︽ᠤᠯᠠᠭᠠᠨ ᠦᠩᠭᠡ ᠨᠢ ᠮᠠᠯᠴᠢᠳ ᠤᠨ ᠰᠡᠳᠬᠢᠯ ᠢ ᠲᠦᠯᠦᠭᠡᠯᠡᠨᠠ᠂ ᠬᠠᠳᠬᠤᠮᠠᠯ ᠪᠦᠭᠦᠨ ᠳᠤᠨᠢ | ᠤᠯᠠᠭᠠᠨᠮᠦ᠋ᠴᠢᠷ ᠢᠶᠠᠨ ᠪᠠᠭ᠋ᠠᠷᠬᠠᠵᠤ ᠲᠠᠯᠠᠷᠬᠠᠭᠰᠠᠨ ᠰᠡᠳᠬᠢᠯ ᠪᠠ ᠰᠠᠶᠢᠨ ᠰᠠᠶᠢᠬᠠᠨ ᠭᠦᠰᠡᠯ ᠵᠦᠩᠨᠡᠯ ᠰᠢᠩᠭᠡᠨᠠ ᠁ | ᠁︾ ᠦᠤᠰᠢᠨ ᠬᠤᠰᠢᠭᠤᠨ ᠤ ᠰᠤᠶᠤᠯ ᠤᠨ ᠪᠦᠳᠦᠬᠡᠯᠲᠡ ᠠᠵᠤ ᠤᠢᠢᠯᠡᠰ ᠤᠨ ᠭᠦᠷᠢᠶᠠᠯᠠᠩ ᠤᠨ | ᠦᠨᠳᠤᠰᠤᠳᠡᠨ ᠤ ᠬᠤᠪᠴᠠᠰᠤ ᠵᠠᠰᠠᠯ ᠬᠠᠳᠬᠤᠮᠠᠯ ᠤᠨ ᠲᠡᠯᠭᠡᠭᠦᠷ ᠲᠤ 70 ᠨᠠᠰᠤᠨ ᠤ ᠲᠠᠪᠠᠭ᠎ᠠ ᠶᠢ ᠲᠠᠪᠠᠭᠰᠠᠨ | ᠤᠶᠤᠨᠳᠤᠭᠤᠰ ᠨᠠᠰᠤᠳᠠᠨ ᠤ ᠤᠯᠠᠭᠠᠨ ᠲᠤᠭ ᠲᠡᠭᠡᠷ᠎ᠠ ︽ᠦᠤᠰᠢᠨ ᠬᠤᠰᠢᠭᠤᠨ ᠤ ᠤᠯᠠᠭᠠᠨᠮᠦ᠋ᠴᠢᠷ︾ ᠭᠡᠰᠡᠨ | ᠦᠰᠦᠭ ᠢ ᠨᠢᠮᠪᠠᠢ ᠰᠠᠶᠢᠬᠠᠨ ᠤᠷᠠᠯᠠᠵᠤ ᠬᠠᠳᠬᠤᠬᠰᠠᠨ ᠨᠢ ᠠᠵᠢᠯᠴᠢ ᠪᠤᠷᠤᠭᠵᠢᠭᠤᠨ ᠪᠤᠭᠤᠷᠤᠯ ᠨᠠᠰᠤᠳᠠᠨ ᠤ ᠦᠨᠡᠨ | ᠵᠢᠷᠦᠭᠡᠨ ᠤ ᠠᠯᠳᠠᠨ ᠰᠢᠪᠡᠭᠡᠰᠦ ᠪᠤᠯᠤᠬᠰᠠᠨ ᠪᠠᠶᠢᠨ᠎ᠠ᠃ | ᠤᠶᠤᠨᠳᠤᠭᠤᠰ ᠡᠵᠢ ᠭᠦᠳᠡᠭᠡ ᠨᠤᠳᠤᠭ ᠲᠤ ᠲᠦᠷᠦᠵᠤ ᠦᠰᠴᠠᠢ᠃ ᠲᠡᠭᠦᠨ ᠤ ᠪᠠᠭ᠎ᠠ ᠶᠢᠨ ᠦᠶ᠎ᠠ ᠳᠤ | ᠦᠨᠳᠤᠰᠤᠨ ᠱᠠᠳᠤᠨ ᠤ ᠰᠤᠶᠤᠯ ᠤᠨ ᠠᠮᠢᠳᠤᠷᠠᠯ ᠪᠠᠶᠠᠯᠢᠭ ᠪᠤᠰᠤ᠂ ᠵᠠᠮ ᠬᠠᠷᠢᠯᠴᠠᠭ᠎ᠠ ᠲᠦᠭᠦᠮ ᠦᠬᠡᠢ ᠪᠠᠶᠢᠵᠡᠢ᠃ | ᠭᠡᠪᠡᠴᠦ ᠤᠯᠠᠭᠠᠨᠮᠦ᠋ᠴᠢᠷ ᠤᠨ ᠭᠡᠰᠢᠭᠦᠳ ᠰᠠᠯᠬᠢᠨ ᠪᠤᠷᠤᠭᠠᠨ ᠬᠠᠯᠠᠭᠤᠨ ᠭᠦᠢᠳᠡᠨ ᠢ ᠬᠠᠶᠢᠬᠤᠷᠤᠯ ᠦᠬᠡᠢ ᠪᠠᠷ ᠲᠠᠯ᠎ᠠ | ᠨᠤᠳᠤᠭ ᠲᠠᠭᠠᠨ ᠲᠤᠬᠯᠠᠯᠳᠠ ᠭᠠᠷᠭᠠᠨ ᠦᠢᠯᠡᠴᠢᠯᠡᠭᠡ ᠭᠦᠷᠭᠡᠵᠤ᠂ ᠤᠯᠠᠨ ᠲᠦᠮᠡᠨ ᠳᠤ ᠪᠠᠶᠡᠷ ᠵᠢᠷᠭᠠᠯ᠂ | ᠪᠤᠯᠪᠠᠰᠤᠨ ᠢ ᠠᠪᠴᠢᠷᠠᠬᠤ ᠶᠢᠨ ᠬᠠᠮᠳᠤ ᠨᠠᠮ ᠤᠨ ᠲᠠᠭᠤᠨ ᠬᠤᠭᠤᠯᠠᠢ᠂ ᠬᠠᠶᠢᠷ᠎ᠠ ᠬᠠᠯᠠᠮᠵᠢ ᠶᠢ ᠲᠡᠮᠵᠢᠭᠤᠯᠳᠠᠭ ᠠᠴᠠ | ᠨᠠᠰᠤᠨ ᠪᠠᠭ᠎ᠠ ᠶᠢᠨ ᠤᠶᠤᠨᠳᠤᠭᠤᠰ ᠡᠵᠢ ᠶᠢᠨ ᠰᠡᠳᠬᠢᠯ ᠵᠢᠷᠦᠭᠡᠨ ᠳᠤ ᠤᠯᠠᠭᠠᠨᠮᠦ᠋ᠴᠢᠷ ᠤᠨ ᠵᠤᠷᠢᠭ ᠰᠠᠨᠠᠭ᠎ᠠ ᠭᠦᠨ᠎ᠠ | ᠦᠨᠳᠤᠰᠤᠯᠡᠵᠠᠢ᠃ | ᠤᠯᠠᠭᠠᠨᠮᠦ᠋ᠴᠢᠷ ᠨᠢ ᠮᠠᠯᠴᠢᠳ ᠤᠨ ᠰᠡᠳᠬᠢᠯ ᠳᠤ ᠭᠦᠨ ᠬᠤᠨᠤᠬᠰᠢᠭᠰᠠᠨ ᠪᠤᠯᠬᠤᠷ ᠦᠡᠭᠭᠡᠷᠡᠭᠰᠡᠨ ᠳᠤ | ᠤᠯᠠᠭᠠᠨᠮᠦ᠋ᠴᠢᠷ ᠲᠤᠬᠯᠠᠯᠳᠠ ᠭᠠᠷᠭᠠᠬᠤ ᠪᠤᠯᠭᠠᠨ ᠬᠤᠳᠠ ᠤᠰᠤᠨ ᠤ ᠮᠠᠯᠴᠢᠨ ᠲᠦᠮᠡᠨ ᠮᠠᠨᠢ ᠪᠠᠶᠡᠷ ᠲᠤᠷᠠᠰᠬᠠᠯ ᠤᠨ | ᠡᠳᠦᠷ ᠢᠶᠠᠨ ᠪᠡᠯᠭᠡᠯᠡᠵᠤ ᠪᠠᠶᠢᠬᠤ ᠰᠢᠬ ᠬᠠᠮᠤᠭ ᠰᠠᠶᠢᠬᠠᠨ ᠬᠤᠪᠴᠠᠰᠤ ᠬᠤᠨᠠᠷ ᠢᠶᠠᠨ ᠡᠮᠤᠰᠵᠡᠭᠡᠵᠤ᠂ ᠭᠦᠭᠰᠢᠨ | ᠨᠢᠯᠬᠠᠰ ᠢᠶᠠᠨ ᠲᠠᠭᠠᠭᠤᠯᠤᠨ ᠠᠷᠪᠡᠨ ᠭᠡᠳᠦᠨ ᠭᠠᠵᠠᠷ ᠴᠢᠨᠠᠬᠰᠢᠯᠠᠪᠠᠯ ᠭᠡᠳᠦᠨ ᠠᠷᠪᠠᠨ ᠭᠠᠵᠠᠷ ᠶᠠᠪᠠᠭᠠᠨ ᠶᠠᠪᠤᠵᠤ | ᠲᠤᠬᠯᠠᠯᠳᠠ ᠦᠵᠡᠳᠡᠭ ᠪᠠᠶᠢᠵᠠᠢ᠃ ᠤᠶᠤᠨᠳᠤᠭᠤᠰ ᠢ 11 ᠨᠠᠰᠤᠳᠠᠢ ᠪᠠᠶᠢᠬᠤ ᠲᠡᠷᠠ ᠵᠢᠯ᠂ ᠨᠢᠭᠡ ᠤᠳᠠᠭ᠎ᠠ | ᠦᠤᠰᠢᠨ ᠬᠤᠰᠢᠭᠤᠨ ᠤ ᠤᠯᠠᠭᠠᠨᠮᠦ᠋ᠴᠢᠷ ᠲᠡᠭᠦᠨ ᠤ ᠨᠤᠳᠤᠭ ᠰᠦᠯᠳᠡ ᠰᠤᠮᠤᠨ ᠤ ᠪᠤᠷᠤᠭᠦ᠋ᠳᠡᠭᠡ ᠭᠠᠴᠠᠭ᠎ᠠ ᠠᠴᠠ | ᠠᠷᠪᠠᠨ ᠭᠠᠵᠠᠷ ᠤᠨ ᠵᠠᠶᠢᠳᠠᠢ ᠰᠡᠪᠭᠦᠯ ᠮᠠᠯᠵᠢᠯ ᠤᠨ ᠬᠤᠷᠰᠢᠶᠠᠨ ᠳᠤ ᠲᠤᠬᠯᠠᠯᠳᠠ ᠭᠠᠷᠭᠠᠵᠤ᠂ ᠲᠤᠬᠯᠠᠯᠳᠠ ᠶᠢᠨ | ᠲᠤᠮᠳᠠ ᠠᠶᠠᠭᠠᠨ ᠪᠦᠵᠢᠭ ᠤᠨ ᠲᠤᠭᠯᠠᠯᠳᠠ ᠨᠢ ᠲᠡᠭᠦᠨ ᠳᠤ ᠲᠦᠢᠯ ᠤᠨ ᠤᠷᠠᠨ ᠭᠤᠶᠢᠳᠡ ᠬᠠᠷᠠᠭᠳᠠᠵᠤ᠂ ᠪᠤᠳᠤᠨ | ᠪᠤᠳᠤᠭᠰᠠᠭᠠᠷ ᠪᠠᠶᠢᠵᠤ ᠲᠠᠷᠠ ᠦᠳᠡᠰᠢ ᠨᠦᠢᠷ ᠬᠤᠯᠵᠢᠪᠠ᠃ ᠰᠡᠭᠦᠯᠡᠷ ᠨᠢ ᠲᠡᠷᠡ ᠠᠶᠠᠭ᠎ᠠ ᠲᠤᠭᠳᠠᠭᠠᠬᠤ ᠶᠢ | ᠪᠤᠯᠪᠠᠰᠤᠷᠠᠵᠤ᠂ ᠨᠢᠭᠡ ᠠᠶᠠᠭ᠎ᠠ ᠲᠤᠬᠳᠠᠭᠠᠵᠤ ᠪᠠᠶᠢᠬᠰᠠᠨ ᠠᠴᠠ ᠪᠠᠨ ᠬᠤᠶᠠᠷ ᠠᠶᠠᠭ᠎ᠠ᠂ ᠴᠢᠨᠠᠬᠰᠢᠯᠠᠭᠠᠳ ᠲᠠᠪᠤᠨ | ᠠᠶᠠᠭ᠎ᠠ ᠲᠤᠬᠳᠠᠭᠠᠵᠤ ᠴᠢᠳᠠᠬᠤ ᠪᠤᠯᠤᠭᠰᠠᠨ ᠳᠠᠭᠠᠨ ᠬᠦᠯ ᠭᠠᠵᠠᠷ ᠬᠦᠷᠭᠦ ᠦᠭᠡᠢ ᠪᠠᠶᠠᠷᠯᠠᠵᠤ ᠪᠢᠯᠡ᠃ | | | | | | ᠲᠡᠭᠦᠨ ᠠᠴᠠ ᠬᠤᠶᠢᠰᠢ ︽5.4︾ ᠤ ᠵᠠᠯᠠᠭᠤᠴᠤᠳ ᠤᠨ ᠪᠠᠶᠠᠷ ᠤᠨ ᠡᠳᠦᠷ᠂ ᠨᠤᠳᠤᠭ ᠤᠰᠤᠨ ᠤ ᠬᠢᠨ | ᠮᠠᠯᠴᠢᠳ ᠢᠶᠠᠨ ᠵᠤᠬᠢᠶᠠᠨ ᠪᠠᠶᠢᠭᠤᠯᠤᠨ ᠬᠤᠨᠢ ᠬᠠᠶᠢᠴᠢᠯᠠᠵᠤ ᠪᠠᠶᠠᠷ ᠤᠨ ᠡᠳᠦᠷ ᠢᠶᠠᠨ ᠦᠩᠭᠡᠷᠡᠭᠡᠳᠡᠭ ᠪᠤᠯᠪᠠ᠃ 11 | ᠨᠠᠰᠤᠳᠠᠢ ᠤᠶᠤᠨᠳᠤᠭᠤᠰ ᠤᠯᠠᠨ ᠳᠤ ᠠᠶᠠᠭᠠᠨ ᠪᠦᠵᠢᠭ ᠪᠦᠵᠢᠭᠯᠡᠬᠦ ᠪᠠᠷ ᠭᠤᠶᠤᠴᠢᠯᠠᠬᠰᠠᠨ ᠳᠤ᠂ ᠤᠯᠠᠨ ᠢᠶᠠᠷ ᠢᠶᠠᠨ | ᠲᠡᠭᠦᠨ ᠤ ᠠᠶᠠᠭᠠᠨ ᠪᠦᠵᠢᠭ ᠪᠦᠵᠢᠭᠯᠡᠵᠤ ᠴᠢᠳᠠᠨ᠎ᠠ ᠭᠡᠭᠦ ᠳᠤ ᠢᠳᠡᠭᠡᠵᠤ ᠶᠠᠳᠠᠨ᠂ ᠭᠠᠴᠠᠭᠠᠨ ᠲᠠᠷᠤᠭ᠎ᠠ ᠨᠢ ᠲᠡᠭᠦᠨ ᠢ | ᠭᠡᠷᠪᠡ ᠦᠨᠡᠭᠡᠷ ᠪᠦᠵᠢᠭᠯᠡᠵᠤ ᠴᠢᠳᠠᠪᠠᠯ ᠲᠡᠭᠦᠨ ᠳᠤ 10 ᠭᠦᠳᠡᠯᠮᠦᠷᠢ ᠶᠢᠨ ᠬᠤᠪᠢ ᠲᠡᠮᠳᠡᠭᠯᠡᠵᠤ ᠦᠭᠭᠦᠨ᠎ᠠ ᠬᠡᠵᠤ | ᠬᠠᠵᠠᠭᠤ ᠶᠢᠨ ᠠᠶᠢᠯ ᠠᠴᠠ 5 ᠠᠶᠠᠭ᠎ᠠ ᠵᠢᠭᠡᠯᠡᠵᠤ ᠠᠪᠴᠢᠷᠠᠵᠤ ᠲᠡᠭᠦᠨ ᠢᠶᠠᠷ ᠪᠦᠵᠢᠭᠯᠡᠭᠦᠯᠦᠭᠰᠡᠨ ᠭᠡᠳᠡᠭ᠃ ᠡᠳ᠋ | ᠪᠤᠳᠠᠰ ᠬᠤᠪᠤᠷ ᠴᠤᠬᠠᠭ ᠲᠤᠬᠠᠢ ᠶᠢᠨ ᠴᠠᠭ ᠦᠶ᠎ᠠ ᠳᠤ᠂ ᠲᠡᠷᠡ ᠠᠶᠠᠭᠠᠨ ᠪᠦᠵᠢᠭ ᠢᠶᠠᠨ ᠠᠮᠵᠢᠯᠳᠠ ᠲᠠᠢ ᠲᠤᠬᠯᠠᠵᠤ | ᠂ ᠨᠢᠭᠡ ᠴᠦ ᠠᠶᠠᠭ᠎ᠠ ᠬᠠᠭᠠᠯᠤᠬᠰᠠᠨ ᠦᠬᠡᠢ ᠮᠦᠷᠳᠡᠭᠡᠨ ᠦᠪᠡᠷ ᠤᠨ ᠭᠡᠷ ᠲᠡᠭᠡᠨ 10 ᠭᠦᠳᠡᠯᠮᠦᠷᠢ ᠶᠢᠨ ᠬᠤᠪᠢ | ᠲᠡᠮᠳᠡᠭᠯᠡᠭᠦᠯᠵᠡᠢ᠃ | ᠡᠶᠢᠨ ᠭᠦ ᠤᠶᠤᠨᠳᠤᠭᠤᠰ ᠤᠨ ᠤᠷᠠᠯᠢᠭ ᠤᠨ ᠤᠷ᠎ᠠ ᠠᠪᠢᠶᠠᠰ᠂ ᠭᠦᠰᠡᠯ ᠵᠤᠷᠢᠭ ᠨᠢ ᠤᠯᠠᠮ ᠭᠦᠭᠵᠢᠵᠤ᠂ | ᠠᠯᠢ ᠨᠢᠭᠡᠨ ᠡᠳᠦᠷ ᠤᠯᠠᠭᠠᠨᠮᠦ᠋ᠴᠢᠷ ᠲᠤ ᠰᠢᠯᠭᠠᠬᠳᠠᠨ ᠤᠷᠤᠭᠠᠳ ᠲᠠᠯ᠎ᠠ ᠨᠤᠳᠤᠭ ᠤᠨ ᠬᠤᠪᠢᠰᠬᠠᠯᠳᠤ ᠤᠳᠬ᠎ᠠ | ᠤᠷᠠᠯᠢᠭ ᠤᠨ ᠭᠦᠩᠭᠡᠨ ᠮᠤᠷᠢᠳᠦ ᠴᠡᠷᠢᠭ ᠪᠤᠯᠤᠨ᠎ᠠ ᠭᠡᠭᠦ ᠭᠦᠰᠡᠯ ᠡᠪᠤᠷᠯᠡᠵᠤ ᠡᠬᠢᠯᠡᠭᠰᠡᠨ ᠪᠠᠶᠢᠨ᠎ᠠ᠃ ︽ᠭᠠᠢ ᠭᠠᠵᠠᠷ | ᠲᠤᠤᠷ᠎ᠠ ᠠᠴᠠ︾ ᠭᠡᠳᠡᠭ ᠢᠶᠠᠷ ᠡᠵᠢ ᠨᠢ ᠡᠪᠡᠳᠴᠢᠯᠡᠭᠰᠡᠨ ᠠᠴᠠ ᠪᠤᠯᠵᠤ ᠤᠶᠤᠨᠳᠤᠭᠤᠰ ᠪᠠᠭ᠎ᠠ ᠰᠤᠷᠭᠠᠭᠤᠯᠢ ᠶᠢᠨ | ᠭᠤᠷᠪᠠᠳᠤᠭᠠᠷ ᠤᠨ ᠳᠤ ᠰᠤᠷᠤᠯᠭ᠎ᠠ ᠪᠠᠨ ᠲᠤᠷᠭᠤᠨ ᠵᠤᠬᠰᠤᠵᠤ᠂ ᠠᠷᠪᠠᠨ ᠭᠤᠷᠪᠠᠭ᠋ᠠᠨ ᠨᠠᠰᠤᠳᠠᠢ ᠲᠡᠷᠠ ᠵᠢᠯ | ᠡᠵᠢ ᠨᠢ ᠡᠪᠡᠳᠴᠢᠨ ᠢᠶᠠᠷ ᠨᠠᠰᠤ ᠪᠠᠷᠠᠵᠤ᠂ ᠠᠬ᠎ᠠ ᠲᠠᠢ ᠪᠠᠨ ᠬᠤᠶᠠᠭᠤᠯᠠ ᠭᠡᠷ ᠤᠨ ᠢᠶᠠᠨ ᠭᠦᠨᠳᠦ ᠲᠠᠷᠤᠭᠠᠰᠤ ᠶᠢ | ᠡᠭᠦᠷᠭᠡᠯᠡᠭᠰᠡᠨ ᠪᠠᠶᠢᠨ᠎ᠠ᠃ ᠠᠮᠢᠳᠤᠷᠠᠯ ᠤᠨ ᠭᠦᠴᠢᠷ ᠪᠠᠷᠭᠡ ᠤᠶᠤᠨᠳᠤᠭᠤᠰ ᠤᠨ ᠲᠤᠷ᠎ᠠ ᠪᠠᠬ᠎ᠠ ᠶᠢ ᠮᠤᠬᠤᠭᠠᠵᠤ | ᠴᠢᠳᠠᠬᠰᠠᠨ ᠦᠬᠡᠢ᠃ ᠲᠡᠷᠠ ᠠᠵᠠ ᠵᠠᠪᠰᠢᠶᠠᠨ ᠪᠦᠭᠦᠨ ᠢ ᠠᠯᠳᠠᠯ ᠦᠬᠡᠢ ᠪᠠᠷ ᠪᠦᠵᠢᠭ ᠪᠤᠯᠪᠠᠰᠤᠷᠠᠵᠤ᠂ ᠤᠷᠳᠤᠰ | ᠠᠷᠠᠳ ᠤᠨ ᠤᠷᠳᠤ ᠶᠢᠨ ᠲᠠᠭᠤᠤ ᠶᠢ ᠴᠤ ᠰᠤᠷᠴᠤ ᠲᠠᠭᠤᠯᠠᠭᠰᠠᠭᠠᠷ ᠪᠠᠶᠢᠭᠠᠳ ᠰᠠᠶᠢᠬᠠᠨ ᠲᠠᠭᠤᠯᠠᠵᠤ ᠴᠢᠳᠠᠬᠤ | ᠪᠤᠯᠵᠠᠢ᠃ ᠭᠠᠴᠠᠭᠠᠨ ᠳᠤ ᠬᠤᠷᠢᠮ ᠨᠠᠶᠢᠷ᠂ ᠰᠤᠶᠤᠯ ᠤᠨ ᠠᠵᠢᠯᠯᠠᠭ᠎ᠠ ᠡᠷᠭᠢᠯᠡᠭᠦ ᠪᠦᠷᠢ ᠲᠡᠷᠡ ᠢᠳᠡᠪᠬᠢᠳᠡᠢ ᠪᠠᠷ | ᠲᠠᠭᠤᠤ ᠪᠠᠨ ᠲᠠᠭᠤᠯᠠᠵᠤ᠂ ᠨᠤᠳᠤᠭ ᠤᠰᠤᠨ ᠤ ᠪᠠᠨ ᠤᠯᠠᠨ ᠲᠦᠮᠡᠨ ᠤ ᠰᠡᠳᠬᠢᠯ ᠳᠠᠬᠢ ᠠᠷᠠᠳ ᠤᠨ ᠤᠷᠠᠯᠢᠬᠴᠢᠨ | ᠪᠤᠯᠤᠬᠰᠠᠨ ᠪᠠᠶᠢᠨ᠎ᠠ᠃ ᠤᠬᠠᠭᠠᠨ ᠰᠡᠷᠭᠦᠯᠡᠩ ᠭᠠᠷ ᠤᠷᠠᠨ ᠤᠶᠤᠨᠳᠤᠭᠤᠰ ᠦᠨᠳᠤᠰᠤᠳᠡᠨ ᠤ ᠭᠠᠷ ᠬᠠᠳᠬᠤᠮᠠᠯ | ᠪᠤᠯᠬᠤ ᠮᠠᠬᠠᠢ ᠤᠷᠠᠯᠠᠨ ᠬᠠᠳᠬᠤᠬᠤ ᠶᠢ ᠰᠤᠷᠤᠯᠴᠠᠭᠰᠠᠨ ᠨᠢ ᠪᠠᠰᠠ ᠶᠡᠭᠡ ᠪᠦᠳᠦᠮᠵᠢ ᠤᠯᠵᠤ᠂ 2007 ᠤᠨ᠂ | 2010 ᠤᠨ ᠳᠤ ᠤᠷᠢᠳ ᠬᠤᠵᠢᠳ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠷᠠᠳ ᠤᠨ | ᠤᠷᠠᠯᠢᠬᠴᠢᠳ ᠤᠨ ᠨᠡᠶᠢᠬᠡᠮᠯᠢᠭ ᠪᠠ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠲᠤᠪᠴᠢᠶᠠᠨ ᠠᠴᠠ ︽ | ᠠᠷᠠᠳ ᠤᠨ ᠰᠤᠶᠤᠯ ᠤᠨ ᠭᠠᠷᠮᠠᠭᠠᠢ ᠤᠯᠠᠮᠵᠢᠯᠠᠬᠴᠢ︾ ᠪᠠ ᠦᠪᠡᠷᠳᠡᠭᠡᠨ ᠵᠠᠰᠠᠬᠤ ᠤᠷᠤᠨ ᠤ ᠲᠠᠰ ᠤᠨ ︽ | ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠤᠨ ᠮᠠᠬᠠᠢ ᠤᠶᠤᠬᠤ ᠲᠦᠯᠦᠬᠡᠯᠡᠭᠴᠢ ᠴᠢᠨᠡᠷᠲᠡᠢ ᠤᠯᠠᠮᠵᠢᠯᠠᠬᠴᠢ | ︾ ᠶᠢᠨ ᠴᠤᠯᠠ ᠶᠢ ᠤᠯᠭᠤᠬᠰᠠᠨ ᠪᠠᠶᠢᠨ᠎ᠠ᠃ ᠭᠡᠳᠦ᠋ᠢᠪᠡᠷ 2010 ᠤᠨ ᠳᠤ ᠴᠢᠰᠤᠨ ᠲᠠᠷᠤᠯᠳᠠ | ᠦᠨᠳᠤᠷᠵᠢᠭᠰᠡᠨ ᠠᠴᠠ ᠪᠤᠯᠵᠤ ᠨᠢᠳᠤᠨ ᠤᠭ ᠠᠴᠠ ᠨᠢ ᠴᠢᠰᠤ ᠭᠠᠷᠴᠦ᠂ ᠨᠢᠭᠡ ᠨᠢᠳᠤ ᠨᠢ ᠬᠠᠷᠠᠭ᠎ᠠ ᠪᠠᠨ ᠠᠯᠳᠠᠬᠤ | ᠰᠢᠬᠠᠬᠰᠠᠨ ᠴᠦ ᠲᠠᠷᠠ ᠵᠠᠭᠦᠦ ᠤᠳᠠᠰᠤ ᠪᠠᠨ ᠬᠠᠶᠠᠬᠰᠠᠨ ᠦᠭᠡᠢ᠂ ᠡᠨᠡ ᠭᠦ ᠭᠠᠷ ᠤᠷᠠᠯᠠᠯ ᠢᠶᠠᠨ ᠢᠳᠡᠪᠬᠢᠳᠡᠢ ᠪᠠᠷ | ᠵᠠᠯᠠᠭᠤ ᠨᠢᠭᠡ ᠦᠶ᠎ᠡ ᠶᠢᠨ ᠬᠢᠨ ᠳᠤ ᠤᠯᠠᠮᠵᠢᠯᠠᠨ ᠲᠡᠯᠭᠡᠷᠡᠭᠦᠯᠵᠤ ᠶᠠᠪᠤᠨ᠎ᠠ᠃ | ᠭᠡᠳᠦᠨ ᠭᠡᠤᠭᠡᠳ ᠨᠢ ᠲᠡᠭᠦᠨ ᠤ ᠨᠦᠯᠦᠭᠡ ᠶᠢ ᠬᠦᠷᠳᠡᠵᠤ ᠡᠵᠢ ᠲᠠᠢ ᠪᠠᠨ ᠠᠳᠠᠯᠢᠬᠠᠨ ᠤᠷᠠᠯᠢᠭ ᠲᠤ ᠪᠠᠭ᠋ᠠᠳᠠᠢ | ᠪᠤᠯᠵᠤ᠂ ᠤᠨᠴᠠᠭᠠᠢᠢᠯᠠᠨ ᠪᠠᠭ᠎ᠠ ᠭᠡᠤᠭᠡᠨ ᠰᠠᠴᠠᠩᠭᠤ᠋ ᠤᠠ᠋ ᠨᠢ ᠮᠡᠳᠡᠯᠭᠡ ᠴᠢᠳᠠᠪᠤᠷᠢ ᠬᠤᠤᠰᠯᠠᠵᠤ᠂ ᠦᠤᠰᠢᠨ | ᠬᠤᠰᠢᠭᠤᠨ ᠤ ᠮᠤᠷᠢᠨ ᠬᠤᠭᠤᠷ ᠤᠨ ᠰᠢᠮᠫᠤᠨᠢ ᠭᠦᠭᠵᠢᠮ ᠤᠨ ᠭᠦᠭᠵᠢᠮᠴᠢᠨ᠂ ᠲᠠᠭᠤᠴᠢᠨ᠂ ᠯᠢᠮᠪᠤᠴᠢᠨ ᠵᠡᠷᠭᠡ | ᠤᠯᠠᠨ ᠲᠦᠷᠢ ᠶᠢ ᠲᠤᠬᠯᠠᠵᠤ᠂ ᠠᠵᠢᠯ ᠤᠨ ᠴᠢᠯᠦᠬᠡ ᠪᠠᠷ ᠢᠶᠠᠨ ᠮᠦᠮᠦ ᠲᠠᠢ ᠪᠠᠨ ᠬᠠᠮᠳᠤ ᠬᠠᠳᠬᠤᠮᠠᠯ ᠬᠠᠳᠬᠤᠨ᠂ | ᠡᠵᠢ ᠦᠬᠢᠨ ᠬᠤᠶᠠᠭᠤᠯᠠ ᠶᠢᠨ ᠲᠤᠩ ᠤᠯᠠᠨ ᠪᠦᠳᠦᠭᠡᠯ ᠨᠢ ᠭᠡᠷᠡᠭᠯᠡᠭᠴᠢᠳ ᠤᠨ ᠬᠠᠯᠠᠭᠤᠨ ᠭᠦᠷᠢᠶᠠᠯᠠᠯ ᠢ | ᠤᠯᠤᠬᠰᠠᠨ ᠪᠠᠶᠢᠨ᠎ᠠ᠃ | ᠦᠪᠡᠷ ᠤᠨ ᠰᠡᠳᠬᠢᠯ ᠵᠢᠷᠦᠭᠡᠨ ᠤ ᠲᠤᠷ ᠠ ᠪᠠᠬ᠎ᠠ ᠳᠠᠭᠠᠨ ᠭᠦᠳᠦᠯᠦᠭᠳᠡᠨ ᠤᠶᠤᠨᠳᠤᠭᠤᠰ ᠡᠵᠢ ᠴᠠᠭ | ᠢᠮᠡᠬᠳᠡ ᠤᠯᠠᠭᠠᠨᠮᠦ᠋ᠴᠢᠷ ᠤᠨ ᠭᠦᠭᠵᠢᠯᠳᠡ ᠬᠤᠪᠢᠷᠡᠯᠳᠡ ᠶᠢ ᠠᠩᠬᠠᠷᠤᠨ ᠬᠠᠯᠠᠮᠵᠢᠯᠠᠵᠤ᠂ ᠤᠨᠴᠠᠭᠠᠢᠢᠯᠠᠨ 2017 | ᠤᠨ ᠤ 11 ᠰᠠᠷ᠎ᠠ ᠶᠢᠨ 21 ᠤ ᠡᠳᠦᠷ ᠰᠢ ᠶᠢᠨ ᠫᠢᠩ ᠶᠡᠷᠦᠩᠭᠡᠢ ᠱᠦᠵᠢ ᠰᠦᠨᠢᠳ ᠪᠠᠷᠠᠭᠤᠨ ᠬᠤᠰᠢᠭᠤᠨ ᠤ | ᠤᠯᠠᠭᠠᠨᠮᠦ᠋ᠴᠢᠷ ᠲᠤ ᠬᠠᠷᠢᠭᠤ ᠵᠠᠬᠢᠳᠡᠯ ᠢᠯᠡᠭᠡᠭᠰᠡᠨ ᠤ ᠲᠠᠷᠠᠭ᠎ᠠ ᠲᠡᠷᠡ ᠶᠠᠭ ᠯᠠ ᠤᠯᠠᠭᠠᠨᠮᠦ᠋ᠴᠢᠷ ᠤᠨ ᠭᠡᠰᠢᠭᠦᠨ | ᠮᠡᠳᠦ ᠪᠠᠶᠠᠷᠯᠠᠨ ᠲᠤᠬᠳᠤᠯᠵᠤ᠂ ᠨᠠᠮ ᠤᠨ ᠲᠦᠪ ᠬᠤᠷᠢᠶ᠎ᠠ᠂ ᠶᠡᠷᠦᠩᠭᠡᠢ ᠱᠦᠵᠢ ᠮᠡᠨ ᠤ ᠤᠯᠠᠭᠠᠨᠮᠦ᠋ᠴᠢᠷ ᠢ | ᠬᠠᠯᠠᠮᠵᠢᠯᠠᠵᠤ ᠪᠠᠶᠢᠨ᠎ᠠ ᠭᠡᠵᠤ ᠶᠡᠭᠡᠳᠡ ᠪᠠᠶᠠᠷᠯᠠᠭᠰᠠᠨ ᠭᠡᠨ᠎ᠠ᠃ | ︽ᠤᠯᠠᠭᠠᠨᠮᠦ᠋ᠴᠢᠷ ᠪᠠᠶᠢᠭᠤᠯᠤᠬᠳᠠᠬᠰᠠᠨ ᠠᠴᠠ ᠪᠠᠨ ᠦᠨᠤ ᠭᠦᠷᠳᠡᠯ᠎ᠠ ᠤᠯᠠᠭᠠᠨᠮᠦ᠋ᠴᠢᠷ ᠤᠨ ᠤᠯᠠᠩᠬᠢ | ᠭᠡᠰᠢᠭᠦᠨ ᠨᠢ ᠪᠦᠷ ᠯᠡ ᠮᠠᠯᠴᠢᠳ ᠤᠨ ᠭᠡᠤᠭᠡᠳ᠂ ᠮᠢᠨᠤ ᠭᠡᠤᠭᠡᠳ ᠲᠠᠢ ᠡᠭᠡᠭᠡ ᠠᠳᠠᠯᠢᠬᠠᠨ ᠶᠤᠮ᠃ ᠲᠡᠭᠡᠭᠦ ᠳᠡᠭᠡᠨ | ᠪᠢ ᠤᠯᠠᠭᠠᠨᠮᠦ᠋ᠴᠢᠷ ᠲᠤ ᠶᠠᠭᠤ ᠨᠢᠬᠡ ᠶᠢ ᠬᠢᠵᠤ ᠦᠭᠭᠦᠶ᠎ᠠ ᠬᠡᠵᠤ ᠰᠠᠨᠠᠵᠤ᠂ ᠦᠪᠡᠷ ᠤᠨ ᠭᠠᠷ ᠮᠡᠷᠭᠡᠵᠢᠯ ᠳᠡᠭᠡᠨ | ᠲᠦᠰᠢᠭᠯᠡᠨ ᠲᠤᠬ ᠬᠠᠳᠬᠤᠮᠠᠯᠯᠠᠵᠤ ᠦᠭᠭᠦᠭᠰᠡᠨ︾ ᠬᠡᠵᠤ ᠤᠶᠤᠨᠳᠤᠭᠤᠰ ᠨᠠᠰᠤᠳᠠᠨ ᠦᠪᠡᠷ ᠤᠨ ᠲᠤᠬ ᠤᠷᠠᠯᠠᠨ | ᠬᠠᠳᠬᠤᠬᠰᠠᠨ ᠵᠤᠷᠢᠯᠳᠡ ᠪᠠᠨ ᠦᠬᠦᠯᠡᠨᠠ᠃ ᠢᠡᠭᠭᠢᠭᠡᠳ ᠬᠤᠷᠢᠨ ᠭᠡᠳᠤᠨ ᠡᠳᠦᠷ ᠤᠨ ᠴᠠᠭ ᠢ ᠭᠡᠷᠡᠭᠰᠡᠨ᠂ | ᠤᠶᠤᠨᠳᠤᠭᠤᠰ ᠨᠠᠰᠤᠳᠠᠨ ᠦᠤᠰᠢᠨ ᠬᠤᠰᠢᠭᠤᠨ ᠤ ᠤᠯᠠᠭᠠᠨᠮᠦ᠋ᠴᠢᠷ ᠲᠤ ᠨᠢᠭᠡᠨ ᠲᠠᠯᠪᠠᠭ᠎ᠠ ᠠᠩᠬᠢ ᠶᠢᠨ ᠲᠤᠭ | ᠤᠷᠠᠯᠠᠨ ᠤᠶᠤᠭᠠᠳ ᠡᠨᠡ ᠵᠢᠯ ᠤᠨ 6 ᠰᠠᠷ ᠠ ᠶᠢᠨ 29 ᠤ ᠡᠳᠦᠷ ᠤᠯᠠᠭᠠᠨᠮᠦ᠋ᠴᠢᠷ ᠭᠠᠯᠠᠭᠤᠳᠤ ᠪᠠᠯᠭᠠᠰᠤᠨ ᠤ | ᠰᠡᠪᠭᠦᠯ ᠭᠠᠴᠠᠭᠠᠨ ᠤ ᠮᠠᠯᠴᠢᠳ ᠲᠤ ᠲᠤᠬᠯᠠᠯᠳᠠ ᠭᠠᠷᠭᠠᠬᠤ ᠦᠶᠡᠰ ᠭᠦᠷᠭᠡᠭᠰᠡᠨ ᠪᠠᠶᠢᠨ᠎ᠠ᠃ ᠡᠨᠡ ᠬᠦ ᠡᠷᠬᠢᠮ | ᠨᠡᠨᠳᠢᠨ ᠪᠡᠯᠡᠭ ᠢ ᠤᠯᠠᠭᠠᠨᠮᠦ᠋ᠴᠷ ᠤᠨ ᠲᠠᠷᠤᠭ᠎ᠠ ᠰᠡᠷᠡᠩ ᠡᠪᠤᠳᠦᠭ ᠰᠦᠭᠦᠷᠡᠨ ᠲᠤᠰᠤᠨ ᠬᠦᠯᠢᠶᠡᠵᠤ᠂ ᠨᠠᠰᠤᠳᠠᠨ | ᠪᠤᠭᠤᠷᠤᠯ ᠡᠵᠢ ᠶᠢᠨ ᠰᠡᠳᠬᠢᠯ ᠵᠢᠷᠦᠭᠡᠨ ᠤ ᠪᠡᠯᠡᠭ ᠢ ᠭᠠᠷᠳᠠᠪᠠ᠃ ᠡᠷᠬᠢᠮ ᠭᠦᠨᠳᠦ ᠪᠡᠯᠡᠭ ᠢᠶᠠᠨ ᠡᠷᠬᠢᠮᠯᠡᠨ | ᠲᠡᠭᠡᠳᠦᠯᠡᠵᠤ᠂ ᠰᠡᠷᠡᠩ ᠭᠤᠸᠠᠢ ᠠᠩᠬᠢ ᠶᠢᠨ ᠲᠤᠭ ᠲᠠᠭᠠᠨ ᠭᠦᠷᠢᠶ᠎ᠠ ᠤᠷᠤᠭᠤᠯᠤᠨ ᠤᠯᠠᠭᠠᠨᠮᠦ᠋ᠴᠢᠷ ᠤᠨ ᠠᠯᠪᠠᠨ | ᠭᠡᠷ ᠤᠨ ᠬᠠᠨᠠᠨ ᠲᠡᠭᠡᠷ᠎ᠡ ᠡᠯᠬᠦᠵᠤ ᠭᠡᠰᠢᠭᠦᠳ ᠢᠶᠠᠨ ᠵᠤᠷᠢᠬᠵᠢᠭᠤᠯᠵᠠᠢ᠃ | ︽ᠭᠡᠤᠭᠡᠳ ᠤᠳ ᠮᠢᠨᠢ ᠮᠢᠨᠤ ᠭᠦᠷᠭᠡᠭᠰᠡᠨ ᠲᠤᠭ ᠢ ᠲᠦᠢᠯ ᠢᠶᠠᠷ ᠭᠦᠨᠳᠤᠳᠭᠡᠨ ᠦᠵᠡᠵᠤ ᠪᠠᠶᠢᠨ᠎ᠠ ᠬᠡᠵᠤ | ᠰᠤᠨᠤᠰᠤᠯ᠎ᠠ᠂ ᠪᠢ ᠦᠨᠡᠭᠡᠷ ᠲᠦᠢᠯ ᠤᠨ ᠶᠡᠭᠡ ᠪᠠᠷ ᠪᠠᠶᠠᠷᠯᠠᠵᠤ ᠪᠠᠶᠢᠨ᠎ᠠ︕ ᠭᠡᠳᠡᠯ᠎ᠠ ᠬᠠᠨᠠᠨ ᠲᠡᠭᠡᠷ᠎ᠡ | ᠬᠠᠳᠠᠬᠰᠠᠨ ᠠᠴᠠ ᠲᠤᠬᠯᠠᠯᠳᠠ ᠭᠠᠷᠭᠠᠬᠤ ᠳᠠᠭᠠᠨ ᠠᠪᠴᠦ ᠶᠠᠪᠤᠬᠤ ᠳᠤ ᠲᠦᠭᠦᠮ ᠦᠬᠡᠢ ᠪᠤᠯᠤᠬᠰᠠᠨ ᠪᠠᠶᠢᠨ᠎ᠠ᠃ | ᠡᠨᠡ ᠵᠢᠯ ᠤᠨ 11 ᠰᠠᠷ᠎ᠠ ᠶᠢᠨ 21 ᠤ ᠡᠳᠦᠷ᠂ ᠪᠢ ᠶᠡᠷᠦᠩᠭᠡᠢ ᠱᠦᠵᠢ ᠶᠢᠨ ᠬᠠᠷᠢᠭᠤ ᠵᠠᠬᠢᠳᠠᠯ ᠢ ᠰᠠᠨᠠᠵᠤ ᠤᠯᠤᠨ᠂ | ᠤᠯᠠᠭᠠᠨᠮᠦ᠋ᠴᠢᠷ ᠲᠤ ᠪᠠᠰᠠ ᠨᠢᠭᠡ ᠲᠤᠭ ᠤᠶᠤᠵᠤ ᠦᠭᠭᠦ ᠪᠠᠷ ᠰᠢᠢᠳᠴᠦ᠂ ᠡᠨᠡ ᠲᠤᠭ ᠨᠢ ᠲᠡᠳᠡᠭᠡᠷ ᠲᠠᠢ ᠬᠠᠮᠳᠤ | ᠦᠤᠰᠢᠨ ᠲᠠᠯ᠎ᠠ ᠨᠤᠳᠤᠭ ᠢᠶᠠᠷ ᠠᠶᠠᠯᠠᠬᠤ ᠶᠤᠮ︾ ᠬᠡᠵᠤ ᠤᠶᠤᠨᠳᠤᠭᠤᠰ ᠨᠠᠰᠤᠳᠠᠨ ᠮᠠᠨᠢ ᠬᠠᠳᠬᠤᠮᠠᠯ ᠢᠶᠠᠨ | ᠬᠠᠳᠬᠤᠬᠤ ᠶᠢᠨ ᠲᠠᠭᠠᠤ ᠭᠡᠯᠡᠨ᠎ᠠ᠃ | ︽ᠨᠠᠰᠤᠳᠠᠨ ᠪᠤᠭᠤᠷᠤᠯ ᠡᠵᠢ ᠶᠢᠨ ᠤᠷᠠᠨ ᠭᠠᠷ ᠤᠨ ᠰᠢᠳᠢ ᠳᠤ ᠨᠢᠭᠡ ᠨᠢᠭᠡ ᠰᠢᠷᠭᠡᠭ ᠢᠶᠠᠷ ᠬᠠᠳᠬᠤᠮᠠᠯᠯᠠᠨ | ᠤᠶᠤᠬᠰᠠᠨ ᠲᠤᠭ ᠢ ᠭᠠᠷᠳᠠᠭᠠᠳ ᠪᠢ ᠲᠦᠢᠯ ᠢᠶᠠᠷ ᠰᠡᠳᠬᠢᠯ ᠲᠤᠬᠳᠤᠯᠵᠤ ᠦᠪᠡᠷ ᠤᠨ ᠡᠷᠭᠡ ᠦᠬᠡᠢ ᠨᠢᠯᠪᠤᠰᠤ | ᠤᠨᠠᠭᠠᠯ᠎ᠠ᠃ ᠤᠢᠢᠷ᠎ᠠ ᠳᠤ ᠨᠠᠰᠤᠳᠠᠢ ᠡᠵᠢ ᠪᠢᠳᠡᠨ ᠳᠤ ᠪᠠᠰᠠ ᠨᠢᠭᠡᠨ ᠲᠠᠯᠪᠠᠭ᠎ᠠ ᠲᠤᠭ ᠤᠷᠠᠯᠠᠨ ᠬᠠᠳᠬᠤᠵᠤ | ᠪᠠᠶᠢᠨ᠎ᠠ᠂ ᠮᠢᠨᠤ ᠪᠤᠳᠤᠬᠤ ᠪᠠᠷ ᠡᠨᠡ ᠨᠢ ᠵᠦᠪᠭᠡᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠬᠴᠢ ᠶᠢᠨ | ᠰᠠᠨᠠᠭ᠎ᠠ ᠪᠢᠰᠢ᠂ ᠬᠠᠷᠢᠨ ᠪᠦᠭᠦ᠋ᠢᠯᠡ ᠨᠤᠳᠤᠭ ᠤᠰᠤᠨ ᠤ ᠤᠯᠠᠨ ᠲᠦᠮᠡᠨ᠂ ᠦᠨᠳᠤᠰᠤᠨ ᠱᠠᠳᠤᠨ ᠤ ᠤᠯᠠᠨ | ᠲᠦᠮᠡᠨ ᠤ ᠬᠠᠮᠤᠭ ᠤᠨ ᠪᠤᠷᠤᠬᠵᠢᠭᠤᠨ ᠮᠦᠷᠳᠡᠭᠡᠨ ᠡᠷᠭᠢᠮ ᠨᠠᠨᠳᠢᠨ ᠰᠡᠳᠬᠢᠯᠭᠡ ᠪᠠᠶᠢᠬ᠎ᠠ᠂ ᠮᠦᠨ ᠴᠦ | ᠤᠯᠠᠭᠠᠨᠮᠦ᠋ᠴᠢᠷ ᠤᠨ ᠭᠡᠳᠦᠨ ᠠᠷᠪᠡᠨ ᠵᠢᠯ ᠤᠨ ᠰᠢᠷᠭᠠᠭᠤ ᠬᠠᠳᠠᠭᠤᠵᠢᠯᠳᠡᠢ ᠵᠤᠷᠢᠭ ᠰᠠᠨᠠᠭᠠᠨ ᠤ ᠵᠤᠷᠢᠬᠵᠢᠭᠤᠯᠤᠯ᠂ | ᠰᠢᠨ᠎ᠡ ᠨᠢᠭᠡ ᠦᠶ᠎ᠡ ᠶᠢᠨ ᠤᠯᠠᠭᠠᠨᠮᠦ᠋ᠴᠢᠷ ᠤᠨ ᠭᠡᠰᠢᠭᠦᠳ ᠲᠤ ᠲᠠᠯᠪᠢᠬᠰᠠᠨ ᠡᠷᠡᠮᠡᠯᠵᠡᠯ ᠪᠤᠯᠤᠨ᠎ᠠ᠃ ᠶᠡᠷᠦᠩᠬᠡᠢ | ᠱᠦᠵᠢ ᠶᠢᠨ ᠬᠠᠷᠢᠭᠤ ᠵᠠᠬᠢᠳᠡᠯ ᠨᠢ ᠨᠠᠮ ᠤᠨ ᠲᠦᠪ ᠬᠤᠷᠢᠶ᠎ᠠ ᠶᠢᠨ ᠤᠯᠠᠭᠠᠨᠮᠦ᠋ᠴᠢᠷ ᠲᠤ ᠦᠭᠭᠦᠭᠰᠡᠨ ᠬᠠᠯᠠᠮᠵᠢᠯᠠᠯ᠂ | ᠡᠵᠢ ᠶᠢᠨ ᠭᠦᠷᠭᠡᠭᠰᠡᠨ ᠲᠤᠭ ᠨᠢ ᠠᠷᠠᠳ ᠲᠦᠮᠡᠨ ᠤ ᠤᠯᠠᠭᠠᠨᠮᠦ᠋ᠴᠢᠷ ᠲᠤ ᠦᠭᠭᠦᠭᠰᠡᠨ ᠦᠨᠡᠯᠡᠯᠳᠡ ᠪᠤᠯᠤᠨ᠎ᠠ᠃︾ | ᠬᠡᠵᠤ ᠰᠡᠷᠡᠩ ᠭᠡᠯᠡᠵᠤ ᠪᠠᠶᠢᠭᠰᠠᠨ ᠪᠢᠯᠡ᠃ | |