ᠨᠠᠮᠣᠷ ᠤᠨ ᠰᠡᠬᠦᠯᠴᠢ ᠶᠢᠨ ᠳᠡᠭᠷᠢ ᠬᠦᠢᠳᠡᠷᠡᠬᠦ ᠪᠠᠷ ᠮᠠᠨ ᠤ ᠬᠤᠰᠢᠭᠤᠨ ᠤ ᠦᠣᠰᠢᠨᠵᠣᠣ ᠪᠠᠯᠭᠠᠰᠣᠨ ᠤ | ᠴᠠᠭᠠᠨᠨᠠᠭᠤᠷ ᠲᠤ ᠮᠢᠩᠭ᠎ᠠ ᠭᠠᠷᠣᠢ ᠬᠤᠨ ᠭᠠᠯᠠᠭᠤ ᠦᠷᠳᠡᠬᠡᠯᠡᠨ ᠪᠠᠭᠤᠵᠣ ᠨᠠᠭᠤᠷ ᠤᠨ ᠤᠰᠤᠨ ᠳᠤ ᠬᠤᠨ | ᠭᠠᠯᠠᠭᠤᠳ ᠱᠤᠮᠪᠠᠨ ᠭᠠᠩᠭᠠᠨᠠᠯᠳᠤᠬᠤ ᠨᠢ ᠤᠯᠠᠨ ᠤ ᠰᠣᠨᠣᠷ ᠢ ᠪᠠᠶᠠᠰᠬᠠᠵᠣ ᠬᠠᠷᠠᠭ᠎ᠠ ᠶᠢ ᠪᠣᠯᠢᠶᠠᠭᠰᠠᠨ ᠭᠤᠶᠢᠳᠡ | ᠰᠠᠶᠢᠬᠠᠨ ᠦᠵᠡᠮᠵᠢ ᠶᠢ ᠪᠣᠷᠢᠯᠳᠣᠬᠦᠯᠣᠭ᠍ᠰᠡᠨ ᠪᠠᠶᠢᠨ᠎ᠠ᠃ | ᠦᠣᠰᠢᠨᠵᠣᠣ ᠪᠠᠯᠭᠠᠰᠣᠨ ᠤ ᠴᠠᠭᠠᠨᠨᠠᠭᠤᠷ ᠨᠢ ᠪᠠᠶᠢᠭᠠᠯᠢᠯᠢᠭ ᠬᠤᠵᠢᠷᠳᠣ ᠨᠠᠭᠤᠷ ᠪᠣᠯᠬᠤ ᠪᠠᠷ ᠵᠢᠯ ᠪᠦᠷᠢ ᠶᠢᠨ | ᠬᠠᠪᠣᠷ ᠨᠠᠮᠣᠷ ᠤᠨ ᠣᠯᠡᠷᠢᠯ ᠳᠤ ᠨᠡᠭᠦᠳᠡᠯ ᠤᠨ ᠰᠢᠪᠠᠭᠤᠣᠨ ᠤᠨ ᠦᠷᠳᠡᠬᠡᠯᠡᠨ ᠪᠠᠭᠤᠵᠣ ᠠᠮᠠᠷᠠᠨ ᠰᠡᠯᠡᠬᠦᠴᠡᠬᠦ | ᠳᠣᠬᠢᠳᠡᠢ ᠰᠠᠶᠢᠬᠠᠨ ︽ᠦᠷᠲᠡᠭᠡ︾ ᠪᠣᠯᠳᠠᠭ ᠪᠠᠶᠢᠨ᠎ᠠ᠃ ᠠᠩᠬᠠᠨ ᠤ ᠪᠦᠯᠣᠭ᠌ ᠬᠤᠨ ᠬᠠᠯᠠᠭᠤ ᠦᠷᠳᠡᠬᠡᠯᠡᠨ | ᠪᠠᠭᠤᠵᠣ ᠪᠠᠶᠢᠬᠤ ᠰᠣᠷᠠᠭ ᠢᠶᠠᠷ ᠦᠣᠰᠢᠨᠵᠣᠣ ᠪᠠᠯᠭᠠᠰᠣᠨ ᠤ ᠣᠢ ᠰᠢᠭᠤᠢ ᠶᠢᠨ ᠠᠵᠢᠯ ᠤᠨ ᠦᠷᠳᠡᠭᠡᠨ ᠤ | ᠠᠵᠢᠯᠳᠡᠳ ᠴᠠᠭᠠᠨᠨᠠᠭᠤᠷ ᠤᠨ ᠬᠦᠪᠡᠭᠡ ᠪᠠᠷ ᠴᠠᠭᠳᠠᠨ ᠪᠠᠶᠢᠴᠠᠭᠠᠵᠤ ᠨᠡᠭᠦᠳᠡᠯ ᠤᠨ ᠰᠢᠪᠠᠭᠤᠣᠨ ᠤᠨ ᠶᠠᠷᠣᠩᠬᠡᠢ | ᠪᠡᠶᠢᠳᠡᠯ ᠢ ᠴᠠᠭ ᠢᠮᠠᠭᠳᠠ ᠠᠵᠢᠭᠯᠠᠵᠤ ᠪᠠᠶᠢᠯ᠎ᠠ᠃ | ᠠᠶᠠᠨ ᠤ ᠰᠢᠪᠠᠭᠤᠣᠨ ᠤᠨ ᠡᠪᠡᠳᠴᠢᠨ ᠬᠡᠵᠢᠭ ᠢ ᠬᠤᠷᠢᠭᠯᠡᠨ ᠰᠡᠷᠭᠡᠶᠢᠯᠡᠵᠣ᠂ ᠠᠮᠣᠷ ᠳᠦᠪᠰᠢᠨ ᠡᠪᠣᠯᠵᠢᠬᠦ | ᠶᠢ ᠪᠡᠳᠣᠯᠠᠬᠤ ᠶᠢᠨ ᠳᠦᠯᠣᠭᠡ ᠦᠣᠰᠢᠨ ᠬᠤᠰᠢᠭᠤᠨ ᠤ ᠣᠢ ᠰᠢᠭᠤᠢ ᠶᠢᠨ ᠳᠣᠳᠣᠭᠠᠳᠣ ᠶᠢ ᠬᠠᠮᠠᠭᠠᠯᠠᠬᠤ ᠰᠠᠯᠠᠭ᠎ᠠ | ᠮᠦᠴᠢᠷ ᠠᠴᠠ ︽ᠦᠷᠳᠡᠭᠡᠯᠡᠨ ᠦᠡᠭᠬᠡᠷᠡᠭᠦ ᠠᠶᠡᠨ ᠤ ᠰᠢᠪᠠᠭᠤᠣᠨ ᠢ ᠠᠪᠣᠷᠠᠨ ᠬᠠᠮᠠᠭᠠᠯᠠᠬᠤ ᠠᠵᠢᠯᠯᠠᠭ᠎ᠠ︾ ᠶᠢ | ᠦᠷᠬᠦᠯᠵᠢ ᠶᠢᠨ ᠴᠢᠨᠡᠷᠳᠡᠢ ᠦᠷᠨᠢᠬᠦᠯᠵᠣ᠂ ᠭᠤᠣᠯᠳᠠᠯᠭᠠᠳᠣ ᠨᠠᠭᠤᠷ ᠴᠦᠭᠦᠷᠣᠮ᠂ ᠭᠤᠣᠯ ᠭᠤᠷᠤᠬ᠎ᠠ ᠶᠢᠨ | ᠬᠠᠷᠢᠶᠠᠲᠤ ᠤᠷᠤᠨ ᠳᠤ ᠵᠠᠰᠠᠭ ᠤᠨ ᠣᠷᠳᠣᠨ ᠪᠣᠯᠣᠨ ᠣᠢ ᠰᠢᠭᠤᠢ ᠶᠢᠨ ᠪᠠᠶᠢᠭᠤᠯᠭ᠎ᠠ ᠬᠠᠮᠳᠣᠷᠠᠨ ᠪᠠᠶᠢᠭᠠᠯᠢ ᠠᠬᠤᠢ | ᠪᠠᠨ ᠬᠠᠮᠠᠭᠠᠯᠠᠬᠤ ᠣᠬᠠᠭᠤᠯᠭ᠎ᠠ ᠬᠢᠵᠣ᠂ ᠣᠢ ᠬᠠᠮᠠᠭᠠᠯᠠᠭᠴᠢ ᠠᠴᠠ ᠡᠳᠣᠷ ᠲᠤ ᠵᠢᠵᠢᠭᠦᠷᠯᠡᠨ ᠨᠠᠭᠤᠷ ᠤᠨ ᠣᠰᠣᠨ ᠤ | ᠠᠷᠢᠭᠤᠨ ᠴᠡᠪᠡᠷ ᠢ ᠪᠠᠳᠣᠯᠠᠵᠣ᠂ ᠭᠡᠭᠡᠷ᠎ᠡ ᠶᠢᠨ ᠠᠮᠢᠲᠠᠳ ᠤᠨ ᠠᠮᠤᠷ ᠲᠦᠪᠰᠢᠨ ᠢ ᠬᠠᠮᠠᠭᠠᠯᠠᠵᠣ ᠪᠡᠶᠢᠨ᠎ᠠ᠃ | ᠬᠤᠰᠢᠭᠤᠨ ᠤ ᠬᠠᠷᠢᠶᠠᠨ ᠳᠤ ᠪᠠᠶᠢᠭ᠎ᠠ ᠰᠢᠷᠬᠤᠰᠣᠨ ᠭᠤᠣᠯ ᠵᠡᠷᠭᠡ 28 ᠭᠤᠣᠯ ᠭᠤᠷᠤᠬ᠎ᠠ᠂ ᠴᠠᠭᠠᠨᠨᠠᠭᠤᠷ᠂ | ᠪᠣᠵᠠᠢ ᠨᠠᠭᠤᠷ ᠵᠡᠷᠭᠡ 32 ᠨᠠᠭᠤᠷ ᠴᠦᠭᠦᠷᠣᠮ ᠢᠶᠠᠷ ᠬᠤᠨ ᠭᠠᠯᠠᠭᠤ᠂ ᠬᠤᠪᠣᠷ ᠴᠠᠬᠤᠯᠠᠢ᠂ ᠬᠠᠷ᠎ᠠ ᠦᠷᠪᠢ᠂ | ᠠᠩᠬᠢᠷ ᠵᠡᠷᠭᠡ 40 ᠭᠠᠷᠣᠢ ᠳᠦᠷᠣᠯ ᠤᠨ ᠨᠡᠭᠦᠳᠡᠯ ᠤᠨ ᠰᠢᠪᠡᠭᠤ ᠪᠠᠭᠤᠳᠠᠯᠯᠠᠵᠣ ᠬᠠᠮᠤᠭ ᠤᠨ ᠠᠷᠪᠢᠨ ᠳᠠᠭᠠᠨ 10 | ᠳᠦᠮᠡ ᠭᠠᠷᠣᠢ ᠨᠡᠭᠦᠳᠡᠯ ᠤᠨ ᠰᠢᠪᠠᠭᠤ ᠦᠷᠳᠡᠭᠡᠯᠡᠨ ᠪᠠᠭᠤᠳᠠᠭ ᠪᠠᠶᠢᠨ᠎ᠠ᠃ | |