ᠮᠠᠨ ᠤ ᠬᠤᠰᠢᠭᠤ ᠴᠦᠬᠡᠨ ᠲᠤᠭᠠᠳᠤ ᠦᠨᠳᠤᠰᠤᠳᠡᠨ ᠤ ᠶᠠᠳᠠᠭᠤ ᠬᠦᠴᠢᠷᠳᠡᠯᠳᠡᠢ ᠡᠷᠤᠬᠡ ᠶᠢᠨ ᠬᠡᠷ ᠪᠠᠶᠢᠰᠢᠩ ᠢ ᠰᠢᠨᠡᠳᠬᠡᠬᠦ ᠠᠵᠢᠯ ᠢ ᠰᠠᠶᠢᠳᠤᠷ ᠬᠢᠵᠦ ᠪᠠᠶᠢᠨ᠎ᠠ
ᠨᠡᠶᠢᠲᠡᠯᠡᠭᠰᠡᠨ ᠴᠠᠭ᠄
2018-12-17
      2018 ᠣᠨ ᠳᠤ ᠮᠠᠨ ᠤ ᠬᠤᠰᠢᠭᠤᠨ ᠤ ᠦᠨᠳᠤᠰᠤᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠴᠦᠬᠡᠨ ᠲᠤᠭᠠᠳᠤ ᠦᠨᠳᠤᠰᠤᠳᠡᠨ ᠤ ᠶᠠᠳᠠᠭᠤ ᠬᠦᠴᠢᠷᠳᠡᠯᠳᠡᠢ ᠡᠷᠤᠬᠡ ᠶᠢᠨ ᠬᠡᠷ ᠪᠠᠶᠢᠰᠢᠩ ᠢ ᠰᠢᠨᠡᠳᠬᠡᠬᠦ ᠲᠦᠷᠦᠯ ᠵᠦᠢᠯ ᠢ ᠦᠷᠬᠦᠯᠵᠢᠯᠡᠨ ᠬᠦᠴᠦᠳᠡᠢ ᠲᠦᠯᠬᠢᠨ ᠠᠬᠢᠭᠤᠯᠵᠦ᠂ ᠬᠦᠴᠢᠷᠳᠡᠯᠳᠡᠢ ᠣᠯᠠᠨ ᠲᠥᠮᠡᠨ  ᠤ ᠰᠠᠨᠠᠭᠠᠰᠢᠷᠠᠯ ᠢ ᠲᠠᠶᠢᠯᠤᠨ ᠠᠵᠠ ᠵᠢᠷᠭᠠᠯ ᠤᠨ ᠵᠢᠭᠠᠯᠳᠠ ᠲᠤᠭ᠎ᠠ ᠶᠢ ᠨᠡᠮᠡᠭᠳᠡᠬᠦᠯᠵᠦ ᠪᠠᠶᠢᠨ᠎ᠠ᠃      ᠰᠦᠯᠳᠡ ᠰᠤᠮᠤᠨ ᠤ ᠲᠠᠯ᠎ᠠ ᠶᠢᠨ ᠣᠰᠤ ᠭᠠᠴᠠᠭᠠᠨ ᠤ ᠶᠠᠳᠠᠭᠤ ᠬᠦᠴᠢᠷᠳᠡᠯᠳᠡᠢ ᠮᠠᠯᠴᠢᠨ ᠡᠷᠤᠬᠡ ᠰᠡᠴᠡᠡᠭᠤᠸ᠎ᠠ ᠶᠢᠨ ᠬᠢᠨ ᠬᠤᠶᠠᠷ ᠬᠦᠤ ᠲᠠᠢ ᠪᠠᠨ ᠴᠤᠭ ᠲᠦᠷᠪᠡᠬᠦᠯᠡ ᠪᠠᠨ ᠵᠢᠷᠠᠭᠠᠳ ᠬᠠᠪᠳᠠᠭᠠᠢ ᠲᠦᠷᠪᠡᠯᠵᠢᠨ ᠮᠧᠲᠷ ᠤᠨ ᠬᠠᠭᠤᠴᠢᠨ ᠬᠡᠷ ᠲᠤ ᠰᠢᠬᠠᠯᠳᠤᠨ ᠰᠠᠭᠤᠵᠦ ᠪᠠᠶᠢᠵᠠᠢ᠃ ᠪᠠᠭ᠎ᠠ ᠬᠦᠣ ᠰᠤᠮᠢᠶ᠎ᠠ ᠨᠢ ᠲᠠᠷᠠᠭ᠎ᠠ ᠵᠢᠯ ᠬᠤᠷᠢᠮ ᠬᠢᠬᠦ ᠪᠠᠷ ᠲᠦᠯᠦᠪᠯᠡᠵᠤ ᠪᠠᠶᠢᠭ᠎ᠠ ᠲᠤᠯᠠ ᠬᠦᠤ ᠪᠤᠯᠤᠨ ᠪᠡᠷᠢ ᠳᠡᠭᠡᠨ ᠰᠢᠨ᠎ᠡ ᠬᠡᠷ ᠪᠡᠯᠡᠳᠬᠡᠬᠦ ᠨᠢ ᠡᠳᠡᠨᠡᠶᠢᠬᠢᠨ ᠤ ᠴᠢᠬᠤᠯᠠ ᠣᠴᠢᠷ ᠪᠤᠯᠵᠦ ᠪᠠᠶᠢᠭ᠎ᠠ ᠴᠤ ᠠᠵᠦ ᠠᠬᠤᠢ ᠶᠢᠨ ᠲᠠᠯ᠎ᠠ ᠪᠠᠷ ᠬᠦᠴᠢᠷᠳᠡᠵᠦ ᠰᠠᠨᠠᠭ᠎ᠠ ᠪᠠᠶᠢᠭᠰᠠᠨ ᠴᠤ ᠣᠨᠤᠭ᠎ᠠ ᠬᠦᠷᠬᠦ ᠦᠭᠡᠢ ᠪᠤᠯᠵᠠᠢ᠃ ᠶᠠᠭ ᠡᠨᠡᠬᠦ ᠬᠦᠴᠢᠷᠳᠡᠯᠳᠡᠢ ᠪᠠᠶᠢᠳᠠᠯ ᠳᠤ ᠡᠨᠡ ᠵᠢᠯ ᠮᠠᠨ ᠤ ᠬᠤᠰᠢᠭᠤᠨ ᠤ ᠴᠦᠬᠡᠨ ᠲᠤᠭᠠᠳᠤ ᠦᠨᠳᠤᠰᠤᠳᠡᠨ ᠤ ᠶᠠᠳᠠᠭᠤ ᠬᠦᠴᠢᠷᠳᠡᠯᠳᠡᠢ ᠡᠷᠤᠬᠡ ᠶᠢᠨ ᠬᠡᠷ ᠪᠠᠶᠢᠰᠢᠩ ᠢ ᠰᠢᠨᠡᠳᠬᠡᠬᠦ ᠲᠦᠷᠦ ᠶᠢᠨ ᠪᠤᠳᠤᠯᠭ᠎ᠠ ᠶᠢᠨ ᠠᠵᠠ ᠲᠤᠬᠢᠶᠠᠯ ᠢᠶᠠᠷ ᠡᠳᠡᠨᠡᠶᠢᠬᠢᠨ ᠳᠤ 60 ᠬᠠᠪᠳᠠᠭᠠᠢ ᠲᠦᠷᠪᠡᠯᠵᠢᠨ ᠮᠧᠲᠷ ᠤᠨ ᠰᠢᠨ᠎ᠡ ᠬᠡᠷ ᠢ ᠪᠠᠷᠢᠵᠦ ᠦᠭᠬᠦᠬᠡᠳ ᠣᠳᠤ ᠨᠢᠭᠡᠨᠳᠡ ᠪᠦᠲᠦᠭᠡᠨ ᠪᠠᠶᠢᠭᠤᠯᠤᠯᠳᠠ ᠶᠢᠨ ᠠᠵᠢᠯ ᠢᠶᠠᠨ ᠲᠠᠭᠤᠰᠬᠠᠵᠦ ᠵᠠᠰᠠᠯ ᠴᠢᠮᠡᠭᠯᠡᠯ ᠤᠨ ᠱᠠᠲᠤᠨ ᠳᠤ ᠣᠷᠤᠭᠰᠠᠨ ᠪᠠᠶᠢᠨ᠎ᠠ᠃      ᠭᠠᠯᠠᠭᠤᠳᠤ ᠪᠠᠯᠭᠠᠰᠤ ᠶᠢᠨ ᠰᠡᠪᠬᠦᠯ ᠭᠠᠴᠠᠭᠠᠨ ᠤ ᠮᠠᠯᠴᠢᠨ ᠡᠷᠳᠡᠨᠢᠵᠤᠯᠠ ᠶᠢᠨ ᠬᠢᠨ ᠳᠤ ᠠᠪᠴᠦ ᠬᠡᠯᠡᠪᠡᠯ ᠡᠨᠡ ᠡᠪᠤᠯ ᠨᠢ ᠪᠠᠰᠠ ᠶᠡᠷᠤ ᠪᠤᠰᠤ ᠶᠢᠨ ᠣᠳᠬ᠎ᠠ ᠠᠭᠤᠯᠭ᠎ᠠ ᠲᠠᠢ ᠪᠠᠶᠢᠯ᠎ᠠ᠃ ᠣᠴᠢᠷ ᠨᠢ ᠡᠳᠡᠨᠡᠶᠢᠬᠢᠨ ᠲᠦᠴᠢ ᠰᠢᠬᠠᠮ ᠵᠢᠯ ᠰᠠᠭᠤᠷᠢᠰᠢᠭᠰᠠᠨ ᠬᠠᠭᠤᠴᠢᠨ ᠬᠡᠷ ᠪᠠᠶᠢᠰᠢᠩ ᠠᠴᠠ ᠡᠨᠡ ᠵᠢᠯ ᠨᠡᠬᠦᠨ ᠰᠢᠯᠵᠢᠵᠦ 70 ᠬᠠᠪᠳᠠᠭᠠᠢ ᠲᠦᠷᠪᠡᠯᠵᠢᠨ ᠮᠧᠲᠷ ᠤᠨ ᠰᠢᠨ᠎ᠡ ᠬᠡᠷ ᠲᠡᠭᠡᠨ ᠰᠠᠭᠤᠭᠰᠠᠨ ᠪᠠᠶᠢᠨ᠎ᠠ᠃      2018 ᠣᠨ ᠳᠤ ᠮᠠᠨ ᠤ ᠬᠤᠰᠢᠭᠤᠨ ᠤ ᠦᠨᠳᠤᠰᠤᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠴᠦᠬᠡᠨ ᠲᠤᠭᠠᠳᠤ ᠦᠨᠳᠤᠰᠤᠳᠡᠨ ᠤ ᠶᠠᠳᠠᠭᠤ ᠬᠦᠴᠢᠷᠳᠡᠯᠳᠡᠢ ᠡᠷᠤᠬᠡ ᠶᠢᠨ ᠬᠡᠷ ᠪᠠᠶᠢᠰᠢᠩ ᠢ ᠰᠢᠨᠡᠳᠬᠡᠬᠦ ᠲᠦᠷᠦᠯ ᠵᠦᠢᠯ ᠢ ᠦᠷᠬᠦᠯᠵᠢᠯᠡᠨ ᠬᠦᠴᠦᠳᠡᠢ ᠲᠦᠯᠬᠢᠨ ᠠᠬᠢᠭᠤᠯᠵᠦ ᠬᠢᠨᠡᠨ ᠪᠠᠶᠢᠴᠠᠭᠠᠯᠳᠠ ᠪᠠᠨ ᠴᠢᠩᠭᠠᠳᠬᠠᠨ᠂ ᠡᠬᠦᠷᠬᠡ ᠬᠠᠷᠢᠭᠤᠴᠠᠯᠭ᠎ᠠ ᠪᠠᠨ ᠲᠤᠳᠤᠷᠬᠠᠶᠢᠯᠠᠵᠦ᠂ ᠡᠯ᠎ᠡ ᠱᠠᠲᠤᠨ ᠤ ᠴᠦᠬᠡᠨ ᠲᠤᠭᠠᠳᠤ ᠦᠨᠳᠤᠰᠤᠳᠡᠨ ᠤ ᠬᠦᠭᠵᠢᠬᠦᠯᠦᠯᠳᠡ ᠶᠢᠨ ᠪᠡᠯᠡ ᠮᠥᠩᠬᠦ ᠶᠢ ᠴᠠᠭ ᠲᠤᠬᠠᠢ ᠳᠤ ᠨᠢ ᠲᠦᠷᠦᠯ ᠵᠦᠢᠯ ᠢᠯᠭᠠᠨ ᠪᠤᠳᠠᠳᠠᠢ ᠳᠤ ᠣᠷᠤᠨᠵᠢᠭᠤᠯᠵᠦ᠂ ᠴᠦᠬᠡᠨ ᠲᠤᠭᠠᠳᠤ ᠦᠨᠳᠤᠰᠤᠳᠡᠨ ᠤ ᠶᠠᠳᠠᠭᠤ ᠬᠦᠴᠢᠷᠳᠡᠯᠳᠡᠢ ᠡᠷᠤᠬᠡ ᠶᠢᠨ ᠪᠤᠳᠠᠳᠤ ᠪᠠᠶᠢᠳᠠᠯ ᠳᠤ ᠨᠢ ᠵᠤᠬᠢᠴᠠᠭᠤᠯᠤᠨ ᠠᠮᠢᠳᠤᠯᠢᠭ ᠢᠶᠠᠷ ᠲᠤᠭᠤᠰᠢᠯᠠᠭᠤᠯᠤᠨ ᠬᠡᠷᠡᠭᠵᠢᠬᠦᠯᠵᠦ᠂ ᠣᠳᠤᠬᠠᠨ ᠪᠤᠯᠳᠠᠯ᠎ᠠ ᠨᠡᠶᠢᠳᠡ 1623 ᠲᠥᠮᠡᠨ ᠲᠥᠬᠦᠷᠢᠭ ᠤᠨ ᠪᠡᠯᠡ ᠮᠥᠩᠬᠦ ᠵᠠᠷᠤᠴᠠᠭᠤᠯᠤᠨ 350 ᠶᠠᠳᠠᠭᠤ ᠬᠦᠴᠢᠷᠳᠡᠯᠳᠡᠢ ᠡᠷᠤᠬᠡ ᠶᠢᠨ ᠬᠡᠷ ᠪᠠᠶᠢᠰᠢᠩ ᠢ ᠰᠢᠨᠡᠳᠬᠡᠨ ᠪᠠᠷᠢᠭᠰᠠᠨ ᠪᠠᠶᠢᠨ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号