︽ᠪᠢᠯᠢᠭ ᠤᠨ ᠰᠠᠩ ᠲᠤᠮᠳᠠᠲᠤ ᠤᠯᠤᠰ ᠤᠨ ᠮᠤᠩᠭᠤᠯ ᠨᠤᠮ ᠬᠡᠪᠯᠡᠯ ᠤᠨ ᠮᠦᠽᠸᠢ︾ ᠨᠢ ᠰᠣᠷᠣᠭᠴᠢᠳ  ᠤᠨ ᠬᠢᠴᠢᠶᠡᠯ ᠤᠨ ᠭᠠᠳᠠᠨᠠᠬᠢ ᠰᠤᠷᠤᠯᠴᠠᠯᠭ᠎ᠠ ᠶᠢᠨ ᠰᠠᠭᠤᠷᠢᠨ ᠭᠠᠵᠠᠷ ᠪᠣᠯᠣᠯ᠎ᠠ
ᠨᠡᠶᠢᠲᠡᠯᠡᠭᠰᠡᠨ ᠴᠠᠭ᠄
2018-11-07
    ᠤᠯᠠᠭᠠᠠᠲᠤᠯᠤᠭᠠᠢ ᠪᠠᠯᠭᠠᠰᠤᠨ ᠤ ᠪᠠᠶᠠᠠᠰᠢᠯᠢ ᠭᠠᠴᠠᠭᠠᠨ ᠳᠤ ᠪᠠᠶᠢᠭ᠎ᠠ ︽ᠪᠢᠯᠢᠭ ᠤᠨ ᠰᠠᠩ ᠲᠤᠮᠳᠠᠲᠤ ᠤᠯᠤᠰ  ᠤᠨ ᠮᠤᠩᠭᠤᠯ ᠨᠤᠮ ᠬᠡᠪᠯᠡᠯ ᠤᠨ ᠮᠦᠽᠸᠢ︾ ᠨᠢ ᠰᠤᠷᠤᠭᠴᠢᠳ ᠤᠨ ᠳᠣᠷ᠎ᠠ ᠰᠣᠨᠢᠷᠬᠠᠯ ᠢ ᠪᠣᠯᠢᠶᠠᠭᠰᠠᠨ ᠬᠢᠴᠢᠶᠠᠯ  ᠤᠨ ᠭᠠᠳᠠᠨ᠎ᠠ ᠨᠣᠮ ᠣᠡᠭᠰᠢᠨ ᠰᠣᠷᠣᠯᠴᠠᠬᠤ ᠲᠤᠬᠢᠳᠠᠢ ᠰᠠᠶᠢᠬᠠᠨ ᠭᠠᠵᠠᠷ ᠪᠤᠯᠵᠤ ᠪᠠᠭᠠᠴᠤᠳ ᠬᠡᠥᠬᠡᠳ ᠲᠤ ᠣᠶᠣᠨ  ᠤ ᠰᠢᠮ᠎ᠠ ᠳᠠᠵᠢᠬᠡᠯ ᠬᠦᠷᠳᠡᠬᠡᠵᠣ ᠪᠠᠶᠢᠨ᠎ᠠ᠃     ᠣᠶᠢᠷ᠎ᠠ ᠶᠢᠨ ᠡᠳᠦᠷ᠂ ᠬᠤᠰᠢᠭᠤ ᠮᠤᠩᠭᠤᠯ ᠦᠨᠳᠦᠰᠦᠲᠡᠨ ᠤ ᠲᠤᠷᠰᠢᠯᠲᠠ ᠶᠢᠨ ᠪᠠᠭ᠎ᠠ ᠰᠤᠷᠭᠠᠭᠤᠯᠢ ᠶᠢᠨ ᠵᠢᠷᠭᠤᠳᠤᠭᠠᠷ ᠤᠨ ᠤ ᠬᠤᠶᠠᠳᠤᠭᠠᠷ ᠠᠩᠭᠢ ᠶᠢᠨ ᠰᠤᠷᠤᠭᠴᠢᠳ᠂ ᠪᠠᠭᠰᠢ ᠪᠤᠯᠤᠨ ᠭᠡᠷ ᠤᠨ ᠠᠬᠠᠮᠠᠳ ᠤᠨ ᠲᠠᠭᠠᠭᠤᠯᠭ᠎ᠠ ᠪᠠᠷ ︽ᠪᠢᠯᠢᠭ ᠤᠨ ᠰᠠᠩ ᠲᠤᠮᠳᠠᠲᠤ ᠤᠯᠤᠰ ᠤᠨ ᠮᠤᠩᠭᠤᠯ ᠨᠤᠮ ᠬᠡᠪᠯᠡᠯ ᠤᠨ ᠮᠦᠽᠸᠢ︾ ᠳᠤ ᠭᠦᠷᠴᠦ ᠮᠤᠩᠭᠤᠯ ᠨᠤᠮ ᠬᠡᠪᠯᠡᠯ ᠤᠨ ᠲᠡᠤᠬᠡ ᠰᠣᠶᠣᠯ ᠢ ᠤᠶᠢᠯᠠᠭᠠᠵᠤ ᠮᠣᠩᠭᠤᠯ ᠨᠤᠮ ᠤᠨ ᠷᠢᠳᠢ ᠰᠢᠳᠢ ᠶᠢ ᠪᠠᠭ᠋ᠠᠷᠬᠠᠪᠠ᠃     ᠲᠤᠰ ᠤᠳᠠᠭᠠᠨ ᠤ ᠭᠡᠴᠢᠶᠡᠯ ᠤᠨ ᠭᠠᠳᠠᠨᠠᠬᠢ ᠰᠤᠷᠤᠯᠴᠠᠯᠭ᠎ᠠ ᠶᠢᠨ ᠠᠵᠢᠯᠯᠠᠭ᠎ᠠ ᠳᠤ ᠰᠣᠷᠣᠭᠴᠢᠳ ᠪᠠᠰᠠ ᠨᠤᠮ  ᠤᠨ ᠣᠪᠣᠭ᠎ᠠ ᠳᠡᠬᠢᠬᠤ᠂ ᠬᠠᠭᠤᠴᠢᠨ ᠡᠳ᠋ᠯᠡᠯ ᠬᠡᠷᠡᠭᠰᠡᠯ ᠤᠨ ᠵᠢᠷᠤᠭ ᠢ ᠦᠵᠡᠵᠦ ᠨᠡᠷ᠎ᠡ ᠲᠠᠭᠠᠬᠤ᠂ ᠵᠦᠢᠷ ᠰᠡᠴᠡᠨ ᠦᠭᠡ ᠪᠦᠲᠦᠨ ᠪᠤᠯᠭᠠᠬᠤ᠂ ᠤᠨᠢᠰᠤᠭ᠎ᠠ ᠲᠠᠭᠠᠬᠤ ᠵᠡᠷᠭᠡ ᠪᠠᠶᠠᠯᠢᠭ ᠠᠭᠤᠯᠭ᠎ᠠ ᠲᠠᠢ ᠮᠡᠳᠡᠯᠭᠡ ᠶᠢᠨ ᠣᠷᠣᠯᠳᠣᠭᠠᠨ ᠦᠷᠨᠢᠬᠦᠯᠪᠡ᠃     ︽ᠪᠢᠯᠢᠭ ᠤᠨ ᠰᠠᠩ ᠲᠤᠮᠳᠠᠲᠤ ᠤᠯᠤᠰ ᠤᠨ ᠮᠤᠩᠭᠤᠯ ᠨᠤᠮ ᠬᠡᠪᠯᠡᠯ ᠤᠨ ᠮᠦᠽᠸᠢ︾ ᠨᠢ 2010 ᠣᠨ  ᠳᠤ ᠭᠡᠷᠡᠭᠯᠡᠯᠳᠡ ᠳᠤ ᠣᠷᠣᠭᠰᠠᠨ ᠠᠴᠠ ᠨᠠᠰᠢ ᠪᠦᠬᠦ ᠬᠤᠳᠠ ᠶᠢᠨ ᠭᠡᠪᠴᠢᠶᠠᠨ ᠤ ᠮᠣᠩᠭᠤᠯ ᠰᠣᠷᠣᠭᠴᠢᠳ ᠤᠨ ᠨᠣᠮ ᠣᠡᠭᠰᠢᠭ᠌ᠰᠠᠨ ᠳᠦᠷᠣᠭ᠍ᠳᠡᠯ ᠪᠢᠴᠢᠬᠦ ᠣᠷᠣᠯᠳᠣᠭᠠᠨ᠂ ᠨᠤᠮ ᠤᠨ ᠤᠪᠤᠭᠠᠨ ᠤ ᠳᠡᠬᠢᠯᠭ᠎ᠠ ᠳᠤ ᠤᠷᠤᠯᠴᠠᠬᠤ᠂ ᠠᠮᠠᠷᠠᠯᠳᠠ ᠶᠢᠨ ᠬᠤᠭᠤᠴᠠᠭ᠎ᠠ ᠪᠠᠷ ᠲᠤᠭᠤᠷᠢᠨ ᠰᠡᠯᠡᠬᠦᠴᠡᠵᠦ ᠨᠤᠮ ᠵᠢᠬᠡᠯᠡᠵᠦ ᠤᠩᠰᠢᠬᠤ ᠵᠡᠷᠭᠡ ᠨᠤᠮ ᠪᠢᠴᠢᠭ ᠣᠡᠭᠰᠢᠵᠣ ᠮᠡᠳᠡᠯᠭᠡ ᠮᠡᠳᠡᠴᠡ ᠪᠠᠨ ᠨᠡᠮᠡᠭᠳᠡᠭᠦᠯᠭᠦ ᠰᠤᠷᠤᠭᠴᠢᠳ ᠤᠨ ᠬᠢᠴᠢᠶᠡᠯ ᠤᠨ ᠭᠠᠳᠠᠨᠡᠬᠢ ᠠᠵᠢᠯᠯᠠᠭᠠᠨ ᠤ ᠰᠠᠭᠤᠷᠢᠨ ᠭᠠᠵᠡᠷ ᠪᠣᠯᠵᠣ ᠵᠢᠯ ᠪᠦᠷᠢ 1000 ᠭᠠᠷᠣᠢ ᠬᠦᠮᠦᠨ ᠣᠳᠠᠭᠠᠨ ᠤ ᠰᠣᠷᠣᠭᠴᠢᠳ ᠢ ᠬᠦᠯᠢᠶᠠᠨ ᠠᠪᠳᠠᠭ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号