ᠬᠤᠳᠠ ᠶᠢᠨ ᠡᠳ᠋ ᠤᠨ ᠵᠠᠰᠠᠭ ᠤᠨ ᠲᠤᠪᠴᠢᠶ᠎ᠠ ᠶᠢᠨ ᠨᠠᠮ ᠤᠨ ᠲᠤᠭᠤᠶᠢᠯᠠᠩ ᠤᠨ ᠱᠥᠵᠢ ᠲᠤᠪᠴᠢᠶᠠᠨ ᠲᠠᠷᠤᠭ᠎ᠠ ᠸᠠᠩ ᠷᠥᠢ ᠮᠠᠨ ᠤ ᠬᠤᠰᠢᠭᠤᠨ ᠤ ᠶᠠᠳᠠᠭᠤ ᠶᠢ ᠲᠠᠳᠭᠦᠭᠦ ᠪᠡᠯᠡ ᠮᠥᠩᠭᠦ ᠶᠢ ᠣᠯᠭᠤᠬᠤ ᠵᠡᠷᠭᠡ ᠡᠳ᠋ ᠤᠨ ᠵᠠᠰᠠᠭ ᠤᠨ ᠭᠤᠤᠯᠳᠠᠯᠭ᠎ᠠ ᠲᠠᠢ ᠠᠵᠢᠯ ᠳᠤ ᠪᠠᠶᠢᠴᠠᠭᠠᠨ ᠰᠤᠳᠤᠯᠤᠯᠳᠠ ᠬᠢᠪᠡ
ᠨᠡᠶᠢᠲᠡᠯᠡᠭᠰᠡᠨ ᠴᠠᠭ᠄
2018-11-16
     11 ᠰᠠᠷ᠎ᠠ ᠶᠢᠨ 13 ᠤ ᠡᠳᠦᠷ᠂ ᠬᠤᠳᠠ ᠶᠢᠨ ᠡᠳ᠋ ᠤᠨ ᠵᠠᠰᠠᠭ ᠤᠨ ᠲᠤᠪᠴᠢᠶᠠᠨ ᠤ ᠲᠠᠷᠤᠭ᠎ᠠ ᠸᠠᠩ ᠷᠥᠢ ᠮᠠᠨ ᠤ ᠬᠤᠰᠢᠭᠤᠨ ᠤ ᠶᠠᠳᠠᠭᠤ ᠶᠢ ᠲᠠᠳᠭᠦᠭᠦ ᠪᠡᠯᠡ ᠮᠥᠩᠭᠦ ᠶᠢ ᠣᠯᠭᠤᠬᠤ ᠵᠡᠷᠭᠡ ᠡᠳ᠋ ᠤᠨ ᠵᠠᠰᠠᠭ ᠤᠨ ᠭᠤᠤᠯᠳᠠᠯᠭ᠎ᠠ ᠲᠠᠢ ᠠᠵᠢᠯ ᠳᠤ ᠪᠠᠶᠢᠴᠠᠭᠠᠨ ᠰᠤᠳᠤᠯᠤᠯᠳᠠ ᠭᠢᠭᠦ ᠶᠢᠨ ᠬᠠᠮᠳᠤ ᠬᠤᠰᠢᠭᠤ ᠡᠳ᠋ ᠤᠨ ᠵᠠᠰᠠᠭ ᠤᠨ ᠲᠤᠪᠴᠢᠶᠠᠨ ᠳᠤ ᠰᠠᠭᠤᠳᠠᠯ ᠤᠨ ᠬᠤᠷᠠᠯ ᠬᠤᠷᠠᠯᠳᠤᠭᠤᠯᠤᠭᠰᠠᠨ ᠪᠠᠶᠢᠨ᠎ᠠ᠃ ᠬᠤᠳᠠ ᠶᠢᠨ ᠡᠳ᠋ ᠤᠨ ᠵᠠᠰᠠᠭ ᠤᠨ ᠲᠤᠪᠴᠢᠶᠠᠨ ᠤ ᠲᠠᠷᠤᠭ᠎ᠠ ᠸᠠᠩ ᠷᠥᠢ᠂ ᠬᠤᠰᠢᠭᠤ ᠨᠠᠮ ᠤᠨ ᠬᠤᠷᠢᠶᠠᠨ ᠤ ᠲᠡᠳ᠋ ᠱᠥᠵᠢ ᠬᠤᠰᠢᠭᠤ ᠤᠷᠤᠯᠠᠭᠴᠢ ᠲᠠᠷᠤᠭ᠎ᠠ ᠵᠤᠤ ᠹᠸᠢ ᠯᠤ᠋᠂ ᠬᠤᠰᠢᠭᠤ ᠳᠡᠳ᠋ ᠳᠠᠷᠤᠭ᠎ᠠ ᠪᠠᠶᠠᠨᠴᠡᠩᠬᠡᠯ ᠪᠤᠯᠤᠨ ᠬᠤᠰᠢᠭᠤ ᠵᠠᠰᠠᠭ ᠤᠨ ᠤᠷᠳᠤᠨ ᠤ ᠠᠯᠪᠠᠨ ᠭᠡᠷ᠂ ᠡᠳ᠋ ᠤᠨ ᠵᠠᠰᠠᠭ ᠤᠨ ᠲᠤᠪᠴᠢᠶ᠎ᠠ ᠶᠢᠨ ᠬᠠᠷᠢᠭᠤᠴᠠᠯᠭᠠᠳᠠᠨ ᠰᠠᠭᠤᠳᠠᠯ ᠤᠨ ᠬᠤᠷᠠᠯ ᠳᠤ ᠤᠷᠤᠯᠴᠠᠪᠠ᠃      ᠬᠤᠷᠠᠯ ᠲᠡᠭᠡᠷ᠎ᠡ ᠪᠠᠶᠠᠨᠴᠡᠩᠬᠡᠯ ᠮᠠᠨ ᠤ ᠬᠤᠰᠢᠭᠤᠨ ᠤ ᠡᠳ᠋ ᠤᠨ ᠵᠠᠰᠠᠭ ᠤᠨ ᠡᠷᠭᠢᠯᠳᠠ ᠶᠢᠨ ᠪᠠᠶᠢᠳᠠᠯ᠂ ᠶᠠᠳᠠᠭᠤ ᠶᠢ ᠲᠠᠳᠭᠦᠭᠦ ᠪᠡᠯᠡ ᠮᠥᠩᠭᠦ ᠶᠢ ᠣᠯᠭᠤᠭᠰᠠᠨ ᠪᠠᠶᠢᠳᠠᠯ ᠪᠤᠯᠤᠨ ᠤᠷᠤᠰᠢᠵᠤ ᠪᠠᠶᠢᠭ᠎ᠠ ᠠᠰᠠᠭᠤᠳᠠᠯ ᠵᠢᠴᠢ 2019 ᠤᠨ ᠤ ᠡᠳ᠋ ᠤᠨ ᠵᠠᠰᠠᠭ ᠤᠨ ᠤᠷᠤᠯᠭ᠎ᠠ ᠶᠢᠨ ᠲᠥᠰᠥᠪ ᠤᠨ ᠪᠠᠶᠢᠳᠠᠯ ᠳᠤ ᠬᠠᠷᠢᠭᠤ ᠮᠡᠳᠡᠭᠦᠯᠥᠯᠳᠠ ᠭᠢᠪᠠ      ᠸᠠᠩ ᠷᠥᠢ ᠵᠢᠭᠠᠵᠤ ᠭᠠᠷᠭᠠᠬᠤ ᠳᠤ ᠪᠠᠨ᠂ ᠤᠷᠴᠢᠮ ᠤᠨ ᠵᠢᠯ ᠠᠴᠠ ᠨᠠᠰᠢ ᠠᠵᠤ ᠠᠬᠤᠢ ᠶᠢᠨ ᠲᠠᠷᠤᠭᠠᠰᠤ ᠭᠥᠨᠳᠤ᠂ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ ᠶᠢᠨ ᠵᠥᠷᠢᠴᠠᠯ ᠲᠤᠪᠤᠶᠢᠭᠰᠠᠨ ᠪᠠᠶᠢᠳᠠᠯ ᠲᠤᠤᠷ᠎ᠠ ᠥᠥᠰᠢᠨ ᠬᠤᠰᠢᠭᠤᠨ ᠤ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠬᠤᠰᠢᠭᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠵᠥᠪ ᠤᠨᠤᠪᠴᠢᠳᠠᠢ ᠤᠳᠤᠷᠢᠳᠤᠯᠭ᠎ᠠ ᠲᠤᠤᠷ᠎ᠠ ᠤᠯᠠᠨ ᠠᠷᠭ᠎ᠠ ᠵᠠᠮ ᠢ ᠭᠡᠷᠡᠭᠯᠠᠨ ᠡᠳ᠋ ᠤᠨ ᠵᠠᠰᠠᠭ ᠤᠨ ᠭᠠᠶᠢᠯᠢ ᠶᠢᠨ ᠤᠷᠤᠯᠭ᠎ᠠ ᠶᠢᠨ ᠨᠡᠮᠡᠭᠳᠠᠯ ᠢ ᠴᠢᠩᠭ᠎ᠠ ᠠᠳᠬᠤᠵᠤ ᠡᠯ᠎ᠠ ᠲᠥᠷᠥᠯ ᠤᠨ ᠵᠠᠷᠤᠯᠭ᠎ᠠ ᠶᠢ ᠪᠠᠳᠤᠯᠠᠨ ᠡᠳ᠋ ᠤᠨ ᠵᠠᠰᠠᠭ ᠤᠨ ᠢᠳᠡᠪᠭᠢᠳᠠᠢ ᠥᠢᠯᠡᠳᠤᠯ ᠢᠶᠠᠨ ᠪᠠᠳᠠᠷᠠᠭᠤᠯᠤᠭᠰᠠᠨ ᠪᠠᠶᠢᠨ᠎ᠠ᠃ ᠭᠤᠷᠪᠠᠨ ᠶᠡᠭᠡ ᠪᠤᠭᠤᠮᠳᠠ ᠰᠢᠪᠳᠤᠯᠬᠤ ᠲᠠᠶᠢᠯᠠᠯᠳᠤᠭᠠᠨ ᠪᠤᠯ ᠴᠢᠨᠡᠭᠡᠯᠢᠭ ᠨᠠᠶᠢᠭᠡᠮ ᠢ ᠪᠥᠭᠦ ᠲᠠᠯ᠎ᠠ ᠪᠠᠷ ᠪᠠᠶᠠᠯᠠᠭᠦᠯᠭᠦ ᠰᠶᠢᠳᠪᠤᠷᠢᠲᠤ ᠢᠯᠠᠯᠳᠠ ᠶᠢ ᠤᠯᠬᠤ ᠴᠢᠬᠤᠯᠠ ᠶᠡᠭᠡ ᠤᠯᠤᠰ ᠲᠥᠷᠥ ᠶᠢᠨ ᠡᠭᠦᠷᠭᠡ ᠲᠠᠢ ᠬᠤᠯᠪᠤᠭᠳᠠᠵᠤ ᠪᠠᠶᠢᠳᠠᠭ᠃ ᠡᠳ᠋ ᠤᠨ ᠵᠠᠰᠠᠭ ᠤᠨ ᠰᠠᠯᠠᠭ᠎ᠠ ᠮᠥᠴᠢᠷ ᠨᠢ ᠲᠠᠨᠢᠯᠳᠠ ᠪᠠᠨ ᠲᠡᠭᠡᠭᠰᠢᠯᠡᠭᠦᠯᠤᠨ ᠴᠢᠳᠠᠪᠤᠷᠢ ᠪᠠᠨ ᠪᠠᠳᠠᠷᠠᠭᠤᠯᠵᠤ ᠲᠥᠰᠥᠪ ᠤᠨ ᠥᠷ᠎ᠠ ᠪᠥᠳᠥᠮᠵᠢᠳᠤ ᠬᠠᠮᠢᠶᠠᠷᠤᠯᠳᠠ ᠶᠢ ᠭᠡᠷᠡᠭᠵᠢᠭᠦᠯᠤᠨ ᠵᠢᠯ ᠤᠨ ᠥᠷᠢ ᠥᠭᠴᠡᠭᠡ ᠶᠢ ᠡᠶᠠᠳᠠᠭᠦᠯᠭᠦ ᠡᠭᠦᠷᠭᠡ ᠶᠢ ᠠᠮᠵᠢᠯᠳᠠ ᠲᠠᠢ ᠪᠡᠶᠡᠯᠡᠬᠦᠯᠬᠦ ᠶᠢ ᠪᠠᠳᠤᠯᠬᠠᠤ ᠭᠡᠷᠡᠭᠳᠠᠢ᠃ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠪᠡᠯᠡ ᠮᠥᠩᠭᠦ ᠶᠢ ᠪᠠᠳᠤᠯᠠᠬᠤ ᠪᠠ ᠲᠥᠷᠢᠮᠵᠢᠭᠦᠯᠤᠨ ᠭᠡᠷᠡᠭᠵᠢᠭᠦᠯᠭᠦ ᠶᠢ ᠲᠤᠪᠤᠶᠢᠮ᠎ᠠ ᠪᠠᠶᠢᠷᠢᠨ ᠳᠤ ᠲᠠᠯᠪᠢᠵᠤ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠡᠭᠦᠷᠭᠡ ᠲᠠᠢ ᠲᠤᠭᠢᠷᠠᠯᠴᠠᠭᠰᠠᠨ ᠪᠡᠯᠡ ᠤᠷᠤᠭᠤᠯᠤᠯᠳᠠ ᠶᠢᠨ ᠪᠠᠲᠤᠯᠠᠭ᠎ᠠ  ᠶᠢᠨ ᠲᠤᠭᠳᠠᠯᠴᠠᠭ᠎ᠠ ᠶᠢ ᠲᠠᠭᠦᠯᠳᠡᠷᠵᠢᠭᠦᠯᠤᠨ ᠤᠨᠢᠨ ᠲᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ  ᠳᠠᠶᠢᠯᠠᠯᠳᠤᠭᠠᠨ ᠳᠤ ᠡᠷᠡᠰ ᠴᠢᠩᠭ᠎ᠠ ᠪᠠᠲᠤᠯᠠᠭ᠎ᠠ ᠬᠠᠩᠭᠠᠬᠤ ᠭᠡᠷᠡᠭᠳᠠᠢ ᠭᠡᠵᠡᠢ᠃      ᠵᠤᠤ ᠹᠸᠢ ᠯᠤ᠋ ᠢᠯᠠᠷᠭᠡᠶᠢᠯᠠᠬᠦ ᠳᠤ ᠪᠠᠨ᠂ ᠬᠤᠳᠠ ᠶᠢᠨ ᠡᠳ᠋ ᠤᠨ ᠵᠠᠰᠠᠭ ᠤᠨ ᠰᠠᠯᠠᠭ᠎ᠠ ᠮᠥᠴᠢᠷ ᠤᠨ ᠤᠳᠠᠭᠠᠨ ᠵᠢᠯ ᠤᠨ ᠲᠤᠷᠰᠢ ᠮᠠᠨ ᠤ ᠬᠤᠰᠢᠭᠤᠨ ᠳᠤ ᠥᠵᠡᠭᠦᠯᠥᠭᠰᠠᠨ ᠬᠠᠯᠠᠮᠵᠢᠯᠠᠯ ᠲᠠᠮᠵᠢᠯᠭᠡ ᠳᠤ ᠲᠠᠯᠠᠷᠬᠠᠵᠤ ᠪᠠᠶᠢᠨ᠎ᠠ᠃ ᠬᠤᠵᠢᠮ ᠬᠤᠶᠢᠰᠢᠳᠠ ᠡᠳ᠋ ᠤᠨ ᠵᠠᠰᠠᠭ ᠤᠨ ᠡᠷᠭᠢᠯᠳᠠ᠂ ᠠᠷᠠᠳ ᠤᠨ ᠠᠮᠢᠳᠤᠷᠠᠯ ᠤᠨ ᠪᠠᠲᠤᠯᠠᠭ᠎ᠠ ᠵᠡᠷᠭᠡ ᠲᠠᠯ᠎ᠠ ᠪᠠᠷ ᠥᠷᠭᠦᠯᠵᠢᠯᠠᠨ ᠲᠠᠮᠵᠢᠯᠭᠡ ᠥᠵᠠᠭᠦᠯᠭᠦ ᠶᠢ ᠬᠦᠰᠡᠵᠦ ᠪᠠᠶᠢᠨ᠎ᠠ ᠭᠡᠵᠡᠢ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号