︽ᠵᠥᠬᠡᠷ ᠰᠠᠭᠤᠬᠤ ᠪᠠᠷ ᠢᠶᠠᠨ ᠵᠦᠯᠬᠦᠵᠦ ᠰᠠᠭᠤ︾ ᠬᠡᠳᠡᠭᠴᠢᠯᠡᠨ᠂ ᠡᠪᠤᠯ ᠪᠤᠯᠵᠦ ᠮᠠᠯ ᠲᠠᠷᠢᠶᠠᠯᠠᠩ ᠤᠨ | ᠰᠡᠯᠡᠬᠦᠣ ᠴᠠᠭ ᠬᠦᠷᠴᠦ ᠢᠷᠡᠬᠦ ᠪᠠᠷ ᠤᠯᠠᠭᠠᠨᠲᠤᠯᠤᠭᠠᠢ ᠪᠠᠯᠭᠠᠰᠤᠨ ᠤ ᠪᠠᠶᠠᠠᠭᠤᠤᠯ ᠭᠠᠴᠠᠭᠠᠨ ᠤ ᠮᠠᠯᠴᠢᠳ ᠡᠨᠡᠬᠦ | ᠴᠠᠭ ᠢ ᠵᠠᠪᠳᠤᠵᠦ᠂ ᠰᠢᠨ᠎ᠡ ᠣᠷ᠎ᠠ ᠮᠡᠷᠬᠡᠵᠢᠯ ᠰᠤᠷᠴᠤ ᠣᠷᠤᠯᠭ᠎ᠠ ᠪᠠᠨ ᠨᠡᠮᠡᠭᠳᠡᠬᠦᠯᠬᠦ ᠰᠢᠨ᠎ᠡ ᠠᠷᠭ᠎ᠠ ᠵᠠᠮ ᠬᠠᠶᠢᠨ | ᠰᠦᠪᠡᠭᠴᠢᠯᠡᠵᠦ ᠶᠠᠭᠠᠷᠠᠯᠳᠠᠶᠢᠬᠠᠨ ᠪᠠᠶᠢᠨ᠎ᠠ᠃ ᠣᠶᠢᠷ᠎ᠠ ᠶᠢᠨ ᠡᠳᠤᠷ᠂ ᠪᠠᠶᠠᠠᠭᠤᠤᠯ ᠭᠠᠴᠠᠭᠠᠨ ᠤ ᠮᠠᠯᠴᠢᠨ ᠪᠤᠶᠠᠠᠳᠠᠯᠠᠢ | ︽ᠪᠤᠶᠠᠠᠬᠤᠷᠠᠬᠤ︾ ᠦᠨᠳᠤᠰᠤᠳᠡᠨ ᠤ ᠭᠠᠷ ᠣᠷᠠᠯᠠᠯ ᠤᠨ ᠪᠦᠲᠦᠭᠡᠭᠳᠡᠬᠦᠨ ᠤ ᠪᠤᠯᠪᠠᠰᠤᠷᠠᠯ ᠤᠨ ᠠᠩᠬᠢ ᠶᠢ | ᠡᠷᠬᠢᠯᠡᠨ ᠬᠢᠵᠦ ᠤᠯᠠᠭᠠᠨᠲᠤᠯᠤᠭᠠᠢ ᠪᠠᠯᠭᠠᠰᠤᠨ ᠤ ᠭᠠᠷ ᠤᠷᠠᠯᠠᠯ ᠳᠤ ᠲᠤᠷ᠎ᠠ ᠪᠠᠭ᠋ᠠᠲᠠᠢ ᠮᠠᠯᠴᠢᠳ ᠪᠤᠯᠪᠠᠰᠤᠷᠠᠯ ᠳᠤ | ᠤᠷᠤᠯᠴᠠᠪᠠ᠃ | ᠪᠤᠯᠪᠠᠰᠣᠷᠠᠯ ᠳᠤ ᠠᠷᠠᠰᠤᠨ ᠰᠡᠶᠢᠯᠤᠮᠡᠯ ᠤᠨ ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ | ᠤᠨ ᠣᠯᠠᠮᠵᠢᠯᠠᠨ ᠵᠠᠯᠭᠠᠮᠵᠢᠯᠠᠭᠴᠢ ᠣᠶᠤᠠᠰᠤᠳᠤ ᠶᠢ ᠣᠷᠢᠵᠦ ᠮᠠᠯᠴᠢᠳ ᠲᠤ ᠠᠷᠠᠰᠤᠨ ᠰᠡᠶᠢᠯᠦᠮᠡᠯ ᠤᠨ ᠣᠷ᠎ᠠ | ᠮᠡᠷᠬᠡᠵᠢᠯ᠂ ᠠᠷᠭ᠎ᠠ ᠲᠡᠮ ᠵᠡᠷᠭᠡ ᠶᠢ ᠪᠤᠳᠠᠳᠤ ᠪᠦᠲᠦᠭᠡᠯ ᠲᠠᠢ ᠪᠠᠨ ᠬᠠᠷᠢᠴᠠᠭᠤᠯᠤᠨ ᠨᠡᠷᠢᠨ ᠲᠠᠶᠢᠯᠪᠤᠷᠢᠯᠠᠭᠤᠯᠤᠭᠰᠠᠨ | ᠪᠠᠶᠢᠨ᠎ᠠ᠃ ᠲᠤᠰ ᠤᠳᠠᠭ᠎ᠠ ᠶᠢᠨ ᠪᠤᠯᠪᠠᠰᠣᠷᠠᠯ ᠨᠢ ᠲᠤᠯᠤᠭᠠᠨ ᠡᠳᠤᠷ ᠤᠨ ᠬᠤᠭᠤᠴᠠᠭ᠎ᠠ ᠲᠠᠢ ᠶᠠᠪᠤᠭᠳᠠᠵᠦ᠂ | ᠮᠠᠯᠴᠢᠳ ᠦᠪᠡᠷ ᠦᠪᠡᠷ ᠤᠨ ᠵᠤᠷᠢᠯᠳᠠ ᠬᠠᠷᠠᠯᠳᠠ ᠲᠠᠢ ᠪᠠᠷ ᠪᠠᠭᠰᠢ ᠶᠢᠨ ᠵᠢᠭᠠᠨ ᠵᠢᠯᠤᠭᠤᠳᠤᠯᠭ᠎ᠠ ᠶᠢ ᠰᠡᠳᠬᠢᠯ | ᠲᠠᠯᠪᠢᠨ ᠠᠩᠬᠠᠷᠤᠨ ᠰᠤᠨᠤᠰᠪᠠ᠃ | ᠮᠠᠯᠴᠢᠨ ᠪᠤᠶᠠᠨᠳᠠᠯᠠᠢ ᠦᠪᠡᠷᠲᠡᠭᠡᠨ ᠦᠨᠳᠤᠰᠣᠨ ᠰᠡᠶᠢᠯᠦᠮᠡᠯ᠂ ᠠᠷᠠᠰᠤᠨ ᠰᠡᠶᠢᠯᠦᠮᠡᠯ ᠵᠡᠷᠭᠡ ᠭᠠᠷ ᠣᠷᠠᠯᠠᠯ | ᠳᠠᠭᠠᠨ ᠠᠪᠢᠶᠠᠰᠯᠢᠭ ᠪᠠᠶᠢᠵᠦ᠂ ᠣᠶᠢᠷ᠎ᠠ ᠶᠢᠨ ᠵᠢᠯ ᠳᠤ ᠲᠡᠬᠦᠨ ᠤ ᠣᠷᠠᠯᠠᠨ ᠬᠢᠭᠰᠡᠨ ᠣᠯᠠᠨ ᠠᠷᠪᠢᠨ ᠪᠦᠲᠦᠭᠡᠯ ᠨᠢ | ᠬᠦᠮᠤᠰ ᠤᠨ ᠮᠠᠭᠳᠠᠭᠠᠯ ᠰᠠᠶᠢᠰᠢᠶᠠᠯ ᠢ ᠣᠯᠤᠭᠰᠠᠨ ᠢᠶᠠᠷ ᠪᠠᠷᠠᠬᠤ ᠦᠭᠡᠢ ᠵᠠᠷᠢᠮ ᠨᠢ ᠪᠠᠰᠠ ᠪᠤᠷᠤᠯᠠᠭᠤᠯᠤᠯᠳᠠ | ᠰᠠᠶᠢᠳᠠᠢ ᠪᠤᠯᠤᠭᠰᠠᠨ ᠪᠤᠯᠬᠤᠷ᠂ ᠡᠨᠡ ᠵᠢᠯ ᠠᠴᠠ ᠲᠡᠷᠡ ︽ᠪᠤᠶᠠᠠᠬᠤᠷᠠᠬᠤ︾ ᠲᠠᠸᠠᠷ ᠤᠨ ᠲᠡᠮᠳᠡᠭ ᠢ | ᠲᠠᠩᠰᠠᠯᠠᠭᠤᠯᠤᠨ᠂ ᠭᠠᠷ ᠣᠷᠠᠯᠠᠯ ᠤᠨ ᠪᠦᠲᠦᠭᠡᠯ ᠤᠨ ᠺᠤᠮᠫᠠᠨᠢ ᠪᠠᠶᠢᠭᠤᠯᠵᠦ᠂ ᠣᠶᠢᠷ᠎ᠠ ᠬᠠᠪᠢ ᠶᠢᠨ ᠮᠠᠯᠴᠢᠳ ᠢᠶᠠᠨ | ᠣᠷᠮᠠᠰᠢᠭᠤᠯᠤᠨ ᠲᠠᠶᠢᠴᠢᠯᠠᠵᠦ᠂ ᠬᠠᠮᠳᠤᠪᠠᠷ ᠢᠶᠠᠨ ᠰᠢᠨ᠎ᠡ ᠶᠢ ᠡᠬᠦᠳᠴᠦ᠂ ᠰᠤᠷᠤᠯᠴᠠᠯᠭ᠎ᠠ ᠪᠤᠯᠪᠠᠰᠤᠷᠠᠯ ᠢᠶᠠᠷ | ᠲᠠᠮᠵᠢᠨ᠂ ᠡᠬᠢ ᠪᠠᠶᠠᠯᠢᠭ ᠢᠶᠠᠨ ᠰᠠᠶᠢᠳᠤᠷ ᠠᠰᠢᠭᠯᠠᠵᠦ᠂ ᠭᠠᠷ ᠣᠷᠠᠯᠠᠯ ᠤᠨ ᠪᠦᠲᠦᠭᠡᠭᠳᠡᠬᠦᠨ ᠢᠶᠠᠨ ᠨᠢᠭᠡᠳᠤᠯᠳᠡᠢ | ᠬᠢᠵᠦ ᠨᠢᠭᠡᠳᠤᠯᠳᠡᠢ ᠪᠤᠷᠤᠯᠠᠭᠤᠯᠬᠤ ᠠᠷᠭ᠎ᠠ ᠠᠪᠴᠠᠯ ᠢᠶᠠᠷ ᠮᠠᠯᠴᠢᠳ ᠤᠨ ᠣᠷᠤᠯᠭ᠎ᠠ ᠢᠶᠠᠨ ᠨᠡᠮᠡᠭᠳᠡᠬᠦᠯᠬᠦ ᠰᠢᠨ᠎ᠡ | ᠠᠷᠭ᠎ᠠ ᠵᠠᠮ ᠢ ᠬᠠᠶᠢᠨ ᠰᠦᠪᠡᠭᠴᠢᠯᠡᠵᠦ ᠪᠠᠶᠢᠨ᠎ᠠ᠃ |