ᠪᠡᠷᠭᠡᠳᠡᠭᠰᠡᠨ ᠠᠶᠢᠯ ᠳᠤ ᠬᠦᠷᠬᠡᠭᠰᠡᠡ ᠨᠠᠨᠳᠢᠨ ︽ᠪᠡᠯᠡᠭ︾
ᠨᠡᠶᠢᠲᠡᠯᠡᠭᠰᠡᠨ ᠴᠠᠭ᠄
2018-11-13
      ᠮᠠᠨ ᠤ ᠬᠤᠰᠢᠭᠤᠨ ᠤ ᠭᠠᠯᠠᠭᠤᠳᠣ ᠪᠠᠯᠭᠠᠰᠣᠨ ᠤ ᠪᠣᠵᠡᠢ ᠭᠠᠴᠠᠭᠠᠨ ᠤ ᠪᠠᠶᠠᠷᠴᠡᠴᠡᠭ ᠤᠨ ᠬᠢᠨ ᠳᠤ ᠠᠪᠴᠣ ᠬᠡᠯᠡᠪᠡᠯ ᠨᠠᠮᠣᠷ ᠤᠨ ᠬᠤᠷᠢᠶᠠᠯᠳᠠ ᠬᠤᠷᠢᠶᠠᠵᠣ ᠡᠷᠳᠡᠨᠢ ᠰᠢᠰᠢ ᠪᠠᠨ ᠠᠬᠤᠢᠢᠯᠠᠬᠤ ᠠᠵᠢᠯ ᠨᠢ ᠶᠡᠭᠡ ᠯᠠ ᠬᠦᠴᠢᠷᠳᠡᠢ ᠠᠰᠠᠭᠤᠳᠠᠯ ᠪᠤᠯᠤᠭᠰᠠᠨ ᠪᠠᠶᠢᠨ᠎ᠠ᠃ ᠰᠠᠷ᠎ᠠ ᠶᠢᠨ ᠡᠮᠣᠨ᠎ᠡ ᠲᠡᠭᠦᠨ ᠤ ᠡᠷ᠎ᠡ ᠨᠦᠬᠦᠷ ᠨᠢ ᠦᠮᠡᠨ ᠡᠪᠡᠳᠴᠢᠨ ᠠᠴᠠ ᠪᠣᠯᠵᠣ ᠨᠠᠰᠣ ᠪᠠᠷᠠᠵᠣ᠂ ᠣᠣᠯ ᠠᠴᠠ ᠪᠠᠨ ᠬᠦᠳᠡᠯᠮᠣᠷᠢ ᠬᠦᠴᠣ ᠲᠣᠳᠠᠭᠳᠠᠭᠰᠠᠨ ᠲᠡᠳᠡᠨ ᠤ ᠬᠡᠷ ᠪᠦᠯᠢ ᠲᠣᠯᠭᠠᠭᠤᠷᠢ ᠲᠦᠰᠢᠭ ᠢᠶᠠᠨ ᠠᠯᠳᠠᠵᠡᠢ᠃ ᠶᠠᠭ ᠨᠠᠮᠣᠷ ᠤᠨ ᠬᠤᠷᠢᠶᠠᠯᠳᠠ ᠬᠤᠷᠢᠶᠠᠬᠤ ᠪᠠᠴᠢᠮ ᠶᠠᠭᠠᠷᠠᠣ ᠴᠠᠭ ᠪᠣᠯᠵᠣ ᠪᠠᠶᠢᠭ᠎ᠠ ᠡᠨᠡ ᠮᠦᠴᠡ ᠳᠤ ᠡᠨᠡ ᠡᠷᠣᠭᠡ ᠶᠢᠨ ᠡᠷᠳᠡᠨᠢ ᠰᠢᠰᠢ ᠬᠤᠷᠢᠶᠠᠬᠤ ᠠᠵᠢᠯ ᠨᠢ ᠨᠡᠩ ᠴᠦ ᠬᠦᠴᠢᠷ ᠪᠣᠯᠣᠭᠠᠳ ᠪᠠᠶᠢᠵᠡᠢ᠃
     ᠡᠶᠢᠮᠤ ᠪᠠᠶᠢᠳᠠᠯ ᠲᠤᠤᠷ᠎ᠠ ᠭᠠᠯᠠᠭᠤᠳᠣ ᠪᠠᠯᠭᠠᠰᠣᠨ ᠤ ᠪᠣᠵᠡᠢ ᠭᠠᠴᠠᠭᠠᠨ ᠤ 30 ᠭᠠᠷᠣᠢ ᠡᠮᠡᠭᠳᠡᠶᠢᠴᠣᠳ ᠪᠠᠶᠠᠷᠴᠡᠴᠡᠭ ᠤᠨ ᠬᠢᠨ ᠳᠤ ᠬᠠᠪᠰᠣᠷᠣᠨ ᠡᠷᠳᠡᠨᠢ ᠰᠢᠰᠢ ᠶᠢ ᠨᠢ ᠬᠤᠷᠢᠶᠠᠵᠣ ᠦᠭᠬᠦᠭᠰᠡᠨ ᠪᠠᠶᠢᠨ᠎ᠠ᠃ ᠲᠡᠳᠡ ᠠᠶᠢᠯ ᠤᠨ ᠠᠵᠢᠯ ᠢ ᠦᠪᠡᠷ ᠤᠨ ᠭᠡᠷ ᠤᠨ ᠢᠶᠠᠨ ᠠᠵᠢᠯ ᠢ ᠬᠢᠵᠣ ᠪᠠᠶᠢᠭ᠎ᠠ ᠰᠢᠬ ᠨᠠᠷᠢᠨ ᠬᠢᠨᠠᠮᠠᠭᠠᠢ ᠪᠠᠶᠢᠵᠤ᠂ ᠡᠷᠳᠡᠨᠢ ᠰᠢᠰᠢ ᠶᠢ ᠪᠣᠯᠳᠣᠯᠠᠬᠤ ᠠᠴᠠ ᠡᠬᠢᠯᠡᠭᠡᠳ ᠣᠭᠤᠳᠠᠨ ᠳᠤ ᠰᠠᠪᠠᠯᠠᠬᠤ᠂ ᠬᠠᠳᠣᠵᠣ ᠪᠣᠭᠤᠬᠤ ᠵᠡᠷᠬᠡ ᠠᠴᠠ ᠡᠪᠡᠰᠣᠨ ᠬᠦᠷᠢᠶᠡᠨ ᠳᠤ ᠣᠷᠣᠳᠠᠯ᠎ᠠ ᠪᠦᠬᠦ ᠲᠠᠯ᠎ᠠ ᠶᠢᠨ ︽ᠣᠶᠢᠯᠡᠴᠢᠯᠡᠭᠡ︾ ᠶᠠᠪᠣᠭᠳᠠᠭᠤᠯᠣᠯ᠎ᠠ᠃      ᠲᠣᠰ ᠣᠳᠠᠭᠠᠨ ᠤ ᠶᠠᠳᠠᠭᠤ ᠡᠷᠣᠬᠡ ᠳᠤ ᠬᠠᠪᠰᠤᠷᠠᠨ ᠡᠷᠳᠡᠨᠢ ᠰᠢᠰᠢ ᠬᠤᠷᠢᠶᠠᠬᠤ ᠠᠵᠢᠯ ᠨᠢ ᠪᠡᠷᠭᠡᠳᠡᠭᠰᠡᠨ ᠠᠶᠢᠯ ᠳᠤ ︽ᠪᠡᠯᠡᠭ︾ ᠬᠦᠷᠭᠡᠭᠰᠡᠨ ᠮᠡᠳᠣ ᠪᠣᠯᠵᠣ᠂ ᠡᠳᠡᠨ ᠤ ᠬᠢᠨ ᠤ ᠪᠣᠳᠠᠳᠣ ᠠᠰᠠᠭᠤᠳᠠᠯ ᠢ ᠰᠢᠢᠳᠪᠣᠷᠢᠯᠡᠵᠣ᠂ ᠠᠶᠢᠯ ᠤᠨ ᠡᠵᠡᠭᠳᠡᠢ ᠶᠠᠭᠠᠬᠢᠵᠣ ᠲᠠᠯᠠᠷᠬᠠᠬᠤ ᠪᠠᠨ ᠣᠯᠬᠤ ᠦᠬᠡᠢ ᠪᠠᠶᠢᠯ᠎ᠠ᠃ ᠪᠠᠰᠠ ᠴᠦ ᠪᠣᠵᠡᠢ ᠭᠠᠴᠠᠭᠠᠨ ᠤ ᠡᠮᠡᠭᠳᠡᠶᠢᠴᠣᠳ ᠤᠨ ᠣᠨᠢᠨ ᠲᠡᠭᠡᠷ᠎ᠡ ᠨᠢ ᠶᠠᠳᠠᠭᠤ ᠶᠢ ᠲᠡᠳᠬᠦᠬᠦ ᠠᠵᠢᠯ ᠢ ᠠᠬᠢᠭᠤᠯᠵᠣ ᠡᠮᠡᠭᠳᠡᠶᠢᠴᠣᠳ ᠤᠨ ᠬᠤᠭᠤᠷᠣᠨᠳᠣᠭᠢ ᠨᠦᠬᠦᠷᠯᠡᠯ ᠢ ᠵᠣᠵᠠᠭᠠᠳᠬᠠᠵᠡᠢ᠃
     ᠡᠮᠡᠭᠳᠡᠢ ᠬᠦᠮᠣᠨ ᠪᠣᠯ ᠬᠦᠮᠣᠨ ᠲᠦᠷᠣᠯᠬᠢᠳᠡᠨ ᠤ ᠪᠣᠯᠪᠠᠰᠣᠨ ᠤ ᠬᠦᠭᠵᠢᠯᠳᠡ ᠶᠢ ᠠᠬᠢᠭᠤᠯᠬᠤ ᠠᠭᠤᠣ ᠶᠡᠭᠡ ᠬᠦᠴᠣᠨ ᠪᠢᠯᠡ᠃ ᠭᠠᠯᠠᠭᠤᠳᠣ ᠪᠠᠯᠭᠠᠰᠣᠨ ᠤ ᠪᠣᠵᠡᠢ ᠭᠠᠴᠠᠭᠠᠨ ᠤ ᠡᠮᠡᠭᠳᠡᠶᠢᠴᠣᠳ ᠡᠨᠡ ᠬᠦ ᠠᠭᠤᠯᠣᠭᠳᠠᠬᠤᠨ ᠢ ᠦᠨᠡᠨ ᠬᠦ ᠬᠠᠷᠠᠭᠤᠯᠵᠤ᠂ ᠣᠶᠣᠨ ᠴᠢᠳᠠᠪᠣᠷᠢ ᠬᠤᠣᠰᠯᠠᠭᠰᠠᠨ ᠰᠢᠨ᠎ᠡ ᠴᠠᠭ ᠦᠶ᠎ᠡ ᠶᠢᠨ ᠡᠮᠡᠭᠳᠡᠶᠢᠴᠣᠳ ᠪᠤᠯᠤᠭᠰᠠᠨ ᠪᠠᠶᠢᠨ᠎ᠠ᠂ ᠲᠡᠳᠡ ᠪᠣᠯ ᠰᠢᠨ᠎ᠡ ᠴᠠᠭ ᠦᠶ᠎ᠡ ᠶᠢᠨ ᠣᠷᠣᠭᠰᠢᠯᠡᠯᠳᠠ ᠶᠢᠨ ᠬᠦᠴᠣᠨ᠂ ᠲᠦᠭ ᠲᠦᠮᠡᠨ ᠠᠶᠢᠯ ᠤᠳ ᠤᠨ ᠬᠡᠷ ᠤᠨ ᠴᠢᠮᠡᠭ ᠪᠠᠶᠢᠭ᠎ᠠ ᠶᠤᠮ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号