11 ᠰᠠᠷ᠎ᠠ ᠶᠢᠨ 28 ᠤ ᠡᠳᠤᠷ᠂ ᠬᠤᠰᠢᠭᠤ ᠨᠠᠮ ᠤᠨ ᠬᠤᠷᠢᠶᠠᠨ ᠤ ᠱᠥᠵᠢ ᠡᠷᠳᠡᠨᠢᠪᠢᠯᠢᠭ ᠠᠶᠤᠯᠭᠦᠢ | ᠥᠢᠯᠡᠳᠪᠤᠷᠢᠯᠠᠯ ᠤᠨ ᠠᠵᠢᠯ ᠳᠤ ᠪᠠᠴᠢᠮ ᠲᠤᠭᠢᠷᠠᠭᠤᠯᠤᠯᠳᠠ ᠭᠢᠵᠤ᠂ ᠴᠢᠭᠤᠯᠤᠯᠲᠤ ᠬᠠᠭᠠᠯᠭ᠎ᠠ ᠬᠤᠲᠠ ᠶᠢᠨ ᠨᠢᠭᠡ | ᠭᠢᠮᠢ ᠶᠢᠨ ᠠᠵᠤ ᠥᠢᠯᠡᠳᠪᠤᠷᠢ ᠶᠢᠨ ᠤᠶᠢᠷ᠎ᠠ ᠤᠷᠴᠢᠮ ᠳᠤ ᠲᠡᠯᠪᠡᠷᠡᠯᠳᠠ ᠡᠭᠦᠰᠥᠭᠰᠠᠨ ᠭᠡᠷᠡᠭ ᠢ ᠨᠠᠶᠢᠳᠠᠯᠠᠵᠤ ᠮᠠᠨ | ᠤ ᠬᠤᠰᠢᠭᠤᠨ ᠤ ᠠᠶᠤᠯᠭᠦᠢ ᠦᠢᠯᠡᠳᠪᠤᠷᠢᠯᠡᠯ ᠤᠨ ᠠᠵᠢᠯ ᠳᠤ ᠪᠠᠶᠢᠷᠢᠯᠠᠭᠤᠯᠤᠯᠲᠠ ᠲᠤᠭᠢᠷᠠᠭᠤᠯᠤᠯᠳᠠ ᠭᠢᠭᠰᠡᠨ | ᠪᠠᠶᠢᠨ᠎ᠠ᠃ ᠬᠤᠰᠢᠭᠤ ᠨᠠᠮ ᠤᠨ ᠬᠤᠷᠢᠶᠠᠨ ᠤ ᠱᠥᠵᠢ ᠡᠷᠳᠡᠨᠢᠪᠢᠯᠢᠭ᠂ ᠬᠤᠰᠢᠭᠤ ᠨᠠᠮ ᠤᠨ ᠬᠤᠷᠢᠶᠠᠨ ᠤ ᠪᠠᠶᠢᠩᠭᠤ | ᠶᠢᠨ ᠭᠡᠰᠢᠭᠦᠨ ᠨᠠᠮ ᠤᠨ ᠬᠤᠷᠢᠶᠠᠨ ᠤ ᠠᠯᠪᠠᠨ ᠭᠡᠷ ᠤᠨ ᠡᠷᠭᠢᠯᠡᠭᠴᠢ ᠵᠤᠤ ᠶᠥᠩ ᠹᠧᠩ ᠪᠤᠯᠤᠨ ᠡᠯ᠎ᠠ ᠠᠵᠤ ᠠᠬᠤᠢ | ᠶᠢᠨ ᠨᠡᠭᠡᠭᠡᠯᠳᠠ ᠶᠢᠨ ᠤᠷᠤᠨ ︵ᠭᠥᠷᠢᠶᠠᠯᠠᠩ ᠲᠤᠭᠤᠷᠢᠭ︶᠂ ᠬᠤᠰᠢᠭᠤ ᠠᠶᠤᠯᠭᠦᠢ ᠶᠢᠨ ᠵᠥᠪᠯᠠᠯ ᠤᠨ | ᠪᠥᠷᠢᠯᠳᠤᠭᠦᠨ ᠪᠠᠶᠢᠭᠤᠯᠭ᠎ᠠ ᠨᠢᠭᠡᠴᠢ ᠶᠢᠨ ᠬᠠᠷᠢᠭᠤᠴᠠᠯᠭᠠᠳᠠᠨ ᠬᠤᠷᠠᠯ ᠳᠤ ᠤᠷᠤᠯᠴᠠᠪᠠ᠃ | ᠬᠤᠷᠠᠯ ᠲᠡᠭᠡᠷ᠎ᠡ ᠡᠷᠳᠡᠨᠢᠪᠢᠯᠢᠭ ᠴᠢᠭᠤᠯᠤᠯᠲᠤ ᠬᠠᠭᠠᠯᠭ᠎ᠠ ᠬᠤᠲᠠ ᠶᠢᠨ ᠨᠢᠭᠡ ᠭᠢᠮᠢ ᠶᠢᠨ ᠠᠵᠤ ᠥᠢᠯᠡᠳᠪᠤᠷᠢ | ᠶᠢᠨ ᠤᠶᠢᠷ᠎ᠠ ᠤᠷᠴᠢᠮ ᠳᠤ ᠲᠡᠯᠪᠡᠷᠡᠯᠳᠠ ᠡᠭᠦᠰᠥᠭᠰᠠᠨ ᠭᠡᠷᠡᠭ ᠢ ᠨᠠᠶᠢᠳᠠᠯᠠᠵᠤ᠂ ᠡᠯ᠎ᠠ ᠭᠠᠵᠠᠷ ᠤᠷᠤᠨ ᠡᠯ᠎ᠠ ᠰᠠᠯᠠᠭ᠎ᠠ | ᠮᠥᠴᠢᠷ ᠤᠨ ᠬᠢᠨ ᠢ ᠲᠤᠰ ᠭᠠᠵᠠᠷ ᠤᠷᠤᠨ ᠪᠤᠯᠤᠨ ᠮᠠᠨ ᠤ ᠬᠤᠰᠢᠭᠤᠨ ᠤ ᠭᠢᠵᠠᠭᠠᠷ ᠲᠤ ᠤᠷᠤᠬᠤ ᠠᠶᠤᠯᠳᠠᠢ ᠭᠢᠮᠢ | ᠶᠢᠨ ᠪᠤᠳᠠᠰ ᠲᠡᠭᠡᠭᠡᠪᠤᠷᠢᠯᠠᠭᠦ ᠲᠡᠷᠭᠡ ᠶᠢ ᠴᠢᠩᠭ᠎ᠠ ᠪᠠᠶᠢᠴᠠᠭᠠᠵᠤ᠂ ᠠᠶᠤᠯᠳᠠᠢ ᠭᠢᠮᠢ ᠶᠢᠨ ᠪᠤᠳᠠᠰ ᠲᠡᠭᠡᠭᠡᠪᠤᠷᠢᠯᠡᠭᠰᠠᠨ | ᠲᠡᠷᠭᠡ ᠶᠢ ᠬᠠᠮᠢᠶᠠᠷᠬᠤ ᠭᠥᠴᠥᠯᠠᠴᠠ ᠪᠤᠯᠤᠨ ᠠᠶᠤᠯᠳᠠᠢ ᠭᠢᠮᠢ ᠶᠢᠨ ᠪᠤᠳᠠᠰ ᠲᠡᠭᠡᠭᠡᠪᠤᠷᠢᠯᠡᠭᠰᠠᠨ ᠲᠡᠷᠭᠡ ᠶᠢᠨ ᠬᠠᠤᠯᠢ | ᠶᠢ ᠵᠥᠷᠢᠴᠡᠭᠰᠠᠨ ᠶᠠᠯᠠᠳᠤ ᠠᠵᠢᠯᠯᠠᠭ᠎ᠠ ᠶᠢ ᠴᠡᠭᠴᠡᠯᠠᠭᠦ ᠭᠥᠴᠥᠯᠠᠴᠠ ᠪᠠᠨ ᠨᠡᠮᠡᠭᠳᠡᠭᠦᠯᠵᠤ᠂ ᠪᠠᠶᠢᠴᠠᠭᠠᠨ ᠴᠡᠭᠴᠡᠯᠡᠯᠲᠡ | ᠶᠢ ᠵᠤᠭᠢᠶᠠᠨ ᠪᠠᠶᠢᠭᠤᠯᠤᠨ ᠥᠷᠨᠢᠭᠦᠯᠵᠤ᠂ ᠠᠵᠤ ᠠᠬᠤᠶᠢᠯᠠᠯ ᠤᠨ ᠠᠶᠤᠯᠭᠦᠢ ᠶᠢᠨ ᠲᠠᠯᠳᠠ ᠭᠡᠮ ᠢ ᠴᠢᠩᠭ᠎ᠠ | ᠪᠠᠶᠢᠴᠠᠭᠠᠵᠤ ᠭᠥᠨᠳᠤ ᠶᠡᠭᠡ ᠠᠶᠤᠯᠭᠦᠢ ᠦᠢᠯᠡᠳᠪᠤᠷᠢᠯᠡᠯ ᠤᠨ ᠭᠡᠨᠡᠳᠠᠯ ᠡᠭᠦᠰᠭᠦ ᠶᠢ ᠴᠢᠩᠭ᠎ᠠ ᠬᠤᠷᠢᠭᠯᠠᠬᠤ ᠶᠢ | ᠱᠠᠭᠠᠷᠳᠠᠵᠠᠢ᠃ | ᠡᠷᠳᠡᠨᠢᠪᠢᠯᠢᠭ ᠴᠢᠬᠤᠯᠠᠴᠢᠯᠠᠬᠤ ᠳᠤ ᠪᠠᠨ᠂ ᠡᠯ᠎ᠠ ᠭᠠᠵᠠᠷ ᠤᠷᠤᠨ ᠡᠯ᠎ᠠ ᠰᠠᠯᠠᠭ᠎ᠠ ᠮᠥᠴᠢᠷ᠂ ᠤᠳᠤᠬᠠᠨ ᠤ | ᠠᠶᠤᠯᠭᠦᠢ ᠥᠢᠯᠡᠳᠪᠤᠷᠢᠯᠠᠯ ᠤᠨ ᠤᠨᠴᠠᠭᠠᠢ ᠴᠢᠨᠠᠷ ᠪᠤᠯᠤᠨ ᠭᠥᠴᠢᠷ ᠪᠡᠷᠭᠡ ᠴᠢᠨᠠᠷ ᠢ ᠭᠥᠨᠵᠡᠭᠡᠢ ᠲᠠᠨᠢᠵᠤ᠂ | ᠠᠶᠤᠯᠭᠦᠢ ᠦᠢᠯᠡᠳᠪᠤᠷᠢᠯᠡᠯ ᠤᠨ ᠠᠵᠢᠯ ᠢ ᠴᠢᠩᠭ᠎ᠠ ᠠᠳᠬᠤᠵᠤ᠂ ᠨᠡᠩ ᠥᠨᠳᠤᠷ ᠤᠯᠤᠰ ᠲᠥᠷᠥ ᠶᠢᠨ ᠵᠤᠭᠰᠤᠴᠠ᠂ | ᠨᠡᠩ ᠭᠥᠴᠥᠷᠭᠡᠭ ᠶᠡᠭᠡ ᠲᠠᠯ᠎ᠠ ᠶᠢᠨ ᠤᠬᠠᠮᠰᠠᠷ᠂ ᠨᠠᠩ ᠴᠢᠩᠭ᠎ᠠ ᠠᠵᠢᠯ ᠤᠨ ᠰᠤᠷᠳᠠᠯ ᠢᠶᠠᠷ ᠠᠶᠤᠯᠭᠦᠢ | ᠦᠢᠯᠡᠳᠪᠤᠷᠢᠯᠡᠯ ᠤᠨ ᠠᠵᠢᠯ ᠢ ᠨᠠᠩ ᠪᠤᠳᠠᠳᠠᠢ ᠨᠠᠷᠢᠯᠢᠭ ᠭᠢᠭᠦ ᠭᠡᠷᠡᠭᠳᠠᠢ᠃ ᠱᠠᠭᠠᠷᠳᠠᠨ ᠪᠠᠶᠢᠴᠠᠭᠠᠯᠳᠠ ᠶᠢᠨ ᠠᠵᠢᠯ | ᠤᠨ ᠭᠥᠴᠥᠯᠠᠴᠠ ᠪᠠᠨ ᠨᠡᠮᠡᠭᠳᠡᠭᠦᠯᠤᠨ᠂ ᠬᠠᠷᠢᠭᠤᠴᠠᠯᠭ᠎ᠠ ᠶᠢ ᠱᠠᠳᠤ ᠱᠠᠳᠤ ᠪᠠᠷ ᠨᠠᠷᠢᠯᠢᠭᠵᠢᠭᠤᠯᠵᠤ᠂ ᠰᠤᠯᠠ | ᠵᠠᠳᠠᠭᠠᠢ᠂ ᠰᠤᠨᠤᠷ ᠰᠠᠷᠠᠮᠵᠢ ᠥᠭᠡᠢ ᠥᠵᠠᠯ ᠰᠠᠨᠠᠭ᠎ᠠ ᠶᠢ ᠡᠷᠡᠰ ᠲᠠᠪᠴᠢᠭᠦ ᠭᠡᠷᠡᠭᠳᠠᠢ᠃ ᠠᠵᠤ ᠠᠬᠤᠶᠢᠯᠠᠯ ᠢ ᠡᠯ᠎ᠠ | ᠭᠠᠵᠠᠷ ᠤᠷᠤᠨ ᠤ ᠭᠡᠨᠠᠳᠠᠯ ᠠᠴᠠ ᠰᠤᠷᠭᠠᠮᠵᠢ ᠠᠪᠬᠤ ᠶᠢ ᠵᠢᠯᠤᠭᠤᠳᠤᠨ ᠱᠠᠭᠠᠷᠳᠠᠵᠤ᠂ ᠠᠶᠤᠯᠭᠦᠢ ᠥᠢᠯᠠᠳᠪᠤᠷᠢᠯᠠᠯ | ᠤᠨ ᠭᠤᠤᠯ ᠴᠤᠭᠴᠠ ᠶᠢᠨ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠠᠶᠤᠯᠭᠦᠢ ᠦᠢᠯᠡᠳᠪᠤᠷᠢᠯᠡᠯ ᠤᠨ | ᠲᠥᠷᠢᠮ ᠲᠤᠭᠳᠠᠭᠠᠯ ᠪᠤᠯᠤᠨ ᠦᠢᠯᠡᠳᠪᠤᠷᠢᠯᠡᠬᠦ ᠶᠠᠪᠤᠴᠠ ᠶᠢ ᠪᠥᠷᠢᠨ ᠲᠠᠭᠦᠯᠳᠡᠷᠵᠢᠭᠦᠯᠵᠤ᠂ ᠡᠯ᠎ᠠ ᠲᠥᠷᠥᠯ ᠤᠨ | ᠠᠶᠤᠯᠭᠦᠢ ᠥᠢᠯᠡᠳᠪᠤᠷᠢᠯᠠᠯ ᠤᠨ ᠲᠠᠯᠳᠠ ᠭᠡᠮ ᠢ ᠪᠥᠭᠦ ᠲᠠᠯ᠎ᠠ ᠪᠠᠷ ᠪᠠᠶᠢᠴᠠᠭᠠᠨ ᠴᠡᠭᠴᠠᠯᠠᠵᠤ᠂ ᠪᠥᠭᠦ ᠬᠤᠰᠢᠭᠤᠨ ᠤ | ᠠᠶᠤᠯᠭᠦᠢ ᠦᠢᠯᠡᠳᠪᠤᠷᠢᠯᠡᠯ ᠤᠨ ᠪᠠᠶᠢᠳᠠᠯ ᠤᠨ ᠥᠷᠭᠦᠯᠵᠢᠯᠠᠨ ᠲᠤᠭᠳᠠᠭᠤᠨ ᠪᠠᠶᠢᠬᠤ ᠶᠢ ᠪᠠᠳᠤᠯᠠᠬᠤ ᠭᠡᠷᠡᠭᠳᠠᠢ ᠭᠡᠵᠡᠢ | ᠃ | |