ᠡᠷᠳᠡᠨᠢᠴᠤᠭᠲᠤ ᠶᠢᠨ ᠬᠢᠨ ᠪᠤᠯ ᠣᠯᠠᠭᠠᠨᠳᠣᠯᠣᠭᠠᠢ ᠪᠠᠯᠭᠠᠰᠣᠨ ᠤ ᠪᠠᠶ᠋ᠬᠠᠣᠪᠣᠭ᠎ᠠ ᠭᠠᠴᠠᠭᠠᠨ ᠤ 2018 | ᠤᠨ ᠳᠤ ᠰᠢᠨ᠎ᠠ ᠪᠠᠷ ᠳᠣᠭᠳᠠᠭᠠᠭᠳᠠᠭᠰᠠᠨ ᠶᠠᠳᠠᠭᠤ ᠭᠦᠴᠢᠷᠳᠡᠯᠲᠡᠢ ᠡᠷᠦᠬᠡ ᠪᠤᠯᠤᠨ᠎ᠠ᠃ ᠡᠨᠡ ᠵᠢᠯ ᠵᠠᠰᠠᠭ ᠤᠨ | ᠤᠷᠳᠤᠨ ᠠᠴᠠ ᠲᠡᠭᠦᠨ ᠳᠤ ᠠᠵᠣ ᠣᠶᠢᠯᠡᠰ ᠢᠶᠠᠷ ᠶᠠᠳᠠᠭᠤ ᠶᠢ ᠳᠡᠳᠬᠦᠬᠦ᠂ ᠡᠷᠡᠭᠦᠯ ᠡᠩᠬᠡ ᠶᠢᠨ ᠦᠢᠯᠡᠰ ᠢᠶᠠᠷ | ᠶᠠᠳᠠᠭᠤ ᠶᠢ ᠳᠡᠳᠬᠦᠬᠦ ᠪᠤᠯᠤᠨ ᠠᠵᠢᠯ ᠤᠯᠭᠤᠯᠲᠠ ᠪᠠᠷ ᠶᠠᠳᠠᠭᠤ ᠶᠢ ᠳᠡᠳᠬᠦᠬᠦ ᠵᠡᠷᠭᠡ ᠶᠢ ᠪᠠᠭᠳᠠᠭᠠᠭᠰᠠᠨ ᠨᠢᠬᠡᠨ | ᠰᠢᠷᠢᠰ ᠶᠠᠳᠠᠭᠤ ᠳᠡᠳᠭᠦᠯᠳᠡ ᠶᠢᠨ ᠲᠦᠷᠦ ᠪᠣᠳᠣᠯᠭ᠎ᠠ ᠶᠢ ᠭᠡᠷᠡᠭᠵᠢᠭᠦᠯᠣᠭ᠍ᠰᠡᠨ ᠠᠴᠠ ᠳᠡᠭᠦᠨ ᠤ ᠢᠳᠡᠭᠡᠯ ᠵᠣᠷᠢᠭ | ᠬᠦᠪᠴᠢᠯᠡᠭᠳᠡᠨ ᠠᠵᠣ ᠠᠮᠢᠳᠣᠷᠠᠯ ᠨᠢ ᠳᠡᠭᠵᠢᠷᠠᠨ ᠰᠠᠶᠢᠵᠢᠷᠠᠯ᠎ᠠ᠃ | ᠣᠶᠢᠷ᠎ᠠ ᠶᠢᠨ ᠡᠳᠣᠷ᠂ ᠤᠯᠠᠭᠠᠨᠲᠤᠯᠤᠭᠠᠢ ᠪᠠᠯᠭᠠᠰᠤᠨ ᠤ ᠪᠠᠶ᠋ᠬᠠᠤᠪᠤᠭ᠎ᠠ ᠭᠠᠴᠠᠭ᠎ᠠ ᠶᠢ ᠳᠠᠭᠠᠭᠠᠴᠢᠯᠡᠨ | ᠳᠡᠳᠭᠦᠵᠤ ᠪᠠᠶᠢᠭ᠎ᠠ ᠬᠤᠰᠢᠭᠤ ᠬᠢᠨᠠᠨ ᠪᠤᠳᠤᠬᠤ ᠲᠤᠪᠴᠢᠶ᠎ᠠ ᠪᠠ ᠪᠠᠯᠭᠠᠰᠤ᠂ ᠭᠠᠴᠠᠭᠠᠨ ᠤ ᠨᠠᠶᠠᠭᠠᠳ ᠺᠠᠳ᠋ᠷ | ᠠᠵᠢᠯᠲᠠᠨ ᠬᠠᠮᠳᠣᠷᠠᠨ ᠬᠤᠨᠢ ᠮᠠᠯ ᠤᠨ ᠬᠢᠨᠢ ᠦᠰᠦᠯᠲᠡ ᠳᠤ ᠳᠣᠰᠠ ᠦᠵᠡᠬᠦᠯᠭᠦ ᠪᠠᠷ ᠡᠷᠳᠡᠨᠢᠴᠣᠭᠳᠣ ᠶᠢᠨ 200 | ᠭᠠᠷᠣᠢ ᠮᠣ᠋ ᠶᠢᠨ ᠡᠯᠡᠰᠣᠷᠭᠡᠭᠵᠢᠭᠰᠡᠨ ᠪᠠᠯᠴᠢᠬᠡᠷ ᠳᠡᠭᠡᠷ᠎ᠡ ᠰᠢᠪᠠᠭ ᠪᠣᠷᠭᠠᠰᠣ ᠳᠠᠷᠢᠨ ᠬᠠᠯᠬᠠᠪᠴᠢ ᠣᠢ ᠪᠤᠰᠬᠠᠯ᠎ᠠ᠃ | ᠡᠷᠳᠡᠨᠢᠴᠤᠭᠲᠤ ᠴᠣ᠋ ᠳᠠᠶᠠᠭᠠᠷ ᠲᠠᠢ ᠬᠠᠮᠳᠣ ᠪᠠᠷ ᠨᠣᠳᠤᠭ ᠪᠡᠯᠴᠢᠭᠡᠷ ᠢᠶᠠᠨ ᠣᠶᠢᠵᠢᠭᠤᠯᠣᠨ ᠨᠣᠭᠤᠭᠠᠷᠠᠭᠤᠯᠵᠣ ᠮᠠᠯ | ᠰᠦᠷᠣᠭ᠌ ᠢᠶᠠᠨ ᠦᠨᠢᠷ ᠦᠰᠬᠡᠬᠦ ᠪᠠᠷ ᠪᠡᠶᠠᠷ ᠬᠦᠷ ᠲᠠᠢ ᠠᠵᠢᠯᠯᠠᠵᠣ ᠪᠠᠶᠢᠯ᠎ᠠ᠃ | ᠡᠷᠳᠡᠨᠢᠴᠤᠭᠲᠤ ᠡᠬᠡᠨᠡᠷ ᠲᠠᠢ ᠪᠠᠨ ᠬᠤᠶᠠᠭᠤᠯᠠ ᠵᠡᠮᠳᠡᠭ ᠮᠦᠷᠲᠡᠭᠡᠨ ᠡᠪᠡᠳᠴᠢᠨ ᠵᠣᠪᠠᠯᠠᠩ ᠳᠤ | ᠨᠡᠷᠪᠡᠭᠳᠡᠭᠰᠡᠨ ᠠᠴᠠ ᠬᠦᠨᠳᠤ ᠠᠵᠢᠯ ᠬᠢᠵᠦ ᠲᠡᠶᠢᠯᠬᠦ ᠦᠭᠡᠢ᠂ ᠨᠤᠲᠤᠭ ᠪᠠᠯᠴᠢᠭᠡᠷ ᠲᠠᠷᠢᠶᠠᠨ ᠭᠠᠵᠠᠷ ᠨᠢ ᠴᠤ ᠪᠠᠭ᠎ᠠ | ᠠᠴᠠ ᠪᠤᠯᠵᠤ 2018 ᠤᠨ ᠳᠤ ᠲᠠᠩᠰᠠ ᠡᠪᠬᠡᠮᠡᠯ ᠪᠠᠶᠢᠭᠤᠯᠤᠭᠰᠠᠨ ᠶᠠᠳᠠᠭᠤ ᠭᠦᠴᠢᠷᠳᠡᠯᠲᠡᠢ ᠡᠷᠦᠬᠡ ᠪᠣᠯᠣᠭᠰᠠᠨ | ᠪᠠᠶᠢᠨ᠎ᠠ᠃ ᠵᠠᠰᠠᠭ ᠤᠨ ᠤᠷᠳᠤᠨ ᠠᠴᠠ ᠲᠡᠳᠡᠨ ᠤ ᠭᠡᠷ ᠤᠨ ᠪᠣᠳᠡᠳᠣ ᠪᠠᠶᠢᠳᠠᠯ ᠶᠢ ᠦᠨᠳᠣᠰᠣᠯᠡᠨ ᠨᠢᠭᠡ ᠰᠠᠭᠠᠯᠢ | ᠶᠢᠨ ᠦᠨᠢᠶ᠎ᠡ ᠪᠤᠯᠤᠨ ᠭᠤᠷᠪᠠᠨ ᠬᠦᠷᠳᠤᠲᠤ ᠮᠣᠲ᠋ᠣᠷ ᠠᠪᠴᠣ ᠦᠭᠬᠦᠨ ᠡᠷᠳᠡᠨᠢᠴᠣᠭᠳᠣ ᠶᠢᠨ ᠡᠬᠡᠨᠡᠷ ᠨᠢ ᠰᠦ | ᠰᠠᠭᠠᠯᠢ ᠴᠠᠭᠠᠨ ᠢᠳᠡᠭᠡ ᠭᠢᠵᠤ ᠪᠣᠷᠣᠯᠠᠭᠤᠯᠤᠨ᠂ ᠡᠷᠳᠡᠨᠢᠴᠣᠭᠳᠣ ᠭᠤᠷᠪᠠᠨ ᠬᠦᠷᠳᠤᠲᠤ ᠮᠣᠲ᠋ᠣᠷ ᠳᠡᠷᠭᠡ ᠪᠠᠷ ᠢᠶᠠᠨ | ᠭᠠᠴᠠᠭᠠᠨ ᠤ ᠬᠤᠭ ᠨᠤᠪᠰᠢ ᠶᠢ ᠴᠡᠪᠡᠷᠯᠡᠳᠡᠭ ᠠᠴᠠ ᠵᠣᠬᠢᠬᠤ ᠣᠷᠣᠯᠭ᠎ᠠ ᠲᠠᠢ ᠪᠣᠯᠣᠯ᠎ᠠ᠃ ᠡᠭᠦᠨ ᠤ ᠬᠠᠮᠲᠤ ᠲᠡᠳᠡᠨ | ᠤ ᠬᠢᠨ ᠳᠤ ᠴᠠᠬᠢᠯᠭᠠᠨ ᠨᠠᠪᠳᠠᠷᠡᠭᠦᠯᠬᠦ᠂ ᠬᠤᠨᠢᠨ ᠰᠠᠷᠠᠪᠴᠢ ᠪᠠᠷᠢᠬᠤ᠂ ᠳᠦᠯᠵᠢᠬᠦ ᠬᠤᠨᠢ ᠪᠣᠯᠣᠨ ᠮᠢᠬᠠᠨ ᠬᠤᠨᠢ | ᠠᠪᠴᠣ ᠦᠭᠬᠦ ᠵᠡᠷᠭᠡ ᠪᠣᠳᠡᠳᠡᠢ ᠠᠷᠭ᠎ᠠ ᠪᠠᠷ ᠠᠵᠣ ᠣᠶᠢᠯᠡᠰ ᠢᠶᠠᠨ ᠬᠦᠭᠵᠢᠬᠦᠯᠬᠦ ᠰᠠᠭᠤᠷᠢ ᠪᠦᠳᠣᠭᠡᠨ | ᠪᠠᠶᠢᠭᠤᠯᠣᠯᠳᠠ ᠶᠢ ᠪᠠᠬᠢᠵᠢᠭᠦᠯᠵᠣ᠂ ᠮᠠᠯ ᠲᠠᠷᠢᠶᠠᠯᠡᠩ ᠤᠨ ᠮᠡᠷᠭᠡᠵᠢᠯ ᠤᠨ ᠪᠣᠯᠪᠠᠰᠣᠷᠠᠯ ᠳᠤ ᠣᠷᠣᠯᠴᠠᠭᠤᠯᠣᠨ | ᠲᠠᠷᠢᠵᠤ ᠮᠠᠯᠵᠢᠬᠤ ᠮᠡᠷᠭᠡᠵᠢᠯ ᠢ ᠨᠢ ᠳᠡᠭᠡᠭᠰᠢᠯᠡᠭᠦᠯᠣᠨ ᠣᠷᠣᠯᠭ᠎ᠠ ᠶᠢᠨ ᠨᠡᠮᠡᠭᠳᠡᠯ ᠢ ᠦᠷᠭᠡᠳᠬᠡᠭᠰᠡᠨ ᠪᠠᠶᠢᠨ᠎ᠠ᠃ ᠡᠨ᠋ᠨ | ᠵᠢᠯ ᠡᠷᠳᠡᠨᠢᠴᠣᠭᠳᠣ ᠶᠢᠨ ᠬᠢᠨ 50 ᠮᠤ᠋ ᠶᠢᠨ ᠡᠷᠳᠡᠨᠢ ᠰᠢᠰᠢ ᠶᠢᠨ ᠲᠠᠷᠢᠶᠠᠨ ᠠᠴᠠ 5 ᠲᠦᠮᠡ ᠭᠠᠷᠦᠢ ᠵᠢᠩ | ᠡᠷᠳᠡᠨᠢ ᠰᠢᠰᠢ ᠬᠤᠷᠢᠶᠠᠵᠣ 3.5 ᠲᠦᠮᠡᠨ ᠲᠦᠭᠦᠷᠢᠭ ᠤᠨ ᠤᠷᠤᠯᠭ᠎ᠠ ᠣᠯᠬᠤ ᠪᠠᠷ ᠪᠠᠶᠢᠵᠣ᠂ ᠶᠠᠳᠠᠭᠤ ᠠᠴᠠ | ᠠᠩᠬᠢᠵᠢᠷᠠᠬᠤ ᠪᠠᠷᠢᠮᠵᠢᠶᠠᠨ ᠳᠤ ᠬᠦᠷᠣᠭᠡᠳ ᠢᠷᠡᠬᠦ ᠵᠢᠯ ᠤᠨ ᠳᠡᠭᠵᠢᠷᠡᠯᠳᠣ ᠠᠮᠢᠳᠣᠷᠠᠯ ᠢᠶᠠᠨ ᠢᠳᠡᠭᠡᠯ ᠳᠦᠭᠦᠷᠡᠩ | ᠢᠶᠠᠷ ᠣᠭᠳᠣᠯ᠎ᠠ᠃ | |