ᠤᠷᠤᠰᠢᠨ ᠰᠠᠭᠤᠷᠢᠰᠢᠬᠤ ᠤᠷᠴᠢᠨ ᠲᠤᠭᠤᠷᠢᠨ ᠢ ᠴᠡᠭᠴᠡᠯᠡᠨ ᠵᠠᠰᠠᠵᠤ ᠠᠷᠢᠭᠤᠨ ᠴᠡᠪᠡᠷ᠂ ᠪᠤᠯᠪᠠᠰᠤᠨ᠂ | ᠡᠮᠬᠢ ᠴᠡᠭᠴᠡᠲᠠᠢ ᠤᠷᠴᠢᠨ ᠲᠤᠭᠤᠷᠢᠨ ᠢ ᠪᠤᠢ ᠪᠤᠯᠭᠠᠬᠤ ᠶᠢᠨ ᠲᠦᠯᠦᠬᠡ ᠤᠶᠢᠷ᠎ᠠ ᠶᠢᠨ ᠡᠳᠦᠷ ᠲᠤᠭ ᠪᠠᠯᠭᠠᠰᠤ ᠡᠯ᠎ᠡ | ᠶᠡᠭᠡ ᠠᠵᠤ ᠠᠬᠤᠶᠢᠯᠠᠯ ᠤᠨ ᠠᠵᠢᠯᠴᠢᠨ᠂ ᠬᠤᠪᠢ ᠶᠢᠨ ᠡᠵᠡᠩᠨᠡᠯᠳᠡ ᠶᠢᠨ ᠦᠢᠯᠡᠳᠪᠦᠷᠢ ᠬᠤᠳᠠᠯᠳᠤᠭᠠᠨ ᠤ | ᠡᠵᠡᠩᠨᠡᠭᠴᠢ᠂ ᠮᠠᠯᠴᠢᠨ ᠲᠠᠷᠢᠶᠠᠴᠢᠨ ᠤ ᠲᠦᠯᠦᠬᠡᠯᠡᠭᠴᠢ᠂ ᠪᠠᠭᠰᠢ ᠶᠢᠨ ᠲᠦᠯᠦᠬᠡᠯᠡᠭᠴᠢ᠂ ᠡᠯ᠎ᠡ ᠭᠠᠴᠠᠭ᠎ᠠ ᠲᠤᠰᠬᠤᠨ | ᠤ ︽ᠭᠤᠷᠪᠠᠨ ᠵᠦᠪᠯᠡᠯ︾ ᠤᠨ ᠬᠡᠰᠢᠬᠦᠨ᠂ ᠤᠷᠴᠢᠨ ᠲᠤᠭᠤᠷᠢᠨ ᠤ ᠴᠡᠪᠡᠷᠯᠡᠭᠴᠢ᠂ ᠡᠯ᠎ᠡ ᠪᠠᠶᠢᠭᠤᠯᠭ᠎ᠠ ᠶᠢᠨ | ᠠᠵᠢᠯᠲᠠᠨ᠂ ᠲᠤᠭ ᠪᠠᠯᠭᠠᠰᠤᠨ ᠤ ᠪᠦᠬᠦ ᠺᠠᠳ᠋ᠷ ᠠᠵᠢᠯᠳᠠᠨ ᠨᠡᠶᠢᠳᠡ 1500 ᠭᠠᠷᠤᠢ ᠬᠦᠮᠦᠨ ᠢ ᠵᠤᠬᠢᠶᠠᠨ | ᠪᠠᠶᠢᠭᠤᠯᠤᠨ ᠪᠠᠯᠭᠠᠰᠤᠨ ᠲᠤᠭᠤᠷᠢᠭ ᠤᠨ ᠵᠡᠬᠡᠯᠢ ᠭᠤᠳᠤᠮᠵᠢ ᠶᠢ ᠴᠡᠪᠡᠷᠯᠡᠬᠦ ᠠᠵᠢᠯᠯᠠᠭ᠎ᠠ ᠳᠤ ᠤᠷᠤᠯᠴᠠᠭᠤᠯᠵᠤ ᠤᠯᠠᠨ | ᠲᠦᠮᠡᠨ ᠤ ᠮᠠᠭᠳᠠᠭᠠᠯ ᠰᠠᠶᠢᠰᠢᠶᠠᠯ ᠢ ᠤᠯᠤᠭᠰᠠᠨ ᠪᠠᠶᠢᠨ᠎ᠠ᠃ | ᠠᠵᠢᠯᠯᠠᠭᠠᠨ ᠳᠤ ᠲᠠᠶᠠᠭᠠᠷ ᠢᠶᠠᠨ ᠬᠦᠴᠢᠷ ᠪᠡᠷᠭᠡ ᠪᠤᠵᠠᠷ ᠪᠤᠷᠳᠠᠭ ᠢ ᠦᠯᠦ ᠬᠠᠶᠢᠬᠤᠷᠤᠨ ᠦᠪᠡᠷ ᠦᠪᠡᠷ ᠤᠨ | ᠬᠤᠪᠢᠳᠠᠵᠤ ᠠᠪᠤᠭᠰᠠᠨ ᠬᠡᠰᠡᠭ ᠢᠶᠠᠨ ᠴᠡᠪᠡᠷᠯᠡᠬᠦ ᠶᠢᠨ ᠬᠠᠮᠲᠤ ᠲᠤᠷ᠎ᠠ ᠪᠠᠷ ᠡᠷᠦᠢ ᠬᠤᠷᠤᠢ ᠦᠬᠡᠢ ᠤᠪᠤᠭᠠᠯᠠᠭᠰᠠᠨ | ᠪᠤᠳᠠᠰ ᠪᠠ ᠲᠡᠷᠭᠡ ᠮᠠᠰᠢᠨ ᠢ ᠲᠤᠷ᠎ᠠ ᠪᠠᠷ ᠵᠤᠭᠰᠤᠭᠠᠭᠰᠠᠨ ᠵᠡᠷᠭᠡ ᠠᠰᠠᠭᠤᠳᠠᠯ ᠢ ᠵᠠᠰᠠᠨ ᠴᠡᠭᠴᠡᠯᠡᠵᠦ ᠪᠦᠬᠦ | ᠪᠠᠯᠭᠠᠰᠤᠨ ᠤ ᠤᠷᠴᠢᠨ ᠲᠤᠭᠤᠷᠢᠨ ᠤ ᠴᠡᠪᠡᠷ ᠠᠷᠢᠭᠤᠨ ᠢ ᠪᠠᠲᠤᠯᠠᠪᠠ᠃ | ᠤᠶᠢᠯᠠᠭᠠᠭᠰᠠᠨ ᠢᠶᠠᠷ᠂ ᠡᠨᠡ ᠤᠳᠠᠭ᠎ᠠ 7 ᠬᠤᠭ ᠤᠨ ᠲᠡᠷᠭᠡ ᠬᠦᠳᠡᠯᠦᠯᠴᠡᠨ 25 ᠲᠤᠨ ᠬᠤᠭ ᠨᠤᠪᠰᠢ ᠶᠢ | ᠰᠢᠢᠳᠪᠦᠷᠢᠯᠡᠭᠰᠡᠨ ᠪᠠᠶᠢᠨ᠎ᠠ᠃ ᠲᠤᠭ ᠪᠠᠯᠭᠠᠰᠤ ᠨᠢ 10 ᠰᠠᠷ᠎ᠠ ᠠᠴᠠ ᠡᠬᠢᠯᠡᠨ ᠰᠠᠷ᠎ᠠ ᠪᠦᠷᠢ ᠶᠢᠨ 7 ᠤ ᠡᠳᠦᠷ ᠢ | ᠤᠷᠴᠢᠨ ᠲᠤᠭᠤᠷᠢᠨ ᠢ ᠴᠡᠭᠴᠡᠯᠡᠨ ᠵᠠᠰᠠᠬᠤ ᠡᠳᠦᠷ ᠢᠶᠠᠷ ᠲᠤᠭᠳᠠᠭᠠᠵᠤ ᠠᠰᠠᠭᠤᠳᠠᠯ ᠢᠯᠡᠷᠡᠪᠡᠯ ᠴᠠᠭ ᠲᠠᠷᠤᠢ ᠳᠤᠨᠢ | ᠴᠡᠭᠴᠡᠯᠡᠯᠲᠡ ᠬᠢᠵᠤ ᠲᠦᠷᠢᠮᠵᠢᠭᠰᠡᠨ᠂ ᠠᠷᠢᠭᠤᠨ ᠴᠡᠪᠡᠷ ᠤᠷᠴᠢᠨ ᠲᠤᠭᠤᠷᠢᠨ ᠢ ᠪᠠᠳᠤᠯᠠᠵᠤ ᠪᠤᠢ᠃ | | |