ᠶᠡᠷᠤ ᠨᠢ ᠵᠢᠷᠤᠭ᠎ᠠ ᠮᠤᠷᠢᠨ ᠤ ᠣᠷᠤᠯᠳᠤᠭᠠᠨ ᠳᠤ ᠣᠷᠤᠯᠴᠠᠬᠤ ᠨᠢ ᠣᠯᠠᠩᠬᠢ ᠪᠠᠶᠢᠳᠠᠯ ᠳᠤ ᠡᠷ᠎ᠡ ᠪᠦᠰᠡᠳᠡᠢ | ᠬᠦᠮᠤᠨ ᠤ ᠬᠢᠳᠡᠭ ᠠᠵᠢᠯ ᠲᠤᠷᠠᠰᠢᠯ ᠪᠠᠶᠢᠭᠰᠠᠨ ᠴᠤ ᠣᠶᠢᠷ᠎ᠠ ᠳᠤ ︽ᠽᠠᠨᠳᠠᠨ ᠬᠦᠷᠡᠩ︾ ᠨᠡᠷᠡᠮᠵᠢᠳᠤ ᠠᠩᠬᠠᠳᠠᠭᠴᠢ | ᠬᠤᠭᠤᠴᠠᠭᠠᠨ ᠤ ᠣᠷᠳᠤᠰ ᠬᠤᠳᠠ ᠶᠢᠨ ᠪᠦᠰᠡᠬᠦᠢ ᠤᠶᠠᠭᠠᠴᠢᠳ ᠤᠨ ᠵᠢᠷᠤᠭ᠎ᠠ ᠮᠤᠷᠢᠨ ᠤ ᠤᠷᠤᠯᠳᠤᠭᠠᠨ ᠮᠠᠨ ᠤ | ᠬᠤᠰᠢᠭᠤᠨ ᠤ ᠪᠠᠶᠠᠠᠰᠢᠯᠢ ᠭᠠᠴᠠᠭᠠᠨ ᠳᠤ ᠬᠦᠭᠵᠢᠶᠡᠨᠳᠡᠢ ᠶᠠᠪᠤᠭᠳᠠᠵᠦ᠂ ᠮᠤᠩᠭᠤᠯ ᠪᠦᠰᠡᠬᠦᠶᠢᠴᠦᠳ ᠤᠨ ᠮᠤᠷᠢᠨ | ᠨᠢᠷᠤᠭᠤᠨ ᠲᠡᠭᠡᠷᠡᠬᠢ ᠴᠤᠭ ᠵᠤᠯᠪᠤᠭ᠎ᠠ ᠶᠢ ᠬᠤᠷᠠᠭᠰᠠᠨ ᠣᠯᠠᠨ ᠳᠤ ᠭᠠᠶᠢᠬᠠᠭᠤᠯᠤᠨ᠂ ᠬᠤᠯᠠ ᠣᠶᠢᠷ᠎ᠠ ᠶᠢᠨ ᠬᠢᠨ ᠤ | ᠠᠩᠬᠠᠷᠤᠯ ᠢ ᠲᠠᠲᠠᠭᠰᠠᠨ ᠪᠠᠶᠢᠨ᠎ᠠ᠃ | ᠡᠪᠦᠯ ᠤᠨ ᠬᠦᠢᠳᠡᠨ ᠢ ᠬᠠᠶᠢᠬᠤᠷᠤᠯ ᠦᠭᠡᠢ ᠵᠢᠷᠤᠭ᠎ᠠ ᠮᠤᠷᠢᠨ ᠤ ᠣᠷᠤᠯᠳᠤᠭᠠᠨ ᠢ ᠵᠤᠷᠢᠵᠦ ᠢᠷᠡᠭᠰᠡᠨ | ᠮᠤᠷᠢᠨ ᠰᠤᠶᠤᠯ ᠤᠨ ᠪᠠᠭ᠋ᠠᠳᠠᠳ ᠨᠠᠶᠢᠷ ᠲᠤ ᠬᠦᠭ ᠨᠡᠮᠡᠷᠢᠯᠡᠵᠦ ᠪᠠᠶᠢᠬᠤ ᠳᠤ᠂ ᠣᠷᠳᠤᠰ ᠬᠤᠳᠠ ᠶᠢᠨ ᠡᠯ᠎ᠡ | ᠬᠤᠰᠢᠭᠤ ᠲᠤᠭᠤᠷᠢᠭ ᠠᠴᠠ ᠬᠦᠷᠦᠯᠴᠡᠨ ᠢᠷᠡᠭᠰᠡᠨ 100 ᠭᠠᠷᠣᠢ ᠪᠦᠰᠡᠬᠦᠢ ᠣᠶᠠᠭᠠᠴᠢᠳ ᠨᠢ ᠬᠠᠷᠢᠨ ᠨᠡᠩ ᠴᠤ | ᠲᠤᠰ ᠣᠳᠠᠭᠠᠨ ᠤ ᠨᠠᠭᠠᠳᠤᠮ ᠤᠨ ᠬᠠᠮᠤᠭ ᠤᠨ ᠶᠡᠭᠡ ᠬᠢᠯᠡᠰ ᠴᠡᠭ ᠪᠤᠯᠵᠦ᠂ ᠡᠮᠡᠭᠳᠡᠶᠢᠴᠦᠳ ᠤᠨ ᠵᠢᠷᠤᠭ᠎ᠠ ᠮᠤᠷᠢᠨ | ᠤ ᠣᠷᠤᠯᠳᠤᠭᠠᠨ ᠨᠢ ᠠᠩᠬᠠᠳᠠᠭᠴᠢ ᠣᠳᠠᠭ᠎ᠠ ᠡᠶᠢᠮᠤ ᠦᠷᠬᠡᠨ ᠬᠡᠪᠴᠢᠶ᠎ᠡ ᠲᠠᠢ᠂ ᠵᠤᠬᠢᠶᠠᠨ ᠪᠠᠶᠢᠭᠤᠯᠤᠯᠳᠠ ᠲᠠᠢ | ᠶᠠᠪᠤᠭᠳᠠᠵᠦ᠂ ᠣᠷᠤᠯᠴᠠᠭᠴᠢ ᠪᠠ ᠦᠵᠡᠭᠴᠢ ᠶᠢᠨ ᠬᠤᠪᠢ ᠳᠤ ᠴᠦᠮ ᠠᠳᠠᠯᠢᠬᠠᠨ ᠰᠤᠨᠢᠷᠬᠠᠯ ᠪᠠᠭ᠋ᠠᠷᠬᠠᠯ ᠤᠨ | ᠰᠡᠳᠬᠢᠭᠳᠡᠯ ᠲᠦᠷᠦᠭᠳᠡᠬᠦᠯᠵᠦ ᠪᠠᠶᠢᠯ᠎ᠠ᠃ | ᠦᠣᠰᠢᠨ ᠬᠤᠰᠢᠭᠤᠨ ᠤ ︽ᠽᠠᠨᠳᠠᠨ ᠬᠦᠷᠡᠩ︾ ᠪᠦᠰᠡᠬᠦᠢ ᠤᠶᠠᠭᠠᠴᠢᠳ ᠤᠨ ᠨᠡᠶᠢᠬᠡᠮᠯᠢᠭ ᠨᠢ ᠬᠡᠶᠢᠮᠣᠷᠢ | ᠳᠠᠯᠠᠯᠣᠭᠰᠠᠨ ᠣᠷᠳᠤᠰ ᠣᠰᠣᠨ ᠵᠢᠷᠤᠭ᠎ᠠ ᠮᠣᠷᠢᠨ ᠤ ᠪᠦᠰᠡᠬᠦᠢ ᠣᠶᠠᠭᠠᠴᠢᠳ ᠤᠨ ᠴᠤᠭ ᠵᠣᠯᠪᠣᠭ᠎ᠠ ᠶᠢ | ᠪᠠᠳᠠᠷᠠᠭᠤᠯᠬᠤ ᠶᠢᠨ ᠳᠦᠯᠣᠭᠡ ᠡᠨᠡ ᠵᠢᠯ ᠤᠨ 10 ᠳ᠋ᠤᠭᠠᠷ ᠰᠠᠷ᠎ᠠ ᠳᠤ ᠮᠠᠯᠴᠢᠨ ᠰᠠᠷᠠᠨᠴᠢᠮᠡᠭ ᠪᠣᠯᠣᠨ ᠤᠳᠤᠨᠴᠢᠮᠡᠭ | ᠡᠭᠡᠴᠢ ᠲᠡᠭᠦᠦ ᠬᠤᠶᠠᠭᠤᠯᠠ ᠠᠴᠠ ᠬᠠᠮᠳᠣᠷᠠᠨ ᠪᠠᠶᠢᠭᠤᠯᠤᠭᠰᠠᠨ ᠲᠠᠪᠢᠭᠠᠳ ᠪᠦᠰᠡᠬᠦᠢ ᠤᠶᠠᠭᠠᠴᠢᠳ ᠢᠶᠠᠷ | ᠪᠦᠷᠢᠯᠳᠦᠭᠰᠡᠨ ᠠᠳᠤᠭᠤᠨ ᠰᠤᠶᠤᠯ ᠤᠨ ᠨᠠᠶᠢᠬᠡᠮᠯᠢᠭ ᠪᠤᠯᠬᠤ ᠶᠤᠮ᠃ ᠲᠤᠰ ᠤᠳᠠᠭᠠᠨ ᠤ ᠣᠷᠤᠯᠳᠤᠭᠠᠨ ᠳᠤ | ᠪᠦᠰᠡᠬᠦᠢ ᠤᠶᠠᠭᠠᠴᠢᠳ ᠣᠷᠠᠨ ᠭᠠᠪᠰᠢᠭᠠᠢ ᠣᠷ᠎ᠠ ᠮᠡᠷᠬᠡᠵᠢᠯ᠂ ᠬᠤᠷᠴᠡ ᠰᠡᠷᠬᠦᠯᠡᠩ ᠣᠢ ᠪᠢᠯᠢᠭ ᠢᠶᠠᠷ ᠢᠶᠠᠨ ᠮᠤᠷᠢᠨ | ᠨᠢᠷᠤᠭᠤᠨ ᠲᠡᠭᠡᠷᠡᠬᠢ ᠮᠤᠩᠭᠤᠯᠵᠢᠨ ᠭᠤᠸ᠎ᠠ ᠶᠢᠨ ᠲᠡᠬᠦᠰ ᠦᠵᠡᠰᠬᠦᠯᠡᠩᠳᠤ ᠭᠠᠯᠪᠢᠷ ᠲᠦᠷᠬᠦ ᠪᠠ ᠡᠷᠡᠯᠬᠡᠭ | ᠵᠤᠯᠪᠤᠭᠠᠳᠤ ᠴᠤᠭ ᠵᠤᠯᠢ ᠶᠢ ᠬᠤᠷᠠᠭᠰᠠᠨ ᠣᠯᠠᠨ ᠳᠤ ᠭᠠᠶᠢᠬᠠᠭᠤᠯᠵᠦ᠂ ᠡᠷ᠎ᠡ ᠪᠦᠰᠡᠳᠡᠢ ᠤᠶᠠᠭᠠᠴᠢᠳ ᠠᠴᠠ | ᠲᠤᠳᠠᠭᠤ ᠦᠭᠡᠢ ᠰᠠᠶᠢᠬᠠᠨ ᠨᠠᠶᠢᠷ ᠤᠨ ᠦᠩᠬᠡ ᠢᠶᠠᠷ ᠢᠶᠠᠨ ᠦᠵᠡᠭᠴᠢᠳ ᠲᠥᠮᠡᠨ ᠳᠡᠭᠡᠨ ᠲᠠᠭᠠᠰᠢᠶᠠᠭᠳᠠᠭᠰᠠᠨ | ᠪᠠᠶᠢᠨ᠎ᠠ᠃ | |