ᠤᠷᠠᠨ ᠪᠦᠵᠢᠭ ᠤᠶᠠᠩᠭᠠᠳᠤ ᠲᠠᠭᠤᠤ ᠪᠠᠨ ᠮᠠᠯᠴᠢᠨ ᠲᠦᠮᠡᠨ ᠳᠡᠭᠡᠨ
ᠨᠡᠶᠢᠲᠡᠯᠡᠭᠰᠡᠨ ᠴᠠᠭ᠄
2018-11-16
    ᠦᠦᠰᠢᠨ ᠬᠤᠰᠢᠭᠤᠨ ᠤ ᠰᠦᠯᠳᠡ ᠰᠤᠮᠤᠨ ᠳᠤ ᠲᠡᠭᠷᠢ ᠬᠦᠢᠳᠡᠷᠡᠨ ᠰᠠᠯᠬᠢ ᠬᠦᠳᠡᠯᠵᠦ ᠡᠬᠢᠯᠡᠭᠰᠡᠨ ᠨᠢ ᠡᠪᠦᠯ ᠪᠤᠯᠤᠬᠰᠠᠨ ᠤ ᠰᠢᠨᠵᠢ᠃ 11 ᠰᠠᠷ᠎ᠠ ᠶᠢᠨ 15 ᠤ ᠦᠳᠡ ᠶᠢᠨ ᠬᠤᠶᠢᠨ᠎ᠠ᠂ ᠰᠦᠯᠳᠡ ᠰᠤᠮᠤᠨ ᠳᠤ ᠴᠤᠬᠯᠠᠭ᠎ᠠ ᠮᠠᠶᠢᠮᠠᠢ ᠪᠤᠯᠵᠤ᠂ ᠲᠡᠷᠬᠡ ᠤᠨᠤᠭ᠎ᠠ ᠢᠪᠴᠤᠤ ᠴᠢᠬᠤᠯ ᠵᠡᠬᠡᠯᠢ ᠪᠠᠷ ᠪᠠᠭᠳᠠᠵᠤ ᠶᠠᠳᠠᠨ ᠵᠦᠷᠢᠯᠳᠦᠨ᠎ᠠ᠃ ᠬᠠᠷᠢᠨ ᠵᠠᠮ ᠤᠨ ᠬᠠᠵᠠᠭᠤ ᠳᠠᠬᠢ ︽ᠤᠯᠠᠭᠠᠠᠮᠦ᠋ᠴᠢᠷ︾ ᠬᠡᠰᠡᠨ ᠭᠤᠶᠤᠬᠠᠨ ᠦᠰᠦᠭ ᠲᠠᠢ ᠲᠤᠮᠤ ᠮᠠᠰᠢᠨ ᠤ ᠲᠡᠷᠬᠡᠳᠡ ᠤᠯᠠᠭᠠᠠᠮᠦ᠋ᠴᠢᠷ ᠤᠨ ᠭᠡᠰᠢᠬᠦᠳ ᠮᠠᠰᠢᠨ ᠲᠦᠬᠦᠬᠡᠷᠦᠮᠵᠢ ᠪᠠᠨ ᠤᠬᠰᠠᠷᠠᠭᠠᠳ ᠶᠠᠭᠠᠷᠠᠯᠳᠤᠨ᠎ᠠ᠃ ᠵᠡᠬᠡᠯᠢ ᠨᠢᠭᠤᠷᠯᠠᠬᠰᠠᠨ ᠲᠡᠯᠬᠡᠬᠦᠷ ᠤᠨ ᠡᠬᠦᠳᠡᠨ ᠳᠤ᠂ ︽ᠤᠷᠳᠤᠰ ᠮᠢᠨᠤ ᠨᠤᠳᠤᠬ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠰᠠᠨ ᠰᠠᠶᠢᠬᠠᠨ ᠬᠡᠷ ᠤᠷᠤᠨ — ᠶᠡᠷᠦᠩᠬᠡᠢ ᠱᠦᠵᠢ ᠰᠢ ᠶᠢᠨ ᠫᠢᠩ ᠤᠨ ᠤᠯᠠᠭᠠᠠᠮᠦ᠋ᠴᠢᠷ ᠲᠤ ᠬᠠᠷᠢᠭᠤ ᠵᠠᠬᠢᠳᠠᠯ ᠤᠨ ᠨᠢᠬᠡ ᠵᠢᠯ ᠤᠨ ᠤᠢ ᠶᠢᠨ ᠠᠵᠢᠯᠯᠠᠭ᠎ᠠ︾᠂ ︽ᠦᠦᠰᠢᠨ ᠬᠤᠰᠢᠭᠤᠨ ᠤ ︿ᠤᠯᠠᠭᠠᠠᠮᠦ᠋ᠴᠢᠷ ᠤᠨ ᠵᠤᠷᠢᠬ ᠰᠠᠨᠠᠭ᠎ᠠ ᠶᠢ ᠪᠠᠳᠠᠷᠠᠭᠤᠯᠵᠤ ᠠᠷᠠᠳ ᠲᠦᠮᠡᠨ ᠤ ᠲᠤᠮᠳᠠ ᠤᠴᠢᠬᠤ﹀ ᠦᠨᠳᠦᠰᠦᠨ ᠱᠠᠳᠤᠨ ᠤ ᠶᠡᠷᠦᠩᠬᠡᠶᠢᠯᠡᠭᠰᠡᠨ ᠦᠢᠯᠡᠴᠢᠯᠡᠬᠡᠨ ᠤ ᠠᠵᠢᠯᠯᠠᠭ᠎ᠠ︾ ᠵᠡᠷᠬᠡ ᠬᠡᠳᠦᠨ ᠬᠤᠷᠴᠠ ᠤᠯᠠᠭᠠᠨ ᠦᠩᠬᠡ ᠲᠠᠢ ᠬᠦᠨᠳᠡᠯᠡᠨ ᠪᠢᠴᠢᠬᠡᠰᠦ ᠡᠯᠬᠦᠵᠡᠢ᠃ ᠦᠳᠡ ᠶᠢᠨ ᠬᠤᠶᠢᠨᠠᠬᠢ 3᠄ 00 ᠴᠠᠬ ᠲᠤ᠂ ︽ᠨᠠᠶᠢᠷ︾ ᠬᠡᠬᠦ ᠲᠠᠭᠤᠤ ᠪᠦᠵᠢᠭ ᠢᠶᠠᠷ ᠲᠤᠬᠯᠠᠯᠳᠠ ᠬᠦᠰᠢᠬᠡ ᠪᠠᠨ ᠢᠷᠠᠯ᠎ᠠ᠃ ᠪᠦᠵᠢᠭᠴᠢᠳ ᠠᠶᠠᠭᠠᠨ ᠪᠦᠵᠢᠭ ᠪᠦᠵᠢᠭᠯᠡᠵᠦ ᠡᠬᠢᠯᠡᠬᠦ ᠳᠤ᠂ ᠵᠠᠮ ᠤᠨ ᠨᠦᠬᠦᠬᠡ ᠲᠠᠯ᠎ᠠ ᠳᠤ᠂ ᠦᠦᠰᠢᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶ᠎ᠠ᠂ ᠦᠦᠰᠢᠨ ᠮᠦᠽᠸᠢ᠂ ᠦᠦᠰᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠬᠠᠮᠠᠭᠠᠯᠠᠯᠳᠠ ᠶᠢᠨ ᠲᠦᠪ᠂ ᠦᠦᠰᠢᠨ ᠬᠤᠰᠢᠭᠤᠨ ᠤ ᠤᠢ ᠰᠢᠭᠤᠢ ᠶᠢᠨ ᠲᠤᠪᠴᠢᠶ᠎ᠠ ᠶᠢᠨ ᠬᠢᠨ ᠰᠢᠷᠡᠭᠡ ᠲᠡᠯᠬᠡᠨ ᠲᠠᠯᠪᠢᠵᠤ᠂ ᠪᠤᠳᠠᠰ ᠤᠨ ᠪᠤᠰᠤ ᠰᠤᠶᠤᠯ ᠤᠨ ᠦᠪ ᠤᠨ ᠮᠡᠳᠡᠯᠬᠡ ᠶᠢᠨ ᠭᠠᠷ ᠲᠡᠪᠳᠡᠷ᠂ ᠬᠠᠷ᠎ᠠ ᠪᠦᠯᠦᠭᠳᠡᠨ ᠬᠠᠷᠬᠢᠰ ᠬᠦᠴᠦᠨ ᠢ ᠠᠷᠢᠯᠭᠠᠬᠤ ᠲᠤᠬᠠᠢ ᠤᠬᠠᠭᠤᠯᠭ᠎ᠠ ᠶᠢᠨ ᠬᠠᠭᠤᠳᠠᠰᠤ ᠵᠡᠷᠬᠡ ᠶᠢ ᠬᠦᠮᠦᠰ ᠲᠤ ᠲᠠᠷᠬᠠᠭᠠᠨ ᠶᠠᠭᠠᠷᠠᠯᠳᠤᠨ᠎ᠠ᠃ ᠬᠦᠭᠵᠢᠮᠴᠢᠨ ᠠᠯᠳᠠᠠᠪᠤᠯᠠᠬ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠡᠪᠦᠯ ᠤᠨ ᠬᠦᠢᠳᠡᠨ ᠳᠤ ᠭᠠᠳᠠᠨ᠎ᠠ ᠶᠠᠩᠴᠢᠨ ᠬᠦᠭᠵᠢᠮᠳᠡᠬᠡᠳ ᠭᠠᠷ ᠵᠢᠭᠠᠬᠠᠨ ᠪᠡᠬᠡᠷᠡᠵᠦ ᠪᠠᠶᠢᠬᠰᠠᠨ ᠴᠤ ᠤᠷᠮᠠᠳᠠᠢ ᠰᠤᠨᠢᠷᠬᠠᠵᠤ ᠵᠤᠬᠰᠤᠭ᠎ᠠ ᠦᠵᠡᠭᠴᠢᠳ ᠢᠶᠠᠨ ᠬᠠᠷᠠᠭᠠᠳ ᠲᠠᠭᠠᠷᠠᠵᠤ ᠪᠡᠬᠡᠷᠡᠬᠦ ᠪᠠᠨ ᠮᠠᠷᠳᠠᠴᠢᠬᠠᠯ᠎ᠠ᠃ ᠪᠢ ᠨᠢᠬᠡ ᠵᠢᠯ ᠤᠨ ᠲᠤᠷᠰᠢ 100 ᠭᠠᠷᠤᠢ ᠤᠳᠠᠭ᠎ᠠ ᠬᠦᠳᠡᠭᠡ ᠨᠤᠳᠤᠬ ᠢᠶᠠᠷ ᠲᠤᠬᠯᠠᠯᠳᠠ ᠭᠠᠷᠭᠠᠵᠤ᠂ ᠭᠤᠤᠯᠳᠠᠭᠤ ᠶᠠᠩᠴᠢᠨ ᠬᠦᠭᠵᠢᠮᠳᠡᠵᠦ᠂ ᠵᠠᠷᠢᠮ ᠳᠠᠭᠠᠨ ᠵᠦᠴᠦᠬᠡ ᠶᠢᠨ ᠲᠦᠷᠢ ᠶᠢ ᠲᠤᠬᠯᠠᠵᠤ ᠶᠠᠪᠤᠯ᠎ᠠ᠃ ᠨᠤᠳᠤᠬ ᠤᠨ ᠠᠬᠠᠰ ᠵᠠᠬᠠᠰ ᠲᠠᠭᠠᠨ ᠦᠦᠰᠢᠨ ᠨᠤᠳᠤᠬ ᠤᠨ ᠢᠶᠠᠨ ᠲᠠᠭᠤᠤ ᠬᠦᠭᠵᠢᠮ ᠢᠶᠠᠨ ᠰᠤᠨᠢᠷᠬᠠᠭᠤᠯᠵᠤ᠂ ᠠᠷᠠᠳ ᠤᠨ ᠤᠷᠠᠯᠢᠬ ᠢᠶᠠᠨ ᠤᠯᠠᠮᠵᠢᠯᠠᠨ ᠪᠠᠳᠠᠷᠠᠭᠤᠯᠵᠤ ᠶᠠᠪᠤᠬᠤ ᠳᠤ ᠰᠡᠳᠬᠢᠯ ᠤᠷᠮᠠᠳᠠᠢ ᠪᠠᠶᠢᠨ᠎ᠠ ︾ ᠬᠡᠵᠦ ᠶᠠᠷᠢᠨ᠎ᠠ᠃       ︽ᠲᠠᠯ᠎ᠠ ᠨᠤᠳᠤᠬ ᠤᠨ ᠬᠠᠪᠤᠷ︾᠂ ︽ᠮᠤᠨᠢ ᠠᠭᠤᠯᠠ︾ ᠵᠡᠷᠬᠡ ᠲᠤᠬᠯᠠᠯᠳᠠ ᠬᠤᠷᠠᠬᠰᠠᠨ ᠤᠯᠠᠨ ᠤ ᠰᠡᠳᠬᠢᠯ ᠢ ᠪᠠᠶᠠᠰᠬᠠᠨ᠎ᠠ᠃ ᠲᠠᠭᠤᠨ ᠲᠤᠮᠤᠷᠠᠭᠤᠯᠤᠬᠴᠢ ᠵᠡᠷᠬᠡ ᠮᠠᠰᠢᠨ ᠲᠦᠬᠦᠬᠡᠷᠦᠮᠵᠢ ᠶᠢ ᠲᠤᠬᠢᠷᠠᠭᠤᠯᠤᠭᠠᠳ ᠶᠠᠭᠠᠷᠠᠵᠤ ᠰᠠᠭᠤᠭ᠎ᠠ ᠬᠠᠶᠢᠷᠬᠠᠨ᠄ ︽ᠮᠢᠺᠷᠤᠹᠤᠨ ᠤ ᠤᠳᠠᠰᠤ ᠨᠢ ᠬᠦᠯᠳᠡᠴᠢᠬᠡᠯ᠎ᠡ᠂ ᠭᠠᠳᠠᠨ᠎ᠠ ᠲᠡᠩᠳᠡᠬᠦᠦ ᠬᠦᠢᠳᠡᠨ ᠪᠠᠶᠢᠨ᠎ᠠ︾ ᠬᠡᠰᠡᠨ ᠢᠶᠠᠨ᠂ ᠬᠠᠮᠳᠤ ᠠᠵᠢᠯᠯᠠᠬᠴᠢ ᠲᠠᠢ ᠪᠠᠨ ᠨᠢᠬᠡᠨ ᠵᠡᠷᠬᠡ ᠤᠷᠤᠯᠳᠤᠵᠤ ᠪᠠᠶᠢᠭᠠᠳ ᠲᠦᠩᠬᠡᠵᠢ ᠵᠠᠰᠠᠯ᠎ᠠ᠃ ᠡᠪᠦᠯ ᠤᠨ ᠡᠬᠢᠨ ᠤ ᠵᠢᠬᠡᠬᠦᠨ ᠰᠠᠯᠬᠢ ᠱᠤᠤᠬᠢᠵᠤ ᠪᠠᠶᠢᠬᠰᠠᠨ ᠴᠤ᠂ ᠤᠯᠠᠭᠠᠠᠮᠦ᠋ᠴᠢᠷ ᠤᠨ ᠲᠤᠬᠯᠠᠬᠴᠢᠳ ᠤᠨ ᠤᠷᠮ᠎ᠠ ᠵᠤᠷᠢᠬ ᠢ ᠬᠤᠭᠤᠯᠵᠤ ᠴᠢᠳᠠᠬᠰᠠᠨ ᠦᠬᠡᠢ᠃ ᠲᠤᠬᠯᠠᠬᠴᠢᠳ ᠤᠷᠠᠨ ᠪᠦᠵᠢᠭ ᠤᠶᠠᠩᠭ᠎ᠠ ᠲᠠᠭᠤᠤ ᠪᠠᠷ ᠢᠶᠠᠨ ᠦᠵᠡᠭᠴᠢᠳ ᠤᠨ ᠰᠡᠳᠬᠢᠯ ᠢ ᠪᠦᠯᠢᠶᠡᠴᠡᠬᠦᠯᠦᠨ᠎ᠡ᠃ ᠤᠬᠠᠭᠤᠯᠭ᠎ᠠ ᠶᠢᠨ ᠬᠠᠭᠤᠳᠠᠰᠤ ᠰᠤᠭᠤᠪᠴᠢᠯᠠᠵᠤ᠂ ᠲᠤᠬᠯᠠᠯᠳᠠ ᠶᠢ ᠠᠮᠳᠠᠷᠬᠠᠨ ᠰᠤᠨᠢᠷᠬᠠᠵᠤ ᠵᠤᠬᠰᠤᠭ᠎ᠠ ᠰᠦᠯᠳᠡ ᠰᠤᠮᠤᠨ ᠤ ᠪᠤᠷᠤ ᠬᠦᠳᠡᠭᠡ ᠭᠠᠴᠠᠭ᠎ᠠ ᠶᠢᠨ ᠮᠠᠯᠴᠢᠨ ᠨᠤᠮᠤᠨᠳᠠᠯᠠᠢ᠄ ︽ᠭᠠᠴᠠᠭ᠎ᠠ ᠠᠴᠠ ᠰᠤᠮᠤᠨ ᠲᠡᠭᠡᠷ᠎ᠡ ᠤᠯᠠᠭᠠᠠᠮᠦ᠋ᠴᠢᠷ ᠤᠨ ᠲᠤᠬᠯᠠᠯᠳᠠ ᠲᠠᠢ ᠬᠡᠵᠦ ᠵᠠᠷ ᠲᠠᠷᠬᠠᠭᠠᠬᠰᠠᠨ ᠳᠤ᠂ ᠪᠢ ᠲᠤᠬᠯᠠᠯᠳᠠ ᠦᠵᠡᠬᠦ ᠲᠤᠷᠠᠳᠠᠢ ᠪᠤᠯᠬᠤᠷ ᠬᠦᠷᠦᠬᠡᠳ ᠢᠷᠡᠭᠰᠡᠨ᠃ ᠲᠡᠭᠷᠢ ᠬᠦᠢᠳᠡᠨ ᠪᠠᠶᠢᠬᠰᠠᠨ ᠴᠤ ᠤᠯᠠᠭᠠᠠᠮᠦ᠋ᠴᠢᠷ ᠤᠨ ᠲᠤᠬᠯᠠᠬᠴᠢᠳ ᠶᠤᠰᠤᠳᠠᠢ ᠦᠨᠡᠨ ᠰᠡᠳᠬᠢᠯᠬᠡ ᠠᠴᠠ ᠪᠠᠨ ᠰᠠᠶᠢᠬᠠᠨ ᠲᠤᠬᠯᠠᠵᠤ ᠪᠠᠶᠢᠨ᠎ᠠ᠂ ᠰᠠᠶ᠋ᠢ ᠶᠢᠨ ᠲᠦᠷᠪᠡᠨ ᠵᠠᠯᠠᠭᠤ ︿ᠤᠯᠠᠭᠠᠠᠮᠦ᠋ᠴᠢᠷ ᠤᠨ ᠲᠠᠭᠤᠯᠠᠯ﹀ ᠬᠡᠰᠡᠨ ᠲᠠᠭᠤᠤ ᠶᠢ ᠶᠤᠰᠤᠳᠠᠢ ᠭᠤᠶᠤ ᠲᠠᠭᠤᠯᠠᠯ᠎ᠠ᠂ ᠤᠯᠠᠭᠠᠠᠮᠦ᠋ᠴᠢᠷ ᠤᠨ ᠬᠢᠨ ᠮᠠᠯᠵᠢᠬᠤ ᠤᠷᠤᠨ ᠳᠤ ᠢᠷᠡᠵᠦ ᠲᠤᠬᠯᠠᠯᠳᠠ ᠭᠠᠷᠭᠠᠵᠤ᠂ ᠨᠠᠮ ᠤᠨ ᠲᠦᠷᠦ ᠶᠢᠨ ᠪᠤᠳᠤᠯᠭ᠎ᠠ ᠶᠢ ᠤᠬᠠᠭᠤᠯᠤᠬᠰᠠᠨ ᠳᠤ ᠪᠠᠶᠠᠷᠯᠠᠵᠦ ᠪᠠᠶᠢᠨ᠎ᠠ︾ ᠬᠡᠵᠦ ᠶᠠᠷᠢᠨ᠎ᠠ᠃ ︽ᠤᠷᠳᠤᠰ ᠤᠨ ᠦᠨᠳᠦᠷᠯᠢᠭ︾᠂ ︽ᠮᠢᠨᠤ ᠦᠦᠰᠢᠨ︾ ᠵᠡᠷᠬᠡ ᠲᠠᠭᠤᠤ ᠪᠦᠵᠢᠭ ᠦᠷᠬᠦᠯᠵᠢᠯᠡᠵᠦ᠂ ᠤᠳᠠᠵᠤ ᠲᠦᠳᠡᠯ ᠦᠬᠡᠢ ᠲᠤᠬᠯᠠᠯᠳᠠ ᠦᠨᠳᠦᠷᠯᠡᠪᠡ᠃      ᠥᠣᠰᠢᠨ ᠬᠤᠰᠢᠭᠤᠨ ᠤ ᠣᠯᠠᠭᠠᠨᠮᠦ᠋ᠴᠢᠷ 1960 ᠣᠨ ᠳᠤ ᠪᠠᠶᠢᠭᠤᠯᠤᠬᠳᠠᠵᠦ᠂ ᠤᠳᠤ ᠨᠢᠬᠡᠨᠳᠡ 1032 ᠲᠡᠭᠰᠢ ᠳᠥᠷᠪᠡᠯᠵᠢᠨ ᠮᠧᠲᠷ ᠤᠨ ᠲᠠᠯᠠᠪᠡᠢ ᠪᠥᠬᠦᠢ ᠠᠵᠢᠯᠯᠠᠭᠠᠨ ᠤ ᠲᠠᠯᠠᠪᠣᠷ ᠲᠠᠢ᠂ ᠬᠤᠪᠴᠠᠰᠣ ᠵᠠᠰᠠᠯ᠂ ᠣᠳᠣ ᠥᠶ᠎ᠠ ᠶᠢᠨ ᠳ᠋ᠧᠩ ᠬᠡᠷᠡᠯᠳᠥᠬᠦᠯᠬᠡ᠂ ᠲᠠᠭᠤᠨ ᠲᠣᠮᠣᠷᠠᠭᠤᠯᠣᠬᠴᠢ᠂ ᠭᠥᠭᠵᠢᠮ ᠤᠨ ᠪᠠᠭᠠᠵᠢ ᠵᠡᠷᠬᠡ ᠶᠢ ᠪᠥᠷᠢᠳᠥᠬᠦᠯᠥᠭᠰᠡᠨ᠂ ᠲᠤᠬᠯᠠᠬᠴᠢᠳ ᠤᠨ ᠲᠤᠮᠳᠠᠴᠢ ᠨᠠᠰᠤ ᠨᠢ 26 ᠪᠤᠯᠤᠬᠰᠠᠨ ᠨᠠᠷᠬᠢᠮ᠎ᠠ ᠵᠠᠯᠠᠭᠤ ᠤᠷᠠᠯᠢᠬ ᠤᠨ ᠡᠩᠨᠡᠭᠡ ᠪᠤᠯᠤᠬᠰᠠᠨ ᠪᠠᠶᠢᠨ᠎ᠠ᠃      ᠤᠯᠠᠭᠠᠠᠮᠦ᠋ᠴᠢᠷ ᠤᠨ ᠲᠠᠷᠤᠭ᠎ᠠ ᠰᠡᠷᠡᠩ᠄ ︽ᠶᠡᠷᠦᠩᠬᠡᠢ ᠱᠦᠵᠢ ᠰᠢ ᠶᠢᠨ ᠫᠢᠩ ᠬᠠᠷᠢᠭᠤ ᠵᠠᠬᠢᠳᠠᠯ ᠢᠷᠡᠬᠦᠯᠦᠭᠰᠡᠨ ᠠᠴᠠ ᠨᠠᠭᠠᠰᠢᠬᠢ ᠨᠢᠬᠡ ᠵᠢᠯ ᠤᠨ ᠲᠤᠷᠰᠢ᠂ ᠮᠠᠨ ᠤ ᠤᠯᠠᠭᠠᠠᠮᠦ᠋ᠴᠢᠷ ᠮᠠᠰᠢ ᠶᠡᠭᠡ ᠬᠤᠪᠢᠷᠠᠯᠳᠠ ᠲᠠᠢ ᠪᠤᠯᠵᠠᠢ᠃ ᠡᠩᠨᠡᠬᠡᠨ ᠤ ᠪᠠᠶᠢᠭᠤᠯᠤᠯᠳᠠ ᠶᠢᠨ ᠲᠠᠯ᠎ᠠ ᠪᠠᠷ᠂ ᠪᠢᠳᠡ ᠨᠢᠭᠡᠨᠳᠡ 50 ᠰᠢᠬᠠᠮ ᠲᠤᠬᠯᠠᠬᠴᠢ ᠪᠠ ᠠᠵᠢᠯᠳᠠᠨ ᠲᠠᠢ ᠪᠤᠯᠤᠬᠰᠠᠨ ᠪᠦᠭᠡᠳ ᠲᠡᠭᠡᠳᠤ ᠱᠠᠳᠤᠨ ᠠᠴᠠ ᠬᠤᠶᠠᠷ ᠮᠠᠰᠢᠨ ᠲᠡᠷᠭᠡ ᠦᠭᠴᠤ ᠲᠤᠬᠯᠠᠯᠳᠠ ᠭᠠᠷᠭᠠᠬᠤ ᠳᠤ ᠲᠦᠬᠦᠮ ᠦᠵᠡᠭᠦᠯᠪᠡ᠃ ᠵᠤᠬᠢᠶᠠᠨ ᠪᠦᠳᠦᠬᠡᠯᠬᠡ ᠶᠢᠨ ᠲᠠᠯ᠎ᠠ ᠪᠠᠷ᠂ ︽ᠤᠯᠠᠭᠠᠠᠮᠦ᠋ᠴᠢᠷ ᠤᠨ ᠲᠠᠭᠤᠯᠠᠯ ︾ ᠵᠡᠷᠬᠡ ᠠᠷᠪᠠᠨ ᠬᠡᠳᠦᠨ ᠰᠢᠨ᠎ᠠ ᠪᠦᠳᠦᠬᠡᠯ ᠵᠤᠬᠢᠶᠠᠨ ᠪᠦᠳᠦᠬᠡᠵᠡᠢ᠃ ᠪᠢᠳᠡ ᠠᠷᠠᠳ ᠲᠦᠮᠡᠨ ᠤ ᠤᠶᠢᠢᠯᠠᠭᠠᠳᠠᠬ ᠪᠦᠳᠦᠬᠡᠯ ᠢ ᠵᠤᠬᠢᠶᠠᠨ ᠪᠦᠳᠦᠬᠡᠬᠦ ᠪᠠᠷ ᠴᠢᠷᠮᠠᠶᠢᠵᠤ᠂ ᠠᠷᠠᠳ ᠤᠨ ᠲᠤᠮᠳᠠᠬᠢ ᠠᠮᠢᠳᠤ ᠦᠯᠢᠬᠡᠷ ᠢᠶᠠᠷ ᠰᠡᠳᠤᠪᠯᠠᠵᠤ᠂ ᠠᠮᠢᠳᠤᠯᠢᠬ ᠪᠦᠳᠦᠬᠡᠯ ᠵᠤᠬᠢᠶᠠᠨ ᠪᠦᠳᠦᠬᠡᠬᠦ ᠪᠠᠷ ᠴᠢᠷᠮᠠᠶᠢᠨ᠂ ᠠᠷᠠᠳ ᠤᠯᠠᠨ ᠤ ᠬᠦᠷᠢᠶᠡᠯᠡᠯ ᠢ ᠤᠯᠪᠠ᠃ 2017 ᠤᠨ ᠳᠤ᠂ ᠨᠠᠮ ᠤᠨ ᠠᠷᠪᠠ ᠶᠢᠰᠦᠳᠦᠬᠡᠷ ᠶᠡᠭᠡ ᠬᠤᠷᠠᠯ ᠤᠨ ᠲᠠᠷᠠᠭᠠᠬᠢ ᠬᠦᠳᠡᠭᠡ ᠲᠤᠰᠬᠤᠨ ᠤ ᠯᠤᠳᠤ ᠶᠡᠭᠡ ᠬᠤᠪᠢᠷᠠᠯᠳᠠ ᠪᠠᠷ ᠰᠡᠳᠦᠪᠯᠡᠭᠰᠡᠨ ︽ᠮᠠᠩᠬᠠᠨ ᠪᠠᠯᠠᠷ ᠤᠨ ᠲᠠᠭᠤᠯᠠᠯ︾ ᠬᠡᠬᠦ ᠮᠤᠩᠭᠤᠯ ᠵᠦᠴᠦᠬᠡ ᠵᠤᠬᠢᠶᠠᠵᠤ᠂ ᠡᠷᠳᠡᠮᠳᠡᠳ ᠢᠶᠠᠷ ᠬᠢᠨᠠᠯᠳᠠ ᠬᠢᠯᠬᠡᠬᠡᠳ᠂ ᠵᠠᠰᠠᠪᠤᠷᠢ ᠤᠷᠤᠭᠤᠯᠵᠤ 2019 ᠤᠨ ᠤ 5 ᠰᠠᠷ᠎ᠠ ᠳᠤ ᠲᠠᠶᠢᠰᠠᠨ ᠳᠤ ᠭᠠᠷᠭᠠᠬᠤ ᠪᠠᠷ ᠴᠢᠷᠮᠠᠶᠢᠵᠤ ᠪᠠᠶᠢᠨ᠎ᠠ᠃ ᠦᠪᠦᠷ ᠮᠤᠩᠭᠤᠯ ᠤᠨ ᠤᠷᠠᠯᠢᠬ ᠤᠨ ᠲᠡᠭᠡᠳᠦ ᠰᠤᠷᠭᠠᠭᠤᠯᠢ ᠶᠢᠨ ᠰᠢᠯᠢᠳᠡᠭ ᠪᠦᠵᠢᠭᠵᠢᠨ ᠰᠢᠯᠢᠨᠬᠦᠦ ᠶᠢ ᠤᠷᠢᠵᠤ᠂ ᠪᠦᠵᠢᠭᠴᠢᠳ ᠲᠤ ᠰᠢᠰᠲ᠋ᠧᠮ ᠲᠠᠢ᠂ ᠲᠤᠰᠬᠠᠢ ᠮᠡᠷᠬᠡᠵᠢᠯ ᠤᠨ ᠪᠤᠯᠪᠠᠰᠤᠷᠠᠯ ᠬᠦᠷᠳᠡᠬᠡᠵᠦ᠂ 8 ᠨᠦᠬᠦᠳ ᠤᠷᠢᠳ ᠬᠤᠵᠢᠳ ᠬᠦᠬᠡᠬᠤᠳᠠ᠂ ᠪᠡᠬᠡᠵᠢᠩ ᠵᠡᠷᠬᠡ ᠭᠠᠵᠠᠷ ᠲᠤ ᠬᠦᠷᠴᠦ᠂ ᠪᠦᠬᠦ ᠤᠷᠤᠨ ᠤ ᠤᠷᠠᠯᠢᠬ ᠤᠨ ᠵᠤᠬᠢᠶᠠᠨ ᠪᠦᠳᠦᠬᠡᠯᠬᠡ ᠶᠢᠨ ᠠᠵᠢᠯ ᠤᠨ ᠬᠤᠷᠠᠯ ᠪᠤᠯᠤᠨ ᠲᠤᠭᠤᠶᠢᠯᠠᠩ ᠤᠨ ᠲᠠᠷᠤᠭ᠎ᠠ ᠶᠢᠨ ᠪᠤᠯᠪᠠᠰᠤᠷᠠᠯ ᠤᠨ ᠠᠩᠬᠢ᠂ ᠪᠦᠬᠦ ᠤᠷᠤᠨ ᠤ ᠲᠠᠶᠢᠰᠠᠨ ᠤ ᠤᠷᠠᠯᠢᠬ ᠤᠨ ᠨᠠᠶᠢᠷᠠᠭᠤᠯᠤᠨ ᠵᠤᠬᠢᠶᠠᠬᠴᠢᠳ ᠤᠨ ᠪᠤᠯᠪᠠᠰᠤᠷᠠᠯ ᠤᠨ ᠠᠩᠬᠢ ᠵᠡᠷᠬᠡ 7 ᠬᠤᠭᠤᠴᠠᠭᠠᠨ ᠤ ᠪᠤᠯᠪᠠᠰᠤᠷᠠᠯ ᠤᠨ ᠠᠩᠬᠢ ᠳᠤ ᠤᠷᠤᠯᠴᠠᠵᠠᠢ᠃ ᠨᠢᠬᠡ ᠵᠢᠯ ᠤᠨ ᠲᠤᠷᠰᠢ᠂ ᠪᠢᠳᠡ ᠨᠡᠶᠢᠳᠡ 120 ᠭᠠᠷᠤᠢ ᠤᠳᠠᠭ᠎ᠠ ᠬᠦᠳᠡᠭᠡ ᠪᠠᠭᠤᠵᠤ ᠲᠤᠬᠯᠠᠯᠳᠠ ᠭᠠᠷᠭᠠᠬᠰᠠᠨ ᠢᠶᠠᠷ ᠪᠠᠷᠠᠬᠤ ᠦᠬᠡᠢ᠂ ᠪᠠᠶᠠᠠᠨᠠᠭᠤᠷ ᠪᠤᠯᠤᠨ ᠠᠯᠠᠱᠠ ᠠᠶᠢᠮᠠᠬ ᠲᠤ ᠬᠦᠷᠴᠦ ᠲᠤᠭᠤᠷᠢᠨ ᠲᠤᠬᠯᠠᠯᠳᠠ ᠬᠢᠯ᠎ᠡ︾ ᠬᠡᠵᠦ ᠨᠢᠬᠡ ᠵᠢᠯ ᠤᠨ ᠲᠤᠷᠰᠢ ᠬᠢᠵᠦ ᠪᠦᠳᠦᠭᠡᠭᠰᠡᠨ ᠠᠵᠢᠯ᠂ ᠴᠢᠷᠮᠠᠶᠢᠯᠭ᠎ᠠ ᠵᠢᠳᠬᠦᠯ ᠤᠨ ᠢᠶᠠᠨ ᠲᠤᠬᠠᠢ ᠵᠤᠷᠪᠤᠰᠯᠠᠨ ᠲᠠᠨᠢᠯᠴᠠᠭᠤᠯᠤᠯ᠎ᠠ᠃      ᠰᠢᠷᠭᠠᠭᠤ ᠴᠢᠷᠮᠠᠶᠢᠯᠭ᠎ᠠ ᠶᠢᠨ ᠬᠠᠷᠢᠭᠤ ᠳᠤ ᠠᠮᠵᠢᠯᠳᠠ ᠪᠦᠳᠦᠬᠡᠯ ᠤᠨ ᠵᠢᠮᠢᠰ ᠪᠦᠩᠵᠢᠬᠡᠨᠡᠨ᠎ᠡ᠃ ᠨᠢᠳᠤᠨᠤᠨ ᠤ 12 ᠰᠠᠷ᠎ᠠ ᠶᠢᠨ 4 ᠤ ᠡᠳᠣᠷ᠂ ᠥᠣᠰᠢᠨ ᠬᠤᠰᠢᠭᠤᠨ ᠤ ᠣᠯᠠᠭᠠᠨᠮᠦ᠋ᠴᠢᠷ ᠪᠥᠬᠦ ᠣᠷᠣᠨ ᠤ ᠠᠷᠪᠠᠨ ᠰᠣᠳᠣᠨ ᠣᠯᠠᠭᠠᠨᠮᠦ᠋ᠴᠢᠷ ᠢᠶᠠᠷ ᠴᠤᠯᠠᠯᠠᠬᠳᠠᠪᠠ᠃ ᠡᠨᠡ ᠵᠢᠯ ᠤᠨ ᠲᠠᠯ᠎ᠠ ᠨᠤᠳᠤᠬ ᠤᠨ ᠰᠤᠶᠤᠯ ᠤᠨ ᠨᠠᠶᠢᠷ ᠲᠡᠭᠡᠷ᠎ᠡ᠂ ᠰᠢᠨ᠎ᠠ ᠪᠠᠷ ᠵᠤᠬᠢᠶᠠᠨ ᠪᠦᠳᠦᠭᠡᠭᠰᠡᠨ ᠬᠢᠯᠪᠢᠬᠡᠨ ᠵᠦᠴᠦᠬᠡ ︽ᠬᠤᠪᠤᠷ ᠨᠠᠨᠳᠢᠨ ᠴᠠᠬ ᠦᠶ᠎ᠡ︾ ᠶᠢ ᠲᠤᠬᠯᠠᠵᠤ᠂ ᠵᠤᠬᠢᠶᠠᠨ ᠪᠦᠳᠦᠬᠡᠯᠬᠡ ᠶᠢᠨ ᠨᠢᠬᠡᠳᠦᠬᠡᠷ ᠲᠡᠰ ᠤᠨ ᠱᠠᠩᠨᠠᠯ᠂ ᠲᠤᠬᠯᠠᠯᠳᠠ ᠶᠢᠨ ᠮᠦᠩᠬᠦᠨ ᠮᠧᠳᠠᠯ ᠢ ᠬᠦᠷᠳᠡᠭᠰᠡᠨ ᠪᠠᠶᠢᠨ᠎ᠠ᠃ ᠮᠦᠨ ᠡᠨᠡ ᠵᠢᠯ ᠤᠨ 1 ᠰᠠᠷ᠎ᠠ ᠳᠤ᠂ ᠠᠯᠤᠰ ᠬᠤᠯᠠ ᠭᠧᠷᠮᠠᠨ ᠳᠤ ᠬᠦᠷᠴᠦ᠂ 13 ᠲᠠᠯᠠᠪᠠᠢ ᠲᠤᠬᠯᠠᠯᠳᠠ ᠭᠠᠷᠭᠠᠵᠤ᠂ ᠦᠵᠡᠭᠴᠢᠳ ᠤᠨ ᠲᠤᠭ᠎ᠠ 50 ᠲᠦᠮᠡ ᠳᠤ ᠬᠦᠷᠴᠦ᠂ ᠬᠠᠷᠢ ᠬᠤᠯᠠ ᠶᠢᠨ ᠭᠧᠷᠮᠠᠨᠴᠤᠳ ᠲᠤ ᠮᠤᠩᠭᠤᠯ ᠲᠠᠭᠤᠤ ᠤᠷᠠᠯᠢᠬ ᠤᠨ ᠭᠠᠶᠢᠬᠠᠮᠰᠢᠬ ᠢ ᠮᠡᠳᠡᠷᠡᠬᠦᠯᠵᠡᠢ᠃ ᠲᠦᠷᠦᠬᠦᠬᠡᠨ ᠪᠠᠰᠠ ᠪᠦᠬᠦ ᠤᠷᠤᠨ ᠤ 75 ᠤᠯᠠᠭᠠᠠᠮᠦ᠋ᠴᠢᠷ ᠤᠨ ᠲᠤᠳᠤᠷᠠᠬᠢ 4 ᠲᠦᠯᠦᠭᠡᠯᠡᠭᠴᠢ ᠶᠢᠨ ᠬᠤᠪᠢ ᠪᠠᠷ᠂ ᠪᠦᠬᠦ ᠤᠯᠤᠰ ᠤᠨ ᠰᠢᠯᠢᠳᠡᠭ ᠪᠤᠳᠠᠳᠤ ᠠᠬᠤᠢ ᠶᠢᠨ ᠰᠡᠳᠦᠪᠳᠦ ᠲᠠᠶᠢᠰᠠᠨ ᠤ ᠤᠷᠠᠯᠢᠬ ᠤᠨ ᠪᠦᠳᠦᠬᠡᠯ ᠤᠨ ᠲᠡᠯᠬᠡᠨ ᠦᠵᠡᠬᠦᠯᠬᠡ ᠳᠤ ᠤᠷᠤᠯᠴᠠᠵᠤ᠂ 1 ᠲᠠᠯᠠᠪᠠᠢ ᠲᠠᠭᠤᠤ ᠪᠦᠵᠢᠭ ᠲᠤᠬᠯᠠᠵᠤ᠂ ᠤᠷᠤᠨ ᠤ ᠲᠦᠪ ᠬᠤᠳᠠ ᠶᠢᠨ ᠦᠵᠡᠭᠴᠢᠳ ᠤᠨ ᠮᠠᠬᠳᠠᠭᠠᠯ ᠰᠠᠶᠢᠰᠢᠶᠠᠯ ᠢ ᠤᠯᠤᠬᠰᠠᠨ ᠪᠠᠶᠢᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号