ᠬᠠᠯᠢᠭᠤᠳᠣ ᠶᠢᠨ ᠰᠦᠮ᠎ᠡ ᠶᠢᠨ ᠰᠣᠭᠴᠢᠨ ᠳᠣᠭᠠᠡᠭ ᠢ ᠰᠡᠯᠪᠢᠨ ᠵᠠᠰᠠᠬᠤ ᠠᠵᠢᠯ ᠳᠠᠭᠤᠰᠴᠤ ᠮᠦᠷᠬᠦᠯᠴᠢᠳ ᠢᠶᠠᠨ ᠣᠭᠳᠣᠯ᠎ᠠ
ᠨᠡᠶᠢᠲᠡᠯᠡᠭᠰᠡᠨ ᠴᠠᠭ᠄
2018-11-07
      ᠣᠶᠢᠷ᠎ᠠ ᠶᠢᠨ ᠡᠳᠣᠷ᠂ ᠮᠠᠨ ᠤ ᠬᠤᠰᠢᠭᠤᠨ ᠤ ᠬᠠᠯᠢᠭᠤᠳᠣ ᠶᠢᠨ ᠰᠦᠮ᠎ᠡ ᠶᠢᠨ ᠰᠣᠭᠴᠢᠨ ᠳᠣᠭᠠᠡᠭ ᠢ ᠰᠡᠯᠪᠢᠨ ᠵᠠᠰᠠᠬᠤ ᠠᠵᠢᠯ ᠳᠠᠭᠤᠰᠴᠤ ᠠᠮᠢᠯᠠᠭᠤᠯᠣᠨ ᠷᠠᠪᠨᠠᠶᠢᠯᠠᠬᠤ ᠶᠣᠰᠣᠯᠠᠯ ᠶᠠᠪᠣᠭᠳᠠᠭᠤᠯᠣᠨ ᠮᠦᠷᠬᠦᠯᠴᠢᠳ ᠢᠶᠠᠨ ᠣᠭᠳᠣᠯ᠎ᠠ᠃      ᠮᠠᠨ ᠤ ᠬᠤᠰᠢᠭᠤᠨ ᠤ ᠬᠠᠯᠢᠭᠤᠲᠤ ᠶᠢᠨ ᠰᠦᠮ᠎ᠡ ᠨᠢ ᠮᠠᠨᠵᠣ ᠴᠢᠩ ᠣᠯᠣᠰ ᠤᠨ ᠡᠩᠬᠡ ᠠᠮᠣᠭᠤᠯᠠᠩ ᠬᠠᠭᠠᠨ ᠤ ᠡᠬᠢᠨ ᠤ ᠦᠶ᠎ᠡ ᠶᠢᠨ 1670 —1675 ᠤᠨ ᠤ ᠬᠤᠭᠤᠷᠤᠨᠳᠤ ᠠᠯᠳᠠᠷᠲᠤ ᠭᠦᠥᠱᠢ ᠯᠠᠮ᠎ᠠ ᠰᠠᠮᠲᠠᠨᠵᠠᠮᠰᠤ ᠣᠶᠢᠷ᠎ᠠ ᠤᠷᠴᠢᠮ ᠤᠨ ᠵᠢᠷᠭᠤᠭᠠᠨ ᠬᠤᠢ ᠶᠢᠨ ᠰᠦᠮ᠎ᠡ ᠶᠢ ᠨᠠᠶᠢᠯᠠᠭᠦᠯᠵᠣ ᠡᠭᠦᠰᠬᠡᠨ ᠪᠠᠶᠢᠭᠤᠯᠤᠭᠰᠠᠨ ᠪᠠᠶᠢᠨ᠎ᠠ᠃ ᠭᠤᠷᠪᠡᠨ ᠵᠠᠭᠤ ᠭᠠᠷᠣᠢ ᠵᠢᠯ ᠤᠨ ᠳᠡᠣᠭᠡ ᠲᠠᠢ ᠬᠠᠯᠢᠭᠤᠳᠣ ᠶᠢᠨ ᠰᠦᠮ᠎ᠡ ᠨᠢ ᠳᠦᠷᠣ ᠬᠦᠷᠣᠨ ᠤ ᠰᠣᠯᠢᠭᠳᠡᠯ᠂ ᠨᠡᠶᠢᠬᠡᠮ ᠤᠨ ᠬᠦᠭᠵᠢᠯ ᠬᠤᠪᠢᠷᠠᠯ ᠵᠡᠷᠭᠡ ᠰᠢᠯᠳᠠᠭᠠᠨ ᠠᠴᠠ ᠳᠣᠭᠠᠡᠭ ᠰᠣᠪᠣᠷᠭ᠎ᠠ ᠨᠢ ᠣᠯᠠᠨ ᠣᠳᠠᠭᠠᠨ  ᠤ ᠰᠣᠶᠢᠷᠡᠯ ᠳᠤ ᠣᠴᠠᠷᠠᠭᠰᠠᠨ ᠪᠠᠶᠢᠨ᠎ᠠ᠃ ᠣᠶᠢᠷ᠎ᠠ ᠶᠢᠨ ᠵᠢᠯ ᠠᠴᠠ ᠨᠠᠰᠢ ᠨᠠᠮ ᠵᠠᠰᠠᠭ ᠤᠨ ᠳᠦᠷᠣ ᠶᠢᠨ ᠪᠣᠳᠣᠯᠭ᠎ᠠ  ᠶᠢᠨ ᠬᠠᠷᠠᠭᠠᠯᠵᠠᠯ᠂ ᠮᠦᠷᠬᠦᠯᠴᠢᠳ ᠪᠣᠯᠣᠨ ᠦᠭᠯᠢᠬᠡ ᠶᠢᠨ ᠡᠵᠠᠳ ᠤᠨ ᠪᠣᠶᠠᠨᠰᠠᠭ ᠳᠡᠮᠵᠢᠯᠭᠡ ᠪᠠᠷ 500 ᠭᠠᠷᠣᠢ ᠳᠦᠮᠡᠨ ᠳᠦᠭᠦᠷᠢᠭ ᠤᠨ ᠪᠡᠯᠡ ᠮᠦᠡᠭᠬᠦ ᠶᠢ ᠣᠷᠣᠭᠤᠯᠣᠨ 3 ᠵᠢᠯ ᠭᠠᠷᠣᠢ ᠶᠢᠨ ᠬᠤᠭᠤᠴᠠᠭ᠎ᠠ ᠶᠢ ᠵᠠᠷᠣᠴᠠᠭᠤᠯᠣᠨ 32 ᠳᠠᠰᠣᠯᠭ᠎ᠠ ᠰᠣᠭᠴᠢᠨ ᠳᠣᠭᠠᠡᠭ ᠢ ᠰᠡᠯᠪᠢᠨ ᠵᠠᠰᠠᠵᠣ ᠳᠠᠭᠤᠰᠬᠠᠭᠰᠠᠨ ᠪᠠᠶᠢᠨ᠎ᠠ᠃      ᠡᠨ᠋ᠨ ᠣᠳᠠᠭᠠᠨ ᠤ ᠠᠵᠢᠯᠯᠠᠭ᠎ᠠ ᠳᠡᠭᠡᠷ᠎ᠡ ᠪᠠᠰᠠ ︽ᠣᠯᠣᠰ ᠤᠨ ᠳᠤᠭ᠂ ᠦᠨᠳᠣᠰᠣᠨ ᠬᠠᠣᠯᠢ ᠪᠣᠯᠣᠨ ᠬᠠᠣᠯᠢ ᠳᠦᠷᠢᠮ᠂ ᠨᠠᠶᠢᠬᠡᠮ ᠵᠢᠷᠣᠮ ᠤᠨ ᠭᠤᠣᠯᠯᠠᠭᠴᠢ ᠦᠷᠳᠡᠭ ᠤᠨ ᠦᠵᠡᠯᠳᠡ᠂ ᠳᠣᠮᠳᠡᠳᠣ ᠶᠢᠨ ᠣᠯᠠᠮᠵᠢᠯᠠᠯᠳᠣ ᠰᠢᠯᠢᠳᠡᠭ ᠰᠣᠶᠣᠯ᠂ ᠦᠨᠳᠣᠰᠣᠳᠡᠨ ᠤ ᠪᠥᠯᠭᠦᠮᠳᠠᠯ ᠳᠠᠪᠰᠢᠯᠳᠡ᠂ ᠠᠶᠣᠯᠬᠦᠢ ᠣᠶᠢᠯᠡᠳᠪᠣᠷᠢᠯᠡᠯ︾ ᠵᠡᠷᠭᠡ ᠵᠢᠷᠭᠤᠭ᠎ᠠ ᠶᠢ ᠰᠦᠮ᠎ᠡ ᠬᠡᠶᠢᠳ ᠲᠤ ᠬᠦᠷᠭᠡᠬᠦ ᠠᠵᠢᠯᠯᠠᠭ᠎ᠠ ᠶᠢ ᠦᠷᠨᠢᠬᠦᠯᠵᠣ ᠡᠶ᠎ᠡ ᠵᠣᠬᠢᠴᠠᠯᠳᠣ ᠰᠦᠮ᠎ᠡ ᠭᠡᠶᠢᠳ ᠢ ᠴᠣᠭᠴᠠᠯᠠᠨ ᠪᠠᠶᠢᠭᠤᠯᠬᠤ ᠳᠤ ᠰᠠᠭᠤᠷᠢ ᠳᠡᠯᠪᠢᠭ᠌ᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号