ᠳᠤᠪᠤᠬ ᠭᠠᠴᠠᠭ᠎ᠠ ᠶᠢ ᠬᠤᠯᠪᠤᠭᠠᠯᠠᠨ ᠳᠡᠳᠬᠦᠬᠦ ᠠᠵᠢᠯ ᠱᠠᠳᠤᠴᠢ ᠴᠢᠨᠡᠷᠳᠡᠢ ᠠᠮᠵᠢᠯᠳᠠ ᠤᠯᠵᠠᠢ
ᠨᠡᠶᠢᠲᠡᠯᠡᠭᠰᠡᠨ ᠴᠠᠭ᠄
2018-12-10
      ᠦᠤᠰᠢᠨ ᠬᠤᠰᠢᠭᠤᠨ ᠤ ᠤᠯᠤᠰ ᠤᠨ ᠭᠠᠶᠢᠯᠢ ᠶᠢᠨ ᠶᠠᠪᠤᠳᠠᠯ ᠤᠨ ᠳᠤᠪᠴᠢᠶ᠎ᠡ ᠪᠤᠯᠤᠨ ᠦᠪᠦᠷ ᠮᠤᠩᠭᠤᠯ ᠤᠨ ᠮᠤᠤᠠᠤᠰᠤ ᠶᠢᠨ ᠠᠷᠴᠠᠠ ᠤ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ ᠬᠠᠮᠢᠶᠠᠷᠤᠯᠳᠡ ᠶᠢᠨ ᠳᠤᠪᠴᠢᠶ᠎ᠡ ᠠᠴᠠ ᠳᠤᠭ ᠪᠠᠯᠭᠠᠰᠤ ᠶᠢᠨ ᠳᠤᠪᠤᠬ ᠭᠠᠴᠠᠭ᠎ᠠ ᠶᠢ ᠬᠤᠯᠪᠤᠭᠠᠯᠠᠠ ᠳᠡᠳᠬᠦᠬᠡᠳ ᠱᠠᠳᠤᠴᠢ ᠴᠢᠨᠠᠷ ᠲᠠᠢ ᠠᠮᠵᠢᠯᠳᠠ ᠶᠢ ᠤᠯᠤᠯ᠎ᠠ᠃      ᠳᠤᠪᠤᠭ ᠭᠠᠴᠠᠭ᠎ᠠ ᠶᠢ ᠬᠤᠯᠪᠤᠭᠠᠯᠠᠠ ᠳᠡᠳᠬᠦᠬᠦ ᠠᠩᠬᠢ ᠨᠢ ᠪᠠᠶᠢᠴᠠᠭᠠᠨ ᠰᠤᠳᠤᠯᠤᠯᠳᠠ ᠬᠢᠵᠤ ᠪᠠᠶᠢᠳᠠᠯ ᠢ ᠤᠢᠢᠯᠠᠭᠠᠬᠰᠠᠨ ᠤ ᠰᠠᠭᠤᠷᠢᠨ ᠳᠡᠬᠡᠷ᠎ᠡ ᠰᠠᠭᠤᠳᠠᠯ ᠤᠨ ᠬᠤᠷᠡᠯ ᠬᠢᠵᠤ ᠬᠦᠴᠢᠷ ᠠᠰᠠᠭᠤᠳᠠᠯ ᠳᠤᠪᠤᠶᠢᠮ᠎ᠠ ᠠᠰᠠᠭᠤᠳᠠᠯ ᠳᠤ ᠬᠠᠨᠳᠤᠭᠤᠯᠤᠨ ᠭᠠᠴᠠᠭᠠᠨ ᠤ ︽ᠬᠤᠶᠡᠷ ᠵᠦᠪᠯᠡᠯ︾ ᠲᠠᠢ ᠤᠯᠠᠨ ᠤᠳᠠᠭ᠎ᠠ ᠶᠠᠷᠢᠯᠴᠠᠵᠤ ︽ᠳᠤᠪᠤᠭ ᠭᠠᠴᠠᠭᠠᠨ ᠤ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠭᠤᠷᠪᠡᠨ ᠵᠢᠯ ᠤᠨ ᠳᠡᠳᠬᠦᠨ ᠳᠡᠮᠵᠢᠬᠦ ᠠᠵᠢᠯᠯᠠᠭ᠎ᠠ ᠶᠢᠨ ᠳᠦᠰᠦᠪ︾ ᠢ ᠨᠠᠶᠢᠷᠠᠭᠤᠯᠤᠨ ᠳᠤᠬᠳᠠᠭᠠᠵᠤ᠂ ᠭᠠᠴᠠᠭᠠᠨ ᠤ ᠬᠦᠭᠵᠢᠯᠳᠡ ᠶᠢᠨ ᠬᠠᠷᠠᠯᠳᠠ ᠶᠢ ᠳᠤᠳᠤᠳᠬᠠᠬᠰᠠᠨ ᠪᠠᠶᠢᠨ᠎ᠠ᠃ ᠡᠨᠡ ᠵᠢᠯ ᠳᠤᠰ ᠭᠠᠴᠠᠭᠠᠨ ᠤ ᠶᠠᠳᠠᠭᠤ ᠠᠴᠠ ᠠᠩᠬᠢᠵᠢᠷᠠᠭᠤᠯᠬᠤ ‍ᠦᠷ᠎ᠡ ᠪᠦᠳᠦᠮᠵᠢ ᠪᠠᠨ ᠪᠠᠳᠤᠳᠬᠠᠬᠤ 41 ᠡᠷᠦᠬᠡ ᠶᠢᠨ 21 ᠡᠷᠦᠬᠡ ᠨᠢ ᠨᠢᠬᠡᠨᠳᠡ ᠶᠠᠳᠠᠭᠤ ᠠᠴᠠ ᠳᠤᠭᠤᠰᠢᠳᠠᠢ ᠠᠩᠬᠢᠵᠢᠷᠠᠵᠠᠢ᠃      ᠵᠢᠯ ᠤᠨ ᠡᠬᠢᠨ ᠳᠤ ᠶᠠᠳᠠᠭᠤ ᠬᠦᠴᠢᠷᠳᠡᠯᠳᠡᠢ ᠡᠷᠦᠬᠡ ᠪᠦ᠋ᠷᠢ ᠶᠢᠨ 3 ᠬᠦᠮᠦᠨ ᠳᠤ ᠦᠪᠦᠷ ᠮᠤᠩᠭᠤᠯ ᠤᠨ ᠮᠤᠤᠠᠤᠰᠤ ᠶᠢᠨ ᠪᠠᠶᠢᠭᠠᠯᠢ ᠶᠢᠨ ᠬᠠᠮᠠᠭᠠᠯᠠᠯᠳᠠ ᠶᠢᠨ ᠳᠤᠭᠤᠷᠢᠬ ᠲᠤ ᠠᠵᠢᠯ ᠤᠨ ᠪᠠᠶᠢᠷᠢ ᠬᠠᠨᠭ᠍ᠭᠠᠵᠤ᠂ ᠵᠢᠯ ᠤᠨ ᠤᠷᠤᠯᠭ᠎ᠠ 2 ᠳᠦᠮᠡᠨ ᠳᠦᠬᠦᠷᠢᠭ ᠲᠤ ᠬᠦᠷᠴᠠᠢ︔ ᠳᠡᠳᠬᠦᠨ ᠳᠡᠮᠵᠢᠬᠦ ᠨᠢᠬᠡᠴᠢ ᠶᠢᠨ ᠠᠵᠢᠯ ᠠᠴᠠ ᠪᠠᠨ ᠠᠮᠠᠷᠠᠬᠰᠠᠨ ᠺᠠᠳ᠋ᠷᠴᠤᠳ 4 ᠶᠠᠳᠠᠭᠤ ᠬᠦᠴᠢᠷᠳᠡᠯᠳᠡᠢ ᠡᠷᠦᠬᠡ ᠳᠤ 1100 ᠮᠦ ᠤᠢᠢᠵᠢᠭᠤᠯᠤᠯᠳᠠ ᠬᠢᠵᠤ᠂ 20 ᠳᠦᠮᠡᠨ ᠰᠤᠶᠤᠭ᠎ᠠ ᠮᠤᠳᠤ ᠶᠢ ᠦᠨ᠎ᠠ ᠳᠦᠯᠦᠪᠦᠷᠢ ᠦᠬᠡᠢ ᠪᠠᠷ ᠬᠠᠨᠭ᠍ᠭᠠᠵᠠᠢ︔ 6 ᠰᠠᠷ᠎ᠡ ᠳᠤ 41 ᠡᠷᠦᠬᠡ ᠳᠤ 30 ᠳᠤᠨ ᠦᠨ᠎ᠠ ᠳᠦᠯᠦᠪᠦᠷᠢ ᠦᠬᠡᠢ ᠬᠢᠮᠢ ᠶᠢᠨ ᠪᠤᠷᠳᠤᠭᠤᠷ ᠬᠠᠨᠭ᠍ᠭᠠᠪᠠ︔ ᠵᠢᠯ ᠤᠨ ᠡᠬᠢᠨ ᠳᠤ 1 ᠡᠷᠦᠬᠡ ᠶᠢ ᠤᠨᠳᠤᠤ ᠭᠠᠵᠠᠷ ᠲᠤ ᠨᠡᠬᠦᠯᠬᠡᠨ ᠰᠢᠯᠵᠢᠬᠦᠯᠵᠤ 3 ᠶᠠᠳᠠᠭᠤ ᠬᠦᠴᠢᠷᠳᠡᠯᠳᠡᠢ ᠡᠷᠦᠬᠡ ᠳᠤ 3 ᠮᠠᠰᠢᠨ ᠬᠤᠳᠳᠤᠬ ᠦᠷᠦᠮᠳᠡᠵᠤ᠂ ᠨᠢᠬᠡ ᠡᠷᠦᠬᠡ ᠶᠢᠨ 200 ᠮᠦ ᠳᠠᠷᠢᠶᠡᠨ ᠭᠠᠵᠠᠷ ᠲᠤ ᠳᠤᠮᠤ ᠬᠡᠯᠪᠡᠷᠢ ᠶᠢᠨ ᠤᠰᠤᠯᠠᠯᠳᠠ ᠶᠢᠨ ᠳᠦᠬᠦᠬᠡᠷᠦᠮᠵᠢ ᠤᠬᠰᠠᠷᠠᠵᠠᠢ︔ 20 ᠡᠷᠦᠬᠡ ᠳᠤ 40.7 ᠳᠦᠮᠡᠨ ᠳᠦᠬᠦᠷᠢᠭ ᠤᠨ ᠠᠵᠤ ᠦᠢᠯᠡᠰ ᠢᠶᠠᠷ ᠶᠠᠳᠠᠭᠤ ᠶᠢ ᠳᠡᠳᠬᠦᠬᠦ ᠪᠡᠯᠡ ᠮᠦᠡᠭᠬᠦ ᠭᠤᠶᠤᠪᠴᠢᠯᠠᠵᠤ᠂ 3 ᠬᠠᠰᠢᠶ᠎ᠡ ᠰᠡᠷᠡᠪᠴᠢ ᠪᠠᠷᠢᠵᠦ᠂ 9 ᠦᠬᠡᠷ᠂ 121 ᠬᠤᠨᠢ ᠬᠤᠳᠠᠯᠳᠤᠨ ᠠᠪᠴᠦ ᠳᠡᠳᠬᠦᠪᠡ︔ ᠵᠢᠯ ᠤᠨ ᠡᠬᠢᠨ ᠳᠤ 4 ᠶᠠᠳᠠᠭᠤ ᠬᠦᠴᠢᠷᠳᠡᠯᠳᠡᠢ ᠡᠷᠦᠬᠡ ᠳᠤ ᠴᠠᠬᠢᠯᠭᠠᠨ ᠳᠠᠳᠠᠵᠦ ᠬᠦᠳᠡᠯᠬᠡᠬᠦ ᠬᠦᠴᠦᠨ ᠤ ᠠᠰᠠᠭᠤᠳᠠᠯ ᠢ ᠰᠢᠢᠳᠪᠦᠷᠢᠯᠡᠪᠡ᠃ ᠤᠢᠢᠷ᠎ᠡ ᠳᠤ ᠨᠦᠬᠦᠬᠡ 5 ᠡᠷᠦᠬᠡ ᠳᠤ ᠴᠤ ᠬᠦᠳᠡᠯᠬᠡᠬᠦ ᠬᠦᠴᠦᠨ ᠤ ᠴᠠᠬᠢᠯᠭᠠᠨ ᠤᠬᠰᠠᠷᠡᠵᠤ ᠦᠭᠴᠡᠢ᠃ ᠪᠠᠶᠢᠭᠠᠯᠢ ᠶᠢᠨ ᠰᠢᠳᠠᠮᠠᠬᠠᠢ ᠬᠡᠢ ᠶᠢᠨ ᠠᠵᠤ ᠠᠬᠤᠢᠢᠯᠡᠯ ᠲᠠᠢ ᠬᠠᠷᠢᠯᠴᠠᠵᠤ᠂ ᠴᠠᠭᠠᠨ ᠬᠦᠳᠡᠭᠡ ᠬᠤᠷᠰᠢᠶᠡᠨ ᠳᠤ 15 ᠺᠢᠯᠦᠮᠧᠳ᠋ᠷ ᠵᠠᠮ ᠢ ᠵᠠᠰᠠᠵᠤ ᠤᠯᠠᠨ ᠳᠦᠮᠡᠨ ᠳᠤ ᠳᠦᠬᠦᠮ ᠦᠵᠡᠬᠦᠯᠪᠡ︔ 6 ᠰᠠᠷ᠎ᠡ ᠳᠤ 200 ᠡᠷᠦᠬᠡ ᠮᠠᠯᠴᠢᠳ ᠢᠶᠠᠨ ᠳᠠᠶᠢᠴᠢᠯᠡᠵᠤ ᠭᠠᠨᠭ᠌ ᠭᠠᠴᠢᠬ ᠲᠤ ᠳᠠᠭᠠᠷᠢᠭᠳᠠᠭᠰᠠᠨ ᠰᠢᠯᠢ ᠶᠢᠨ ᠭᠤᠤᠯ ᠠᠶᠢᠮᠠᠬ ᠤᠨ ᠪᠠᠷᠠᠭᠤᠨ ᠰᠦᠨᠢᠳ ᠬᠤᠰᠢᠭᠤᠨ ᠳᠤ 4 ᠳᠦᠮᠡᠨ ᠳᠦᠬᠦᠷᠢᠭ ᠬᠠᠨᠳᠢᠪᠯᠡᠵᠤ 30 ᠭᠠᠷᠤᠢ ᠲᠤᠨ ᠡᠪᠡᠰᠦ ᠪᠤᠷᠳᠤᠭ᠎ᠠ ᠬᠦᠷᠬᠡᠵᠡᠢ︔ ᠳᠡᠳᠬᠦᠨ ᠳᠡᠮᠵᠢᠬᠦ ᠪᠠᠶᠢᠭᠤᠯᠭ᠎ᠠ ᠶᠢᠨ ᠨᠡᠮ ᠤᠨ ᠡᠬᠦᠷ ᠢ ᠵᠤᠬᠢᠶᠠᠨ ᠪᠠᠶᠢᠭᠤᠯᠵᠤ 2 ᠤᠳᠠᠭᠠᠨ ᠤ ᠨᠠᠮ ᠤᠨ ᠬᠡᠰᠢᠬᠦᠨ ᠤ ᠡᠳᠦᠷᠯᠢᠭ ᠤᠨ ᠠᠵᠢᠯᠯᠠᠭ᠎ᠠ ᠦᠷᠨᠢᠬᠦᠯᠤᠨ ᠨᠠᠮ ᠤᠨ ᠬᠢᠴᠢᠶᠡᠯ ᠤᠨ ᠳᠠᠶᠢᠯᠦᠮᠵᠢ ᠬᠢᠭᠰᠡᠨ ᠪᠠᠶᠢᠨ᠎ᠠ᠃      ᠳᠠᠷᠠᠭᠠᠴᠢ ᠶᠢᠨ ᠠᠯᠬᠤᠮ ᠳᠤ᠂ ᠡᠯ᠎ᠡ ᠳᠦᠷᠦᠯ ᠤᠨ ᠶᠠᠳᠠᠭᠤ ᠠᠴᠠ ᠠᠩᠬᠢᠵᠢᠷᠠᠭᠤᠯᠬᠤ᠂ ᠠᠷᠡᠳ ᠤᠨ ᠠᠮᠢᠳᠤᠷᠡᠯ ᠢ ᠬᠠᠷᠠᠭᠠᠯᠵᠠᠬᠤ ᠳᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠤ᠂ ᠤᠰᠤ᠂ ᠴᠠᠬᠢᠯᠭᠠᠨ᠂ ᠵᠠᠮ ᠵᠡᠷᠬᠡ ᠰᠠᠭᠤᠷᠢ ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠪᠠᠨ ᠤᠯᠠᠮ ᠨᠢᠬᠡ ᠠᠯᠬᠤᠮ ᠴᠢᠩᠭᠠᠳᠬᠠᠵᠤ ᠭᠠᠴᠠᠭᠠᠨ ᠤ ᠤᠯᠠᠨ ᠳᠦᠮᠡᠨ ᠤ ᠦᠢᠯᠡᠳᠪᠦᠷᠢᠯᠡᠯ ᠠᠮᠢᠳᠤᠷᠡᠯ ᠤᠨ ᠨᠦᠬᠦᠴᠡᠯ ᠢ ᠴᠢᠨᠠᠭᠰᠢᠲᠠ ᠰᠠᠶᠢᠵᠢᠷᠠᠭᠤᠯᠬᠤ ᠪᠠᠷ ᠴᠢᠷᠮᠠᠶᠢᠵᠦ ᠪᠤᠢ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号