ᠦᠨᠢ ᠤᠳᠠᠭᠠᠨ ᠲᠡᠦᠬᠡ ᠤᠯᠠᠮᠵᠢᠯᠠᠯ ᠲᠠᠢ ᠲᠤᠭᠤᠷᠢᠮ ᠤᠨ ᠰᠦᠮ᠎ᠡ ᠳᠤ ᠰᠦᠰᠦᠭᠯᠡᠨ ᠮᠦᠷᠬᠦᠵᠦ᠂ | ᠲᠤᠭᠤᠷᠢᠮ ᠤᠨ ᠨᠠᠭᠤᠷ ᠤᠨ ᠰᠠᠶᠢᠬᠠᠨ ᠦᠵᠡᠮᠵᠢ ᠳᠤ ᠰᠤᠬᠳᠤᠭᠤᠷᠠᠨ ᠵᠤᠭᠠᠴᠠᠵᠤ᠂ ᠲᠠᠪᠤᠨ ᠬᠤᠰᠢᠭᠤ ᠮᠠᠯ ᠤᠨ | ᠰᠤᠶᠤᠯ ᠤᠯᠠᠮᠵᠢᠯᠠᠯ ᠢ ᠭᠠᠶᠢᠬᠠᠨ ᠪᠢᠰᠢᠷᠡᠵᠦ᠂ ︽ᠠᠮᠢ ᠰᠤᠪᠢᠯᠠᠯ ᠤᠨ ᠡᠷᠡᠬᠦᠯᠵᠢᠯ ᠤᠨ ᠲᠦᠪ︾ ᠠᠴᠠ ᠡᠷᠡᠬᠦᠯ | ᠡ᠊ᠡᠭᠭᠡ ᠶᠢᠨ ᠷᠢᠳᠢ ᠰᠢᠳᠢ ᠶᠢ ᠬᠦᠷᠳᠡᠨ᠎ᠡ ᠁ ᠲᠤᠭᠤᠷᠢᠮ ᠭᠠᠴᠠᠭ᠎ᠠ ᠶᠢᠨ ᠰᠤᠶᠤᠯ ᠵᠤᠭᠠᠴᠠᠯ ᠤᠨ ᠬᠦᠨ | ᠠᠭᠤᠰᠤᠯᠴᠠᠯ ᠤᠨ ᠦᠨᠢᠷ ᠠᠮᠵᠢᠯᠲᠠ ᠦᠯᠡᠮᠵᠢ ᠪᠦᠲᠦᠮᠵᠢ ᠠᠴᠠ ᠠᠷᠠᠳ ᠤᠯᠠᠨ ᠠᠰᠢᠭ ᠬᠦᠷᠳᠡᠵᠦ᠂ ᠲᠤᠮᠤᠬᠲᠦ | ᠲᠤᠭᠤᠷᠢᠮ ᠬᠤᠯᠠ ᠤᠢᠢᠷ᠎ᠠ ᠶᠢᠨ ᠵᠤᠭᠠᠴᠠᠬᠰᠠᠳ ᠤᠨ ᠬᠠᠷᠠᠭ᠎ᠠ ᠶᠢ ᠪᠤᠯᠢᠶᠠᠵᠤ ᠰᠡᠳᠬᠢᠯ ᠢ ᠲᠠᠳᠠᠨ᠎ᠠ᠃ ᠬᠡᠬᠦ ᠳᠡᠭᠡᠨ | ᠡᠨᠡ ᠪᠦᠬᠦᠨ ᠨᠢ ᠡᠯ᠎ᠡ ᠱᠠᠲᠤᠨ ᠤ ᠨᠠᠮ ᠵᠠᠰᠠᠭ ᠤᠨ ᠬᠠᠶᠢᠷ᠎ᠠ ᠬᠠᠯᠠᠮᠵᠢ ᠪᠠ ᠬᠦᠴᠦᠲᠦ ᠲᠡᠮᠵᠢᠯᠭᠡ᠂ ᠭᠠᠴᠠᠭᠠᠨ ᠤ | ᠨᠠᠮ ᠤᠨ ᠡᠬᠦᠷ ᠤᠨ ᠵᠦᠪ ᠤᠨᠤᠪᠴᠢᠲᠠᠢ ᠲᠠᠶᠢᠴᠢᠯᠠᠯ ᠲᠠᠭᠠᠭᠤᠯᠤᠯ ᠠᠴᠠ ᠰᠠᠯᠵᠤ ᠴᠢᠳᠠᠬᠤ ᠦᠬᠡᠢ ᠶᠤᠮ᠃ | ᠤᠢᠢᠷ᠎ᠠ ᠶᠢᠨ ᠵᠢᠯ ᠠᠴᠠ ᠲᠤᠭᠤᠷᠢᠮ ᠭᠠᠴᠠᠭᠠᠨ ᠤ ᠨᠠᠮ ᠤᠨ ᠡᠬᠦᠷ ᠦᠨᠳᠦᠰᠦᠨ ᠱᠠᠲᠤᠨ ᠤ ᠨᠠᠮ ᠤᠨ | ᠵᠤᠬᠢᠶᠠᠨ ᠪᠠᠶᠢᠭᠤᠯᠤᠯᠲᠠ ᠶᠢᠨ ᠬᠦᠳᠦᠯᠦᠨ ᠲᠠᠭᠠᠭᠤᠯᠬᠤ ᠦᠢᠯᠡᠳᠦᠯ ᠢᠶᠠᠨ ᠬᠦᠢᠴᠡᠳ ᠪᠠᠳᠠᠷᠠᠭᠤᠯᠵᠤ᠂ ᠬᠦᠳᠡᠭᠡ | ᠲᠤᠰᠬᠤᠨ ᠤ ᠵᠤᠭᠠᠴᠠᠯ ᠤᠨ ᠬᠦᠭᠵᠢᠯᠲᠡ ᠶᠢᠨ ᠬᠡᠯᠪᠡᠷᠢ ᠶᠢᠨ ᠦᠪᠡᠷᠮᠢᠴᠡ ᠤᠨᠴᠠᠯᠢᠬᠲᠦ ᠨᠠᠮ ᠤᠨ ᠵᠤᠬᠢᠶᠠᠨ | ᠪᠠᠶᠢᠭᠤᠯᠤᠯᠲᠠ ᠶᠢ ᠬᠦᠴᠦᠯᠡᠨ ᠪᠠᠶᠢᠭᠤᠯᠵᠦ᠂ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠪᠠᠶᠢᠯᠳᠤᠬᠤ | ᠪᠤᠳᠤᠯᠭ᠎ᠠ ᠶᠢ ᠬᠦᠨᠵᠡᠭᠡᠢ ᠬᠡᠷᠡᠭᠵᠢᠬᠦᠯᠦᠨ᠂ ᠦᠷᠭᠡᠨ ᠤᠯᠠᠨ ᠮᠠᠯᠴᠢᠨ ᠲᠦᠮᠡᠨ ᠤ ᠪᠠᠶᠠᠵᠢᠯ ᠴᠢᠨᠡᠭᠡᠯᠢᠭᠵᠢᠯ ᠤᠨ ︽ | ᠵᠠᠮᠴᠢᠯᠠᠬᠴᠢ︾ ᠪᠤᠯᠬᠤ ᠪᠠᠷ ᠮᠡᠷᠡᠶᠢᠨ ᠴᠢᠷᠮᠠᠶᠢᠬᠰᠠᠨ ᠢᠶᠠᠷ ᠲᠤᠭᠤᠷᠢᠮ ᠭᠠᠴᠠᠭ᠎ᠠ ᠶᠢᠨ ᠬᠠᠮᠲᠦ ᠶᠢᠨ ᠠᠵᠤ ᠠᠬᠤᠢ | ᠦᠷᠨᠢᠬᠦᠨ ᠬᠦᠭᠵᠢᠯᠲᠡ ᠲᠠᠢ᠂ ᠬᠦᠮᠦᠨ ᠠᠷᠠᠳ ᠨᠢ ᠪᠠᠶᠠᠨ ᠲᠠᠩᠰᠤᠭ ᠠᠮᠤᠷ ᠰᠠᠶᠢᠨ ᠵᠢᠷᠭᠠᠬᠰᠠᠨ ᠰᠢᠨ᠎ᠡ ᠪᠠᠶᠢᠳᠠᠯ ᠢ | ᠨᠡᠭᠡᠭᠡᠭᠰᠡᠨ ᠪᠠᠶᠢᠨ᠎ᠠ᠃ | ᠲᠤᠭᠤᠷᠢᠮ ᠭᠠᠴᠠᠭ᠎ᠠ ᠰᠦᠯᠲᠡ ᠰᠤᠮᠤᠨ ᠤ ᠵᠡᠬᠦᠨ ᠬᠤᠶᠢᠲᠦ ᠪᠡᠶ᠎ᠡ ᠪᠠᠷ ᠪᠠᠶᠢᠷᠢᠯᠠᠵᠤ᠂ ᠨᠠᠷᠢᠨ ᠨᠤᠤᠰᠤᠲᠦ | ᠬᠤᠨᠢ ᠮᠠᠯᠵᠢᠬᠤ ᠪᠠᠷ ᠭᠤᠤᠯᠳᠠᠯᠭ᠎ᠠ ᠪᠤᠯᠭᠠᠬᠰᠠᠨ ᠴᠤᠯ ᠮᠠᠯᠵᠢᠬᠤ ᠭᠠᠴᠠᠭ᠎ᠠ ᠪᠤᠯᠬᠤ ᠶᠤᠮ᠃ ᠮᠦᠨ ᠴᠦ ᠮᠠᠨ ᠤ | ᠬᠤᠰᠢᠭᠤᠨ ᠤ ᠰᠤᠶᠤᠯ ᠵᠤᠭᠠᠴᠠᠯ ᠤᠨ ᠲᠦᠯᠦᠪᠵᠢᠬᠦᠯᠬᠡ ᠶᠢᠨ ᠤᠷᠤᠨ ᠤ ᠴᠢᠬᠤᠯᠠ ᠪᠦᠷᠢᠯᠳᠦᠬᠦᠨ ᠬᠡᠰᠡᠭ ᠪᠤᠯᠤᠨ᠎ᠠ᠃ | ᠲᠤᠰ ᠭᠠᠴᠠᠭᠠᠨ ᠳᠤ ᠨᠡᠶᠢᠲᠡ 72.3 ᠲᠦᠮᠡᠨ ᠮᠦ ᠨᠤᠳᠤᠭ ᠪᠡᠯᠴᠢᠭᠡᠷ ᠲᠠᠢ᠂ 385 ᠡᠷᠦᠭᠡ 1020 ᠭᠦᠮᠦᠨ | ᠠᠮᠡ ᠲᠠᠢ ᠪᠠᠶᠢᠵᠤ᠂ ᠡᠬᠦᠨ ᠳᠤ ᠨᠠᠮ ᠤᠨ ᠬᠡᠰᠢᠬᠦᠨ 45 ᠬᠦᠮᠦᠨ᠂ ᠨᠠᠮ ᠤᠨ ᠬᠡᠰᠢᠬᠦᠨ ᠤ ᠭᠤᠤᠯᠳᠠᠯᠭᠠᠲᠦ ᠡᠷᠦᠬᠡ | 5 ᠪᠤᠢ᠃ ᠲᠤᠭᠤᠷᠢᠮ ᠭᠠᠴᠠᠭᠠᠨ ᠳᠤ 300 ᠭᠠᠷᠤᠢ ᠵᠢᠯ ᠤᠨ ᠲᠡᠦᠬᠡ ᠲᠠᠢ ᠲᠤᠭᠤᠷᠢᠮ ᠤᠨ ᠰᠦᠮ᠎ᠡ ᠪᠠᠶᠢᠷᠢᠯᠠᠵᠤ | ᠪᠠᠶᠢᠳᠠᠭ ᠪᠤᠯᠬᠤᠷ ᠬᠤᠯᠠ ᠤᠢᠢᠷ᠎ᠠ ᠶᠢᠨ ᠮᠦᠷᠬᠦᠯᠴᠢᠳ ᠪᠠᠶᠢᠡᠭᠭᠤ ᠵᠤᠷᠴᠢᠵᠤ ᠪᠠᠶᠢᠳᠠᠭ᠃ ᠡᠬᠦᠨ ᠠᠴᠠ ᠭᠠᠳᠠᠨ᠎ᠠ | ᠬᠠᠨ ᠲᠡᠭᠷᠢ ᠠᠴᠠ ᠰᠤᠶᠤᠷᠬᠠᠯ ᠲᠠᠢ ᠲᠤᠭᠤᠷᠢᠮ ᠨᠠᠭᠤᠷ᠂ ᠶᠡᠭᠡ ᠪᠠᠭ᠎ᠠ ᠬᠠᠳᠠᠨ ᠠᠭᠤᠢ᠂ ᠶᠡᠭᠡ ᠪᠠᠭ᠎ᠠ ᠠᠪᠳᠠᠷ᠎ᠠ ᠶᠢᠨ | ᠡᠷᠢᠶᠡᠨ᠂ ᠪᠠᠷᠢᠭᠤᠬᠠᠢ ᠶᠢᠨ ᠵᠠᠳᠠᠭᠠᠢ ᠵᠡᠷᠭᠡ ᠪᠠᠶᠢᠭᠠᠯᠢᠯᠢᠭ ᠠᠭᠤᠯᠠ ᠤᠰᠤᠨ ᠤ ᠦᠡᠭᠭᠡ ᠦᠵᠡᠮᠵᠢ ᠪᠦᠷᠢᠳᠦᠵᠦ᠂ | ᠵᠤᠭᠠᠴᠠᠯ ᠤᠨ ᠦᠢᠯᠡᠰ ᠢ ᠬᠦᠭᠵᠢᠬᠦᠯᠬᠦ ᠮᠠᠰᠢ ᠰᠠᠶᠢᠨ ᠲᠠᠪᠠᠭᠤᠯᠢᠭ ᠨᠦᠬᠦᠴᠡᠯ ᠢ ᠪᠦᠷᠢᠯᠳᠦᠬᠦᠯᠵᠠᠢ᠃ ᠤᠢᠢᠷ᠎ᠠ ᠶᠢᠨ | ᠵᠢᠯ ᠠᠴᠠ ᠬᠤᠲᠠ᠂ ᠬᠤᠰᠢᠭᠤᠨ ᠤ ᠨᠠᠮ ᠵᠠᠰᠠᠭ ᠤᠨ ᠬᠠᠶᠢᠷ᠎ᠠ ᠬᠠᠯᠠᠮᠵᠢ ᠪᠠ ᠰᠤᠮᠤ ᠭᠠᠴᠠᠭᠠᠨ ᠤ ᠨᠠᠮ ᠤᠨ ᠵᠤᠬᠢᠶᠠᠨ | ᠪᠠᠶᠢᠭᠤᠯᠤᠯᠲᠠ ᠶᠢᠨ ᠬᠠᠮᠲᠦ ᠶᠢᠨ ᠴᠢᠷᠮᠠᠶᠢᠯᠭ᠎ᠠ ᠲᠤᠤᠷ᠎ᠠ ᠲᠤᠭᠤᠷᠢᠮ ᠤᠨ ᠰᠦᠮ᠎ᠡ ᠪᠠᠷ ᠭᠤᠤᠯ ᠪᠤᠯᠭᠠᠬᠰᠠᠨ ᠲᠡᠦᠬᠡ | ᠰᠤᠶᠤᠯ᠂ ᠠᠮᠢ ᠠᠬᠤᠢ ᠶᠢᠨ ᠵᠤᠭᠠᠴᠠᠯ ᠤᠨ ᠤᠷᠤᠨ ᠢ ᠪᠦᠬᠦ ᠬᠦᠴᠦᠨ ᠢᠶᠠᠷ ᠴᠤᠬᠴᠠᠯᠠᠨ ᠪᠠᠶᠢᠭᠤᠯᠵᠤ᠂ | ᠲᠤᠭᠤᠷᠢᠮ ᠤᠨ ᠰᠦᠮ᠎ᠡ ᠶᠢᠨ ᠵᠤᠭᠠᠴᠠᠯ ᠨᠢ ᠤᠯᠤᠰ ᠤᠨ AAA ᠲᠡᠰ ᠤᠨ ᠵᠤᠭᠠᠴᠠᠯ ᠤᠨ ᠤᠷᠤᠨ ᠪᠤᠯᠵᠤ᠂ ᠨᠠᠢᠮᠠᠨ | ᠵᠦᠭ ᠤᠨ ᠵᠤᠭᠠᠴᠠᠬᠰᠠᠳ ᠤᠨ ᠵᠤᠭᠠᠴᠠᠨ ᠲᠤᠭᠤᠷᠢᠬᠤ ᠬᠠᠷᠠᠯᠳᠠᠲᠦ ᠭᠠᠵᠠᠷ ᠪᠤᠯᠤᠬᠰᠠᠨ ᠪᠠᠶᠢᠨ᠎ᠠ᠃ 2018 | ᠤᠨ ᠳᠤ ᠲᠤᠭᠤᠷᠢᠮ ᠭᠠᠴᠠᠭ᠎ᠠ ᠨᠡᠶᠢᠲᠡ ᠲᠦᠮᠡ ᠭᠠᠷᠤᠢ ᠵᠤᠭᠠᠴᠠᠬᠰᠠᠳ ᠢ ᠬᠦᠯᠢᠶᠡᠨ ᠠᠪᠴᠤ ᠵᠤᠴᠢᠯᠠᠬᠰᠠᠨ | ᠪᠠᠶᠢᠵᠠᠢ᠃ ᠠᠮᠢ ᠠᠬᠤᠢ᠂ ᠲᠡᠦᠬᠡ ᠰᠤᠶᠤᠯ᠂ ᠵᠤᠭᠠᠴᠠᠯ ᠤᠨ ᠦᠢᠯᠡᠰ ᠤᠨ ᠬᠦᠨ ᠠᠭᠤᠰᠤᠯᠴᠠᠯ ᠢ ᠴᠢᠨᠠᠬᠰᠢᠲᠠ | ᠠᠬᠢᠭᠤᠯᠬᠤ ᠶᠢᠨ ᠲᠦᠯᠦᠬᠡ ᠲᠤᠰ ᠭᠠᠴᠠᠭ᠎ᠠ ᠠᠵᠤ ᠦᠢᠯᠡᠰ ᠤᠨ ᠪᠦᠲᠦᠴᠡ ᠪᠠᠨ ᠲᠤᠬᠢᠷᠠᠭᠤᠯᠤᠨ᠂ ᠵᠤᠭᠠᠴᠠᠯ ᠤᠨ | ᠦᠢᠯᠡᠰ ᠤᠨ ᠠᠭᠤᠯᠬᠤᠨ ᠢᠶᠠᠨ ᠪᠠᠶᠠᠯᠢᠭᠵᠢᠭᠤᠯᠵᠤ᠂ ᠭᠠᠴᠠᠭᠠᠨ ᠤ ᠰᠠᠭᠤᠷᠢ ᠲᠦᠬᠦᠭᠡᠷᠦᠮᠵᠢ ᠶᠢᠨ ᠪᠦᠲᠦᠭᠡᠨ | ᠪᠠᠶᠢᠭᠤᠯᠤᠯᠲᠠ ᠶᠢ ᠴᠢᠨᠠᠬᠰᠢᠲᠠ ᠴᠢᠩᠭᠠᠳᠬᠠᠪᠠ᠃ ᠮᠤᠩᠭᠤᠯᠴᠤᠳ ᠤᠨ ᠲᠠᠪᠤᠨ ᠬᠤᠰᠢᠭᠤ ᠮᠠᠯ ᠤᠨ ᠰᠤᠶᠤᠯ ᠤᠨ | ᠠᠭᠤᠯᠬᠤᠨ ᠢ ᠬᠦᠨ ᠠᠭᠤᠳᠠᠯᠵᠤ᠂ ᠲᠤᠭᠤᠷᠢᠮ ᠰᠦᠮ᠎ᠡ ᠶᠢᠨ ᠡᠷᠬᠢᠨ ᠲᠤᠭᠤᠷᠢᠨ ᠤ 48 ᠮᠠᠯᠴᠢᠨ ᠡᠷᠦᠬᠡ ᠶᠢ | ᠬᠤᠯᠪᠤᠭᠠᠯᠠᠨ᠂ ︽ᠲᠤᠭᠤᠷᠢᠮ ᠲᠠᠪᠤᠨ ᠬᠤᠰᠢᠭᠤ ᠮᠠᠯ ᠤᠨ ᠰᠤᠶᠤᠯ ᠤᠨ ᠲᠤᠰᠬᠠᠢ ᠬᠤᠷᠰᠢᠶ᠎ᠠ︾ ᠶᠢ ᠡᠷᠬᠢᠯᠡᠨ | ᠪᠠᠶᠢᠭᠤᠯᠵᠤ᠂ ᠨᠡᠷᠡᠲᠦ ᠲᠡᠮᠳᠡᠭ ᠭᠤᠶᠤᠴᠢᠯᠠᠨ᠂ ᠭᠠᠴᠠᠭᠠᠨ ᠤ ᠮᠠᠯ ᠤᠨ ᠠᠰᠢᠭ ᠰᠢᠮ᠎ᠡ᠂ ᠤᠨᠴᠠ ᠭᠠᠷᠤᠯᠲᠠ | ᠵᠡᠷᠭᠡ ᠪᠠᠨ ᠲᠦᠪᠯᠡᠷᠡᠬᠦᠯᠦᠨ ᠭᠠᠳᠠᠬᠰᠢ ᠪᠤᠷᠤᠯᠠᠭᠤᠯᠵᠤ᠂ ᠮᠠᠯᠴᠢᠨ ᠲᠦᠮᠡᠨ ᠤ ᠤᠷᠤᠯᠭ᠎ᠠ ᠶᠢᠨ ᠨᠡᠮᠡᠭᠳᠡᠯ ᠢ | ᠪᠦᠲᠦᠮᠵᠢᠲᠠᠢ ᠲᠠᠶᠢᠴᠢᠯᠠᠬᠰᠠᠨ ᠪᠠᠶᠢᠨ᠎ᠠ᠃ 2017 ᠤᠨ ᠳᠤ ᠤᠯᠤᠰ ᠤᠨ ᠦᠨᠳᠦᠰᠦᠳᠡᠨ ᠱᠠᠰᠢᠨ ᠰᠤᠷᠳᠠᠬᠤᠨ ᠤ | ᠬᠡᠷᠡᠭ ᠡᠷᠬᠢᠯᠡᠬᠦ ᠵᠦᠪᠯᠡᠯ ᠠᠴᠠ ᠲᠤᠭᠤᠷᠢᠮ ᠭᠠᠴᠠᠭ᠎ᠠ ᠳᠤ ︽ᠪᠦᠬᠦ ᠤᠯᠤᠰ ᠤᠨ ᠴᠦᠭᠡᠨ ᠲᠤᠭᠠᠲᠦ | ᠦᠨᠳᠦᠰᠦᠲᠡᠨ ᠤ ᠦᠪᠡᠷᠮᠢᠴᠡ ᠤᠨᠴᠠᠯᠢᠬᠲᠦ ᠲᠤᠰᠬᠤᠨ︾ ᠤ ᠴᠤᠯᠠ ᠤᠯᠭᠤᠪᠠ᠃ 2016 ᠤᠨ ᠤ 8 | ᠰᠠᠷ᠎ᠠ ᠠᠴᠠ ᠡᠬᠢᠯᠡᠨ ᠪᠦᠲᠦᠭᠡᠨ ᠪᠠᠶᠢᠭᠤᠯᠵᠤ᠂ 500 ᠲᠦᠮᠡᠨ ᠲᠦᠬᠦᠷᠢᠭ ᠤᠨ ᠶᠡᠷᠦᠩᠬᠡᠢ ᠪᠡᠯᠡ | ᠤᠷᠤᠭᠤᠯᠤᠯᠲᠠ ᠲᠠᠢ᠂ 2000 ᠲᠡᠭᠰᠢ ᠲᠦᠷᠪᠡᠯᠵᠢᠨ ᠮᠧᠲᠷ ᠲᠠᠯᠠᠪᠠᠢ ᠲᠠᠢ ᠪᠦᠷᠢᠨ ᠴᠢᠳᠠᠪᠬᠢᠲᠦ ᠲᠤᠭᠤᠷᠢᠮ | ᠭᠠᠴᠠᠭ᠎ᠠ ᠶᠢᠨ ︽ᠠᠮᠢ ᠰᠤᠪᠢᠯᠠᠯ ᠡᠷᠡᠬᠦᠯᠵᠢᠯ ᠤᠨ ᠲᠦᠪ︾ ᠡᠨᠡ ᠵᠢᠯ ᠤᠨ 7 ᠰᠠᠷ᠎ᠠ ᠳᠤ ᠵᠢᠩᠬᠢᠨᠢ ᠪᠠᠷ | ᠠᠰᠢᠬᠯᠠᠯᠲᠠ ᠳᠤ ᠤᠷᠤᠵᠠᠢ᠃ ᠲᠤᠰ ᠲᠦᠪ ᠨᠢ ᠮᠤᠩᠭᠤᠯ ᠡᠮᠨᠡᠯᠭᠡ ᠶᠢᠨ ᠲᠠᠪᠤᠨ ᠷᠠᠰᠢᠶᠠᠨ ᠵᠠᠰᠠᠯ ᠪᠠ ᠤᠯᠠᠮᠵᠢᠯᠠᠯᠲᠦ | ᠴᠡᠭᠡ ᠵᠠᠰᠠᠯ ᠢᠶᠠᠷ ᠭᠤᠤᠯ ᠪᠤᠯᠭᠠᠵᠤ᠂ ᠤᠯᠠᠮᠵᠢᠯᠠᠯᠲᠦ ᠮᠤᠩᠭᠤᠯ ᠡᠮᠨᠡᠯᠭᠡ ᠶᠢᠨ ᠦᠪᠯᠡᠨ ᠤᠯᠠᠮᠵᠢᠯᠠᠬᠴᠢ ᠪᠠ | ᠮᠤᠩᠭᠤᠯ ᠡᠮᠨᠡᠯᠭᠡ ᠶᠢᠨ ᠲᠤᠰᠬᠠᠢ ᠮᠡᠷᠭᠡᠵᠢᠯᠳᠡᠳ ᠢ ᠤᠷᠢᠨ ᠠᠵᠢᠯᠯᠠᠭᠤᠯᠵᠤ᠂ ᠤᠯᠠᠨ ᠲᠦᠮᠡᠨ ᠤ ᠡᠷᠡᠬᠦᠯ | ᠡ᠊ᠡᠭᠭᠡ ᠶᠢᠨ ᠬᠦᠰᠡᠯ ᠱᠠᠭᠠᠷᠳᠠᠯᠭ᠎ᠠ ᠶᠢ ᠨᠡᠩ ᠰᠠᠶᠢᠨ ᠬᠠᠨᠭ᠍ᠭᠠᠵᠤ ᠴᠢᠳᠠᠬᠰᠠᠨ ᠪᠢᠯᠡ᠃ ᠲᠤᠭᠤᠷᠢᠮ ᠭᠠᠴᠠᠭ᠎ᠠ ᠶᠢᠨ ︽ | ᠠᠮᠢ ᠰᠤᠪᠢᠯᠠᠯ ᠡᠷᠡᠬᠦᠯᠵᠢᠯ ᠤᠨ ᠲᠦᠪ︾ ᠠᠰᠢᠬᠯᠠᠯᠲᠠ ᠳᠤ ᠤᠷᠤᠬᠰᠠᠨ ᠠᠴᠠ ᠨᠠᠭᠠᠰᠢ ᠨᠡᠶᠢᠲᠡ 500 ᠭᠠᠷᠤᠢ | ᠬᠦᠮᠦᠨ ᠤᠳᠠᠭ᠎ᠠ ᠳᠤ ᠠᠰᠢᠭ ᠬᠦᠷᠳᠡᠭᠡᠭᠰᠡᠨ ᠪᠠᠶᠢᠨ᠎ᠠ᠃ | ᠰᠤᠶᠤᠯ ᠵᠤᠭᠠᠴᠠᠯ ᠤᠨ ᠠᠭᠤᠰᠤᠯᠴᠠᠯ ᠬᠦᠭᠵᠢᠯᠲᠡ ᠶᠢ ᠠᠬᠢᠭᠤᠯᠵᠤ᠂ ᠭᠠᠴᠠᠭᠠᠨ ᠤ ᠬᠠᠮᠲᠦ ᠶᠢᠨ ᠠᠵᠤ | ᠠᠬᠤᠢ ᠶᠢ ᠪᠤᠵᠠᠭᠠᠢᠢᠷᠠᠭᠤᠯᠵᠤ᠂ ᠮᠠᠯᠴᠢᠨ ᠲᠦᠮᠡᠨ ᠤ ᠤᠷᠤᠯᠭ᠎ᠠ ᠶᠢ ᠨᠡᠮᠡᠭᠳᠡᠬᠦᠯᠦᠭᠰᠡᠨ ᠠᠴᠠ ᠭᠠᠳᠠᠨ᠎ᠠ ᠲᠤᠭᠤᠷᠢᠮ | ᠭᠠᠴᠠᠭ᠎ᠠ ᠶᠢᠨ ᠨᠠᠮ ᠤᠨ ᠡᠬᠦᠷ ᠪᠠᠰᠠ ᠮᠠᠰᠢ ᠤᠯᠡᠨ ᠬᠢᠯᠠᠰ ᠠᠵᠢᠯ ᠬᠢᠭᠰᠡᠨ ᠪᠠᠶᠢᠳᠠᠭ᠃ ᠡᠬᠦᠨ ᠳᠤ ᠤᠨᠴᠠᠭᠠᠢᠢᠯᠠᠨ | ᠲᠤᠷᠠᠳᠤᠭᠤᠰᠢᠲᠠᠢ ᠨᠢ ᠲᠤᠭᠤᠷᠢᠮ ᠭᠠᠴᠠᠭ᠎ᠠ ᠶᠢᠨ ᠨᠠᠮ ᠤᠨ ᠡᠬᠦᠷ ᠭᠠᠴᠠᠭ᠎ᠠ ᠲᠤᠰᠬᠤᠨ ᠤ ᠨᠠᠮ ᠤᠨ ᠵᠤᠬᠢᠶᠠᠨ | ᠪᠠᠶᠢᠭᠤᠯᠤᠯᠲᠠ ᠶᠢᠨ ᠤᠳᠤᠨ ᠲᠡᠰ ᠤᠨ ᠬᠠᠮᠢᠶᠠᠷᠤᠯᠲᠠ ᠶᠢ ᠪᠦᠬᠦ ᠲᠠᠯ᠎ᠠ ᠪᠠᠷ ᠬᠡᠷᠡᠭᠵᠢᠬᠦᠯᠵᠦ᠂ ᠦᠨᠳᠦᠰᠦᠨ | ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠶᠢᠨ ᠲᠠᠶᠢᠴᠢᠨ ᠪᠠᠬᠢᠯᠡᠯᠲᠡ ᠶᠢᠨ ᠦᠢᠯᠡᠳᠦᠯ ᠢ ᠬᠦᠢᠴᠡᠳ | ᠪᠠᠳᠠᠷᠠᠭᠤᠯᠵᠤ᠂ ᠮᠠᠯᠴᠢᠨ ᠲᠦᠮᠡᠨ ᠤ ᠪᠠᠶᠠᠵᠢᠯ ᠴᠢᠨᠡᠭᠡᠯᠢᠭᠵᠢᠯ ᠤᠨ ᠰᠠᠶᠢᠨ ︽ᠲᠠᠭᠠᠭᠤᠯᠤᠬᠴᠢ︾ ᠪᠤᠯᠤᠬᠰᠠᠨ ᠶᠤᠮ︔ | ︽ᠨᠠᠮ ᠤᠨ ᠡᠬᠦᠷ + ᠨᠡᠶᠢᠭᠡᠮᠯᠢᠭ︾ ᠤᠨ ᠬᠡᠪ ᠵᠠᠬᠪᠤᠷ ᠢ ᠠᠰᠢᠬᠯᠠᠵᠤ᠂ ᠬᠠᠷᠢᠯᠴᠠᠨ ᠬᠠᠪᠰᠤᠷᠤᠯᠴᠠᠬᠤ ᠪᠡᠯᠡ | ᠮᠦᠡᠭᠭᠦᠨ ᠤ ᠨᠡᠶᠢᠭᠡᠮᠯᠢᠭ ᠢ ᠡᠷᠬᠢᠯᠡᠨ ᠪᠠᠶᠢᠭᠤᠯᠵᠤ᠂ ᠮᠠᠯᠴᠢᠳ ᠤᠨ ᠲᠡᠷᠢᠵᠦ ᠲᠡᠵᠢᠭᠡᠬᠦ ᠦᠢᠯᠡᠰ ᠡᠷᠬᠢᠯᠡᠵᠦ ᠡᠪᠡᠰᠦ | ᠪᠤᠷᠳᠤᠭ᠎ᠠ ᠠᠪᠬᠤ᠂ ᠲᠤᠰᠠᠯᠠᠬᠤ ᠠᠵᠦ ᠦᠢᠯᠡᠰ ᠡᠷᠬᠢᠯᠡᠨ ᠤᠷᠤᠯᠭ᠎ᠠ ᠪᠠᠨ ᠨᠡᠮᠡᠭᠳᠡᠬᠦᠯᠬᠦ ᠵᠡᠷᠭᠡ ᠤᠯᠠᠨ ᠲᠠᠯ᠎ᠠ ᠶᠢᠨ | ᠵᠤᠭᠤᠰ ᠮᠦᠡᠭᠬᠦᠨ ᠤ ᠬᠡᠷᠡᠭᠴᠡᠭᠡ ᠱᠠᠭᠠᠷᠳᠠᠯᠭ᠎ᠠ ᠶᠢ ᠬᠠᠨᠭ᠍ᠭᠠᠬᠤ ᠳᠤ ᠲᠤᠩ ᠶᠡᠭᠡ ᠲᠤᠰᠠ ᠲᠡᠮᠵᠢᠯᠭᠡ ᠦᠵᠡᠬᠦᠯᠵᠠᠢ︔ | ︽ᠺᠤᠮᠫᠠᠨᠢ + ᠬᠤᠷᠰᠢᠶᠠᠵᠢᠯ + ᠮᠠᠯᠴᠢᠨ ᠲᠠᠷᠢᠶᠠᠴᠢᠨ ᠡᠷᠦᠬᠡ︾ ᠶᠢᠨ ᠬᠡᠪ ᠵᠠᠬᠪᠤᠷ ᠢᠶᠠᠷ ᠭᠠᠴᠠᠭᠠᠨ ᠤ | ᠠᠷᠠᠳ ᠢᠶᠠᠨ ᠲᠠᠶᠢᠴᠢᠯᠠᠨ ᠦᠬᠡᠷ ᠲᠡᠵᠢᠭᠡᠬᠦ᠂ ᠤᠷᠳᠤᠰ ᠤᠨ ᠨᠠᠷᠢᠨ ᠨᠤᠤᠰᠤᠲᠦ ᠬᠤᠨᠢ ᠲᠡᠵᠢᠭᠡᠬᠦ ᠵᠡᠷᠭᠡ | ᠤᠯᠠᠮᠵᠢᠯᠠᠯᠲᠦ ᠮᠠᠯ ᠲᠡᠵᠢᠭᠡᠪᠦᠷᠢ ᠶᠢᠨ ᠦᠢᠯᠡᠰ ᠤᠨ ᠤᠳᠤᠬᠢᠴᠢᠯᠠᠬᠰᠠᠨ ᠬᠦᠭᠵᠢᠯᠲᠡ ᠶᠢ ᠪᠡᠶᠡᠯᠡᠬᠦᠯᠪᠡ ᠁ | ︽ᠨᠠᠮ ᠢᠶᠠᠨ ᠲᠠᠭᠠᠪᠠᠯ ᠪᠤᠷᠤᠭᠤᠳᠠᠬᠤ ᠦᠬᠡᠢ᠂ ᠨᠠᠷᠠ ᠪᠠᠨ ᠲᠠᠭᠠᠪᠠᠯ ᠲᠠᠭᠠᠷᠠᠬᠤ ᠦᠬᠡᠢ︾ ᠭᠡᠭᠴᠢ ᠪᠠᠷ | ᠲᠤᠭᠤᠷᠢᠮ ᠭᠠᠴᠠᠭ᠎ᠠ ᠶᠠᠭ ᠨᠠᠮ ᠤᠨ ᠲᠤᠭ ᠤᠨ ᠨᠠᠮᠢᠷᠠᠭᠠᠨ ᠢᠶᠠᠷ ᠨᠡᠩ ᠰᠠᠶᠢᠨ ᠬᠦᠭᠵᠢᠯᠳᠡ ᠶᠢᠨ ᠢᠷᠡᠭᠡᠳᠦᠢ ᠵᠦᠭ | ᠢᠳᠡᠷᠡᠬᠦᠨ ᠤᠷᠤᠬᠰᠢᠯᠠᠵᠤ ᠪᠠᠶᠢᠨ᠎ᠠ᠃ |