠯ ᠪᠠ ᠪᠤᠲᠠᠲᠠᠢ ᠪᠥᠲᠥᠮᠵᠢ ᠶᠢ ᠤᠯᠠᠨ ᠥᠵᠡᠵᠥ᠂ ᠲᠡᠲᠡᠨ ᠤ ᠰᠠᠶᠢᠨ ᠲᠤᠷᠰᠢᠯᠭ᠎ᠠ ᠰᠠᠶᠢᠨ ᠠᠷᠭ᠎ᠠ ᠠᠪᠴᠠᠯ ᠢ ᠤᠯᠠᠨ ᠰᠤᠨᠤᠰᠬᠤ ᠬᠡᠷᠡᠭᠲᠡᠢ᠃ ᠤᠯᠤᠯᠲᠠ ᠤᠢᠢᠯᠠᠭᠠᠯᠲᠠ ᠂ ᠲᠤᠭᠤᠷᠢᠨ ᠥᠵᠡᠭᠰᠡᠨ ᠲᠥᠷᠥᠭᠳᠡᠯ ᠢᠶᠠᠨ ᠤᠯᠠᠨ ᠲᠠᠢ ᠰᠤᠯᠢᠯᠴᠠᠵᠥ᠂ ᠥᠪᠡᠷ ᠤᠨ ᠪᠡᠶ᠎ᠡ ᠲᠠᠢ ᠪᠠᠨ ᠤᠶᠠᠯᠳᠤᠭᠤᠯᠤᠨ ᠠᠯᠤᠰ ᠬᠡᠲᠤ ᠶᠢ ᠪᠤᠳᠤᠵᠤ᠂ ᠢᠷᠡᠭᠡᠳᠥᠢ ᠶᠢ ᠪᠤᠳᠤᠵᠤ᠂ ᠥᠪᠡᠷ ᠤᠨ ᠢᠶᠠᠨ ᠬᠠᠷᠢᠶᠠᠨ ᠲᠤᠲᠤᠷᠠᠬᠢ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠠᠵᠢᠯ ᠢ ᠰᠠᠶᠢᠲᠤᠷ ᠲᠥᠯᠥᠪᠯᠡᠬᠦ ᠬᠡᠷᠡᠭᠲᠡᠢ᠃ ᠡᠯ᠎ᠡ ᠰᠤᠮᠤ ᠪᠠᠯᠭᠠᠰᠤ ᠪᠠ ᠰᠠᠯᠠᠭ᠎ᠠ ᠮᠥᠴᠢᠷ ᠨᠢ ︽ᠠᠵᠤ ᠥᠢᠯᠡᠰ ᠬᠥᠭᠵᠢᠩᠬᠦᠢ᠂ ᠠᠮᠢ ᠠᠬᠤᠢ ᠨᠢ ᠰᠠᠭᠤᠷᠢᠰᠢᠬᠤ ᠳᠤ ᠲᠤᠬᠢᠷᠠᠮᠵᠢᠲᠠᠢ᠂ ᠬᠥᠳᠡᠭᠡ ᠲᠤᠰᠬᠤᠨ ᠤ ᠰᠤᠷᠳᠠᠯ ᠨᠢ ᠪᠤᠯᠪᠠᠰᠤᠨ᠂ ᠵᠠᠰᠠᠯᠲᠠ ᠥᠷ᠎ᠡ ᠪᠥᠲᠥᠮᠵᠢᠲᠡᠢ᠂ ᠠᠮᠢᠳᠤᠷᠠᠯ ᠨᠢ ᠪᠠᠶᠠᠨ ᠴᠢᠨᠡᠭᠡᠯᠢᠭ︾ ᠪᠠᠶᠢᠬᠤ ᠶᠡᠷᠥᠩᠬᠡᠢ ᠱᠠᠭᠠᠷᠳᠠᠯᠭ᠎ᠠ ᠶᠤᠰᠤᠭᠠᠷ᠂ ᠮᠠᠯᠵᠢᠬᠤ ᠲᠠᠷᠢᠶᠠᠯᠠᠬᠤ ᠤᠷᠤᠨ ᠤ ᠠᠵᠢᠯ ᠢ ᠪᠥᠬᠦ ᠲᠠᠯ᠎ᠠ ᠪᠠᠷ ᠲᠥᠯᠬᠢᠨ ᠠᠬᠢᠭᠤᠯᠬᠤ ᠬᠡᠷᠡᠭᠲᠡᠢ᠃ ︽ᠬᠤᠷᠠᠯ ᠢᠶᠠᠷ ᠪᠥᠲᠥᠭᠡᠨ ᠪᠠᠶᠢᠭᠤᠯᠤᠯᠲᠠ ᠶᠢ ᠠᠬᠢᠭᠤᠯᠬᠤ︾ ᠶᠢ ᠪᠠᠷᠢᠮᠳᠠᠯᠠᠵᠤ᠂ ᠯᠠᠪᠳᠠᠭᠤᠨ ᠢᠶᠠᠷ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠵᠤᠬᠢᠶᠠᠨ ᠪᠠᠶᠢᠭᠤᠯᠤᠨ ᠬᠡᠷᠡᠭᠵᠢᠭᠦᠯᠵᠥ᠂ ᠴᠥᠬᠦᠷᠡᠰᠢ ᠥᠭᠡᠢ ᠴᠢᠷᠮᠠᠶᠢᠨ᠂ ᠪᠥᠬᠦ ᠬᠤᠰᠢᠭᠤᠨ ᠤ ᠥᠷᠭᠡᠨ ᠤᠯᠠᠨ ᠮᠠᠯᠴᠢᠨ ᠲᠠᠷᠢᠶᠠᠴᠢᠨ ᠢ ᠨᠡᠩ ᠠᠵᠠ ᠵᠢᠷᠭᠠᠯ ᠲᠠᠢ ᠠᠮᠢᠳᠤᠷᠠᠯ ᠡᠳ᠋ᠯᠡᠭᠦᠯᠵᠥ᠂ ᠴᠢᠨᠡᠭᠡᠯᠢᠭ ᠵᠠᠮ ᠢᠶᠠᠷ ᠤᠯᠠᠮ ᠬᠤᠯᠠ ᠤᠯᠠᠮ ᠰᠠᠶᠢᠨ ᠶᠠᠪᠤᠭᠤᠯᠬᠤ ᠬᠡᠷᠡᠭᠲᠡᠢ ᠭᠡᠪᠡ᠃
           ᠰᠥᠯᠲᠡ ᠰᠤᠮᠤ ᠨᠢ ᠥᠨᠳᠥᠰᠥᠲᠡᠨ ᠤ ᠪᠥᠯᠬᠦᠮᠳᠡᠯ ᠲᠡᠪᠰᠢᠯᠲᠠ ᠶᠢᠨ ᠡᠭᠦᠳᠤᠨ ᠪᠠᠶᠢᠭᠤᠯᠬᠤ ᠠᠵᠢᠯᠯᠠᠭ᠎ᠠ ᠪᠠ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠨᠢᠭᠲᠠ ᠤᠶᠠᠯᠳᠤᠭᠤᠯᠤᠨ᠂ ︽ᠲᠠᠪᠤᠨ ᠬᠤᠰᠢᠭᠤ ᠮᠠᠯ︾ ᠤᠨ ᠰᠤᠶᠤᠯ ᠤᠨ ᠠᠵᠤ ᠥᠢᠯᠡᠰ ᠤᠨ ᠬᠥᠭᠵᠢᠯᠲᠡ ᠶᠢᠨ ᠭᠤᠤᠯᠳᠠᠯᠭᠠᠲᠤ ᠤᠷᠤᠨ᠂ ᠪᠠᠶᠢᠭᠠᠯᠢᠯᠢᠭ ᠠᠮᠢ ᠠᠬᠤᠢ ᠰᠤᠶᠤᠯ ᠵᠢᠭᠤᠯᠴᠢᠯᠠᠯ ᠤᠨ ᠠᠵᠤ ᠥᠢᠯᠡᠰ ᠤᠨ ᠤᠷᠤᠨ᠂ ᠤᠮᠠᠷᠠᠲᠤ ᠶᠢᠨ 20 ᠲᠥᠮᠡᠨ ᠮᠤ᠋ ᠠᠮᠢ ᠠᠬᠤᠢ ᠶᠢᠨ ᠬᠠᠮᠭᠠᠯᠠᠯᠲᠠ ᠶᠢᠨ ᠤᠷᠤᠨ ᠤ ︽ᠭᠤᠷᠪᠠᠨ ᠶᠡᠭᠡ ᠤᠷᠤᠨ︾ ᠤ ᠪᠥᠲᠥᠭᠡᠨ ᠪᠠᠶᠢᠭᠤᠯᠤᠯᠲᠠ ᠶᠢ ᠲᠥᠷᠭᠡᠳᠭᠡᠨ ᠲᠥᠯᠬᠢᠨ ᠠᠬᠢᠭᠤᠯᠵᠤ᠂ ᠤᠳᠤ ᠠᠴᠠ 2050 ᠤᠨ ᠪᠤᠯᠳᠠᠯ᠎ᠠ ᠠᠭᠠᠵᠢᠮ ᠢᠶᠠᠷ ᠠᠵᠤ ᠥᠢᠯᠡᠰ ᠤᠨ ᠰᠠᠭᠤᠷᠢ ᠲᠥᠭᠦᠭᠡᠷᠥᠮᠵᠢ ᠶᠢ ᠪᠥᠬᠦ ᠲᠠᠯ᠎ᠠ ᠪᠠᠷ ᠲᠡᠭᠦᠯᠳᠡᠷᠵᠢᠭᠦᠯᠵᠥ᠂ ᠪᠥᠬᠦ ᠤᠷᠤᠨ ᠪᠥᠰᠡ ᠶᠢᠨ ︽ᠤᠶᠤᠨᠴᠢ ᠮᠠᠯᠵᠢᠯ ᠤᠨ ᠲᠠᠯᠠᠪᠠᠢ︾ ᠵᠡᠷᠭᠡ ᠬᠠᠷᠠᠯᠲᠠ ᠶᠢ ᠪᠡᠶᠡᠯᠡᠭᠦᠯᠬᠦ ᠪᠠᠷ ᠴᠢᠷᠮᠠᠶᠢᠵᠤ ᠪᠠᠶᠢᠨ᠎ᠠ᠃ ᠲᠤᠭᠤᠷᠢᠨ ᠥᠵᠡᠭᠦ ᠲᠤᠭᠤᠢᠢᠯᠠᠩ ᠤᠨ ᠬᠢᠨ ᠰᠥᠯᠲᠡ ᠰᠤᠮᠤ ᠶᠢᠨ ᠲᠤᠭᠤᠷᠢᠮ ᠭᠠᠴᠠᠭ᠎ᠠ᠂ ᠲᠤᠯᠢ ᠶᠢᠨ ᠲᠥᠪᠯᠡᠷᠡᠨ ᠰᠠᠭᠤᠷᠢᠰᠢᠬᠤ ᠰᠠᠭᠤᠭᠠᠯᠢ ᠠᠷᠠᠳ ᠤᠨ ᠴᠡᠭ᠂ ᠤᠷᠳᠤᠰ ᠤᠨ ᠨᠠᠷᠢᠨ ᠨᠤᠤᠰᠤᠲᠤ ᠬᠤᠨᠢᠨ ᠤ ᠲᠡᠵᠢᠭᠡᠨ ᠥᠷᠡᠵᠢᠭᠦᠯᠬᠦ ᠵᠢᠱᠢᠶ᠎ᠡ ᠥᠵᠡᠭᠦᠯᠬᠦ ᠡᠷᠥᠬᠡ ᠰᠤᠶᠤᠯᠳᠠᠯᠠᠢ ᠶᠢᠨ ᠭᠡᠷ ᠲᠤ ᠬᠥᠷᠴᠤ ᠬᠥᠳᠡᠭᠡ ᠲᠤᠰᠬᠤᠨ ᠢ ᠬᠥᠭᠵᠢᠭᠦᠯᠥᠨ ᠮᠠᠨᠳᠤᠭᠤᠯᠬᠤ᠂ ᠥᠨᠳᠥᠰᠥᠲᠡᠨ ᠤ ᠪᠥᠯᠬᠦᠮᠳᠡᠯ ᠲᠡᠪᠰᠢᠯᠲᠠ ᠶᠢᠨ ᠡᠭᠦᠳᠤᠨ ᠪᠠᠶᠢᠭᠤᠯᠤᠯᠲᠠ᠂ ᠥᠨᠳᠥᠰᠥᠨ ᠱᠠᠲᠤᠨ ᠤ ᠵᠤᠬᠢᠶᠠᠨ ᠪᠠᠶᠢᠭᠤᠯᠤᠯᠲᠠ ᠶᠢᠨ ᠪᠥᠲᠥᠭᠡᠨ ᠪᠠᠶᠢᠭᠤᠯᠤᠯᠲᠠ᠂ ᠺᠠᠳ᠋ᠷ ᠠᠵᠢᠯᠲᠠᠨ ᠤ ᠲᠤᠰᠬᠤᠨ ᠳᠤ ᠰᠠᠭᠤᠬᠤ᠂ ᠤᠷᠤᠰᠢᠨ ᠰᠠᠭᠤᠷᠢᠰᠢᠬᠤ ᠤᠷᠴᠢᠨ ᠤ ᠵᠠᠰᠠᠨ ᠴᠡᠭᠴᠡᠯᠡᠯᠲᠡ ᠪᠠ ︽ᠵᠤᠷᠯᠤᠩ ᠤᠨ ᠥᠭᠡᠷᠡᠴᠢᠯᠡᠯᠲᠡ︾᠂ ᠶᠡᠭᠡ ᠮᠠᠯᠵᠢᠯ ᠤᠨ ᠲᠠᠯᠠᠪᠠᠢ ᠶᠢᠨ ᠶᠡᠷᠥᠩᠬᠡᠢ ᠴᠤᠭᠴᠠ ᠶᠢᠨ ᠪᠥᠲᠥᠭᠡᠨ ᠪᠠᠶᠢᠭᠤᠯᠤᠯᠲᠠ ᠵᠡᠷᠭᠡ ᠠᠵᠢᠯ ᠢ ᠲᠥᠯᠬᠢᠨ ᠠᠬᠢᠭᠤᠯᠬᠤ ᠪᠠᠶᠢᠳᠠᠯ ᠢ ᠨᠠᠷᠢᠨ ᠬᠢᠨᠠᠮᠠᠭᠠᠢ ᠪᠠᠷ ᠤᠢᠢᠯᠠᠭᠠᠭᠰᠠᠨ ᠤ ᠬᠠᠮᠲᠤ ᠬᠥᠨᠵᠡᠭᠡᠢ ᠰᠤᠯᠢᠯᠴᠠᠭ᠎ᠠ ᠬᠢᠪᠡ᠃
           ᠰᠢᠷᠬᠤᠰᠤᠨ ᠪᠠᠯᠭᠠᠰᠤᠨ ᠤ ᠸᠠᠩ ᠶᠤᠤ ᠸᠠᠨ ᠲᠤᠰᠬᠤᠨ ᠤ ᠠᠵᠤ ᠥᠢᠯᠡᠰ ᠤᠨ ᠬᠤᠯᠪᠤᠭᠠᠲᠤ ᠴᠤᠭᠴᠠ ᠶᠢᠨ ᠬᠥᠭᠵᠢᠯᠲᠡ ᠨᠢ ᠲᠠᠷᠢᠶᠠᠯᠠᠩ ᠤᠨ ᠪᠥᠲᠥᠭᠡᠭᠳᠡᠭᠦᠨ ᠢ ᠪᠤᠷᠤᠯᠠᠭᠤᠯᠬᠤ ᠠᠵᠤ ᠠᠬᠤᠢᠢᠯᠠᠯ ᠢᠶᠠᠷ ᠲᠤᠯᠤᠭᠠᠢᠢᠯᠠᠭᠴᠢ ᠪᠤᠯᠭᠠᠵᠤ᠂ ᠪᠥᠬᠦ ᠲᠤᠰᠬᠤᠨ ᠤ ᠢᠳᠡᠰᠢᠨ ᠨᠤᠭᠤᠭ᠎ᠠ ᠭᠤᠸᠠ ᠵᠢᠮᠢᠰ᠂ ᠭᠠᠭ᠋ᠠᠢ᠂ ᠬᠤᠨᠢ᠂ ᠥᠬᠡᠷ ᠤᠨ ᠲᠡᠵᠢᠭᠡᠨ ᠥᠷᠡᠵᠢᠭᠦᠯᠬᠦ᠂ ᠬᠥᠳᠡᠭᠡ ᠲᠤᠰᠬᠤᠨ ᠤ ᠵᠢᠭᠤᠯᠴᠢᠯᠠᠯ ᠵᠡᠷᠭᠡ ︽ᠭᠤᠷᠪᠠᠨ ᠶᠡᠭᠡ ᠭᠤᠤᠯᠯᠠᠭᠴᠢ ᠠᠵᠤ ᠥᠢᠯᠡᠰ︾ ᠢᠶᠠᠷ ᠲᠤᠯᠭᠠᠭᠤᠷᠢᠯᠠᠨ᠂ ᠤᠳᠤᠬᠢᠴᠢᠯᠠᠭᠰᠠᠨ ᠮᠠᠯ ᠲᠠᠷᠢᠶᠠᠯᠠᠩ ᠤᠨ ᠠᠵᠤ ᠥᠢᠯᠡᠰ ᠪᠤᠯᠤᠨ ᠬᠥᠳᠡᠭᠡ ᠲᠤᠰᠬᠤᠨ ᠤ ᠵᠢᠭᠤᠯᠴᠢᠯᠠᠯ ᠤᠨ ᠥᠢᠯᠡᠰ ᠤᠨ ᠠᠭᠤᠰᠤᠯᠴᠠᠭᠤᠯᠤᠨ ᠬᠥᠭᠵᠢᠭᠦᠯᠵᠥ᠂ ᠲᠠᠷᠢᠵᠤ ᠥᠷᠡᠵᠢᠭᠦᠯᠬᠦ ᠠᠮᠢ ᠠᠬᠤᠢ ᠶᠢᠨ ᠡᠷᠬᠢᠯᠲᠡᠲᠤ ᠲᠤᠬᠢᠷᠠᠮᠵᠢᠲᠤ ᠬᠡᠪᠴᠢᠶᠠᠵᠢᠯ ᠤᠨ ᠡᠵᠡᠩᠨᠡᠯᠲᠡ ᠶᠢ ᠤᠶᠠᠯᠳᠤᠭᠤᠯᠤᠨ᠂ ᠰᠢᠨᠵᠢᠯᠡᠬᠦ ᠤᠬᠠᠭᠠᠨᠴᠢ ᠪᠠᠷ ᠠᠵᠢᠯ ᠮᠡᠷᠭᠡᠵᠢᠯ ᠤᠨ ᠮᠠᠯᠴᠢᠨ ᠲᠠᠷᠢᠶᠠᠴᠢᠨ ᠢ ᠪᠤᠯᠪᠠᠰᠤᠷᠠᠭᠤᠯᠵᠤ ᠬᠥᠳᠡᠯᠮᠤᠷᠢ ᠶᠢᠨ ᠬᠡᠪ ᠪᠤᠯᠪᠠᠰᠤᠷᠠᠯ ᠤᠨ ︽ᠭᠤᠷᠪᠠᠨ ᠠᠷᠭ᠎ᠠ ᠵᠠᠮ︾ ᠢ ᠲᠡᠭᠡᠭᠰᠢᠯᠡᠬᠦᠯᠵᠤ᠂ ᠲᠤᠰᠬᠠᠢ ᠮᠡᠷᠭᠡᠵᠢᠯ ᠤᠨ ᠬᠤᠷᠰᠢᠶᠠᠵᠢᠯ ᠤᠨ ᠵᠤᠬᠢᠶᠠᠨ ᠪᠠᠶᠢᠭᠤᠯᠤᠯᠲᠠ ᠂ ᠭᠡᠷ ᠪᠥᠯᠢ ᠶᠢᠨ ᠮᠠᠯ ᠲᠠᠷᠢᠶᠠᠯᠠᠩ ᠤᠨ ᠲᠠᠯᠠᠪᠠᠢ ᠬᠤᠯᠪᠤᠭᠠᠯᠠᠨ᠂ ᠵᠢᠵᠢᠭ ᠬᠡᠪᠴᠢᠶᠡᠵᠢᠯ ᠤᠨ ᠡᠵᠡᠩᠨᠡᠯᠲᠡ ᠶᠢᠨ ᠮᠠᠯᠴᠢᠨ ᠲᠠᠷᠢᠶᠠᠴᠢᠨ ᠡᠷᠥᠬᠡ ᠶᠢᠨ ᠬᠥᠭᠵᠢᠯᠲᠡ ᠶᠢ ᠲᠠᠶᠢᠴᠢᠯᠠᠵᠤ᠂ ᠮᠠᠯᠴᠢᠨ ᠲᠠᠷᠢᠶᠠᠴᠢᠨ ᠡᠷᠥᠬᠡ ᠶᠢ ᠵᠢᠱᠢᠶ᠎ᠡ ᠥᠵᠡᠭᠦᠯᠤᠨ ᠲᠠᠶᠢᠴᠢᠯᠠᠨ ᠬᠠᠮᠲᠤ ᠪᠠᠷ ᠬᠥᠭᠵᠢᠬᠦᠯᠵᠥ ᠪᠠᠶᠢᠨ᠎ᠠ᠃
           ᠵᠤᠤ ᠹᠧᠢ ᠯᠤ᠋ ᠵᠢᠭᠠᠬᠤ ᠳᠤ ᠪᠠᠨ᠂ ᠬᠤᠯᠪᠤᠭᠳᠠᠯ ᠪᠥᠬᠦᠢ ᠰᠠᠯᠠᠭ᠎ᠠ ᠮᠥᠴᠢᠷ ᠨᠢ ᠮᠠᠨ ᠤ ᠬᠤᠰᠢᠭᠤᠨ ᠤ ᠰᠤᠶᠤᠯ ᠵᠢᠭᠤᠯᠴᠢᠯᠠᠯ ᠤᠨ ᠡᠬᠢ ᠪᠠᠶᠠᠯᠢᠭ ᠤᠨ ᠵᠤᠭᠰᠤᠴᠠ ᠲᠡᠭᠡᠷ᠎ᠡ ᠵᠤᠭᠰᠤᠵᠤ᠂ ᠵᠢᠭᠤᠯᠴᠢᠯᠠᠯ ᠤᠨ ᠠᠵᠤ ᠥᠢᠯᠡᠰ ᠤᠨ ᠬᠥᠭᠵᠢᠯᠲᠡ ᠶᠢᠨ ᠰᠢᠪᠳᠤᠯᠬᠤ ᠴᠡᠭ ᠢ ᠨᠠᠷᠢᠨ ᠨᠢᠮᠪᠡᠢ ᠪᠤᠳᠤᠯᠬᠢᠯᠠᠨ ᠲᠥᠯᠤᠪᠯᠡᠬᠦ ᠬᠡᠷᠡᠭᠲᠡᠢ᠃ ᠮᠠᠯ ᠲᠠᠷᠢᠶᠠᠯᠠᠩ ᠤᠨ ᠠᠵᠤ ᠥᠢᠯᠡᠰ ᠪᠤᠯ ᠮᠠᠯᠴᠢᠨ ᠲᠠᠷᠢᠶᠠᠴᠢᠨ ᠤ ᠤᠷᠤᠯᠭ᠎ᠠ ᠪᠠᠨ ᠨᠡᠮᠡᠭᠳᠡᠭᠦᠯᠤᠨ ᠪᠠᠶᠠᠵᠢᠬᠤ ᠶᠢᠨ ᠭᠤᠤᠯ ᠠᠷᠭ᠎ᠠ ᠵᠠᠮ ᠪᠠᠶᠢᠵᠤ᠂ ᠵᠠᠬ᠎ᠠ ᠲᠡᠯᠭᠡᠭᠦᠷ ᠤᠨ ᠬᠥᠭᠵᠢᠯᠲᠡ ᠶᠢᠨ ᠬᠠᠨᠳᠤᠰᠢ ᠶᠢ ᠰᠠᠶᠢᠳᠤᠷ ᠠᠩᠬᠠᠷᠴᠤ᠂ ᠤᠬᠢ ᠰᠠᠶᠢᠨ ᠮᠠᠯ ᠲᠠᠷᠢᠶᠠᠯᠠᠩ ᠤᠨ ᠠᠵᠤ ᠥᠢᠯᠡᠰ ᠤᠨ ᠰᠠᠭᠤᠷᠢ ᠪᠠ ᠤᠷᠤᠨ ᠪᠠᠶᠢᠷᠢ ᠶᠢᠨ ᠲᠠᠪᠠᠭᠤᠯᠢᠭ ᠲᠠᠯ᠎ᠠ ᠳᠤ ᠲᠥᠰᠢᠭᠯᠡᠨ᠂ ᠰᠢᠨ᠎ᠡ ᠮᠡᠷᠭᠡᠵᠢᠯ᠂ ᠰᠢᠨ᠎ᠡ ᠡᠭᠦᠯᠳᠡᠷ ᠢ ᠬᠡᠷᠡᠭᠯᠡᠬᠦ ᠪᠠᠨ ᠴᠢᠩᠭᠠᠳᠬᠠᠵᠤ᠂ ᠰᠢᠨ᠎ᠡ ᠮᠠᠶ᠋ᠢᠭ ᠤᠨ ᠠᠵᠢᠯ ᠮᠡᠷᠭᠡᠵᠢᠯ ᠤᠨ ᠮᠠᠯᠴᠢᠨ ᠲᠠᠷᠢᠶᠠᠴᠢᠨ ᠢ ᠶᠡᠬᠡᠪᠡᠷ ᠪᠤᠯᠪᠠᠰᠤᠷᠠᠭᠤᠯᠵᠤ᠂ ᠲᠤᠯᠤᠭᠠᠢᠢᠯᠠᠭᠴᠢ ᠠᠵᠤ ᠠᠬᠤᠢᠢᠯᠠᠯ᠂ ᠬᠤᠷᠰᠢᠶᠠᠵᠢᠯ᠂ ᠲᠠᠷᠢᠵᠤ ᠲᠡᠵᠢᠭᠡᠨ ᠥᠷᠡᠵᠢᠭᠦᠯᠬᠦ ᠵᠢᠱᠢᠶ᠎ᠠ ᠥᠵᠡᠭᠦᠯᠬᠦ ᠲᠤᠮᠤ ᠡᠷᠥᠬᠡ ᠶᠢᠨ ᠲᠠᠭᠤᠷᠢᠶᠠᠯ ᠲᠠᠶᠢᠴᠢᠯᠠᠬᠤ ᠥᠢᠯᠡᠳᠥᠯ ᠢ ᠪᠠᠳᠠᠷᠠᠭᠤᠯᠵᠥ᠂ ᠤᠳᠤᠬᠢᠴᠢᠯᠠᠭᠰᠠᠨ ᠮᠠᠯ ᠲᠠᠷᠢᠶᠠᠯᠠᠩ ᠤᠨ ᠠᠵᠤ ᠥᠢᠯᠡᠰ ᠤᠨ ᠥᠢᠯᠡᠳᠪᠥᠷᠢᠯᠡᠯ᠂ ᠡᠵᠡᠩᠨᠡᠯᠲᠡ ᠶᠢᠨ ᠰᠢᠰᠲ᠋ᠧᠮ ᠤᠨ ᠪᠥᠷᠢᠨ ᠲᠡᠭᠦᠯᠳᠡᠷ ᠪᠤᠯᠭᠠᠨ ᠪᠠᠶᠢᠭᠤᠯᠬᠤ ᠶᠢ ᠲᠥᠷᠭᠡᠳᠭᠡᠵᠥ᠂ ᠤᠳᠤᠬᠢᠴᠢᠯᠠᠭᠰᠠᠨ ᠮᠠᠯ ᠲᠠᠷᠢᠶᠠᠯᠠᠩ ᠤᠨ ᠠᠵᠤ ᠥᠢᠯᠡᠰ ᠤᠨ ᠬᠥᠭᠵᠢᠯᠲᠡ ᠶᠢᠨ ᠴᠢᠨᠠᠷ ᠢ ᠲᠡᠭᠡᠭᠰᠢᠯᠡᠭᠦᠯᠵᠥ ᠤᠷᠤᠯᠭ᠎ᠠ ᠶᠢᠨ ᠨᠡᠮᠡᠭᠳᠡᠯ ᠢ ᠠᠬᠢᠭᠤᠯᠵᠤ᠂ ᠲᠤᠭᠲᠠᠭᠤᠨ ᠢᠶᠠᠷ ᠮᠠᠯᠴᠢᠨ ᠲᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠬᠦ ᠬᠡᠷᠡᠭᠲᠡᠢ᠃ ᠡᠯ᠎ᠡ ᠰᠤᠮᠤ ᠪᠠᠯᠭᠠᠰᠤ ᠨᠢ ᠤᠳᠤᠬᠢᠴᠢᠯᠠᠭᠰᠠᠨ ᠲᠥᠭᠦᠭᠡᠷᠥᠮᠵᠢᠲᠤ ᠲᠠᠷᠢᠶᠠᠯᠠᠩ ᠤᠨ ᠠᠵᠤ ᠥᠢᠯᠡᠰ᠂ ᠤᠨᠴᠠᠭᠠᠢᠢᠯᠠᠨ ᠬᠥᠯᠡᠮᠵᠢ ᠶᠢᠨ ᠢᠳᠡᠰᠢᠨ ᠨᠤᠭᠤᠭ᠎ᠠ ᠶᠢᠨ ᠲᠠᠷᠢᠮᠠᠯ ᠤᠨ ᠠᠵᠤ ᠥᠢᠯᠡᠰ ᠢ ᠬᠥᠭᠵᠢᠭᠦᠯᠬᠦ ᠥᠶ᠎ᠡ ᠳᠤ ᠸᠠᠩ ᠶᠤᠤ ᠸᠠᠨ ᠲᠤᠰᠬᠤᠨ ᠤ ᠲᠤᠷᠰᠢᠯᠭ᠎ᠠ ᠶᠢ ᠢᠳᠡᠪᠬᠢᠲᠡᠢ ᠪᠠᠷ ᠰᠤᠷᠤᠯᠴᠠᠬᠤ ᠬᠡᠷᠡᠭᠲᠡᠢ ᠭᠡᠪᠡ᠃
 
ᠢᠷᠡᠯᠲᠡ᠄ ︽ᠨᠣᠮᠢᠨ ᠳᠠᠩᠰᠤᠭ ᠦᠣᠰᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号