ᠤᠶᠢᠷ᠎ᠠ ᠶᠢᠨ ᠡᠳᠤᠷ᠂ ᠲᠤᠭ ᠪᠠᠯᠭᠠᠰᠤᠨ ᠤ SPPA ᠲᠦᠷᠦᠯ ᠵᠦᠢᠯ ᠤᠨ ᠳᠤᠭᠤᠶᠢᠯᠠᠩ ᠤᠨ ᠳᠠᠷᠤᠭ᠎ᠠ | ᠤᠷᠠᠨᠭᠤᠸᠠ ᠪᠠ ᠨᠢᠭᠲᠠᠯᠠᠨ ᠪᠤᠳᠤᠭᠴᠢ ᠬᠠᠰᠰᠤᠳᠤ ᠶᠢᠨ ᠳᠠᠭᠠᠭᠤᠯᠭ᠎ᠠ ᠳᠤᠤᠷ᠎ᠠ 06 ᠳᠤᠭᠤᠶᠢᠯᠠᠩ ᠤᠨ 17 | ᠡᠮᠡᠭᠲᠡᠢ ᠵᠡᠬᠦᠨ ᠣᠷᠤᠨ ᠤ ᠲᠠᠪᠤᠨ ᠬᠤᠲᠠ ᠳᠤ ᠬᠦᠷᠴᠤ 6 ᠡᠳᠤᠷ ᠤᠨ ᠬᠤᠭᠤᠴᠠᠭ᠎ᠠ ᠲᠠᠢ ᠪᠠᠶᠢᠴᠠᠭᠠᠨ | ᠰᠤᠷᠤᠯᠴᠠᠯᠭ᠎ᠠ ᠬᠢᠭᠡᠳ ᠠᠮᠵᠢᠯᠲᠠ ᠲᠠᠢ ᠪᠤᠴᠠᠵᠤ ᠢᠷᠡᠪᠡ᠃ | ᠲᠦᠷᠦᠯ ᠵᠦᠢᠯ ᠤᠨ ᠪᠠᠶᠢᠴᠠᠭᠠᠬᠤ ᠳᠤᠭᠤᠶᠢᠯᠠᠩ ᠨᠢ ᠤᠷᠢᠳ ᠬᠤᠵᠢᠳ ︽ᠲᠡᠯᠡᠭᠡᠢ ᠶᠢᠨ ᠨᠢᠭᠡᠳᠤᠭᠡᠷ | ᠳᠤᠰᠬᠤᠨ︾ ᠪᠤᠯᠬᠤ ᠬᠤᠸᠠᠰᠢ ᠳᠤᠰᠬᠤᠨ ᠳᠤ ᠬᠦᠷᠴᠤ ᠤᠳᠤᠬᠢᠴᠢᠯᠠᠭᠰᠠᠨ ᠬᠦᠳᠡᠭᠡ ᠳᠤᠰᠬᠤᠨ ᠤ ᠦᠢᠯᠡᠰ | ᠪᠤᠰᠬᠠᠭᠰᠠᠨ ᠪᠠᠶᠢᠳᠠᠯ᠂ ᠶᠡᠷᠦᠩᠬᠡᠢ ᠲᠠᠯᠠᠪᠠᠢ ᠨᠢ 4 ᠲᠦᠮᠡᠨ ᠪᠤᠰᠤᠭ᠎ᠠ ᠲᠦᠷᠪᠡᠯᠵᠢᠨ ᠮᠧᠲᠷ ᠤᠨ ᠰᠢᠦ ᠲᠢᠶᠠᠨ ᠳ᠋ᠢ | ᠬᠦᠷᠢ ᠶᠢᠨ ᠢᠯᠠᠮ᠎ᠠ ᠮᠤᠳᠤᠨ ᠤ ᠦᠵᠡᠰᠬᠦᠯᠡᠩ ᠤᠨ ᠬᠦᠷᠢᠶᠡᠯᠡᠩ ᠳᠤ ᠵᠧᠵᠢᠶᠠᠩ ᠤᠨ ᠲᠤᠷᠭᠠᠨ ᠨᠡᠬᠡᠮᠡᠯ ᠤᠨ | ᠬᠦᠭᠵᠢᠯᠲᠡ ᠶᠢᠨ ᠲᠡᠤᠬᠡ᠂ ᠬᠦᠷᠢ ᠶᠢᠨ ᠢᠯᠠᠮ᠎ᠠ ᠮᠤᠳᠤ᠂ ᠲᠤᠷᠭᠠᠨ ᠨᠡᠬᠡᠮᠡᠯ ᠤᠨ ᠰᠤᠶᠤᠯ᠂ ᠪᠦᠲᠦᠭᠡᠭᠳᠡᠬᠦᠨ᠂ | ᠬᠦᠭᠵᠢᠯᠲᠡ ᠶᠢᠨ ᠬᠡᠪᠴᠢᠶ᠎ᠡ ᠵᠢᠴᠢ ᠬᠦᠷᠢ ᠶᠢᠨ ᠢᠯᠠᠮ᠎ᠠ ᠮᠤᠳᠤᠨ ᠤ ᠰᠢᠨᠵᠢᠯᠡᠬᠦ ᠤᠬᠠᠭᠠᠨ ᠤ ᠪᠤᠯᠪᠠᠰᠤᠷᠠᠯ ᠤᠨ | ᠰᠡᠲᠤᠪᠲᠤ ᠠᠭᠤᠯᠭ᠎ᠠ ᠶᠢᠨ ᠲᠤᠭᠤᠷᠢᠨ ᠳᠤ ᠲᠤᠭᠤᠷᠢᠨ ᠰᠤᠷᠤᠯᠴᠠᠵᠤ ᠵᠧᠵᠢᠶᠠᠩ ᠤᠨ ᠦ᠋ ᠵᠧᠨ ᠪᠠᠯᠭᠠᠰᠤ᠂ | ᠬᠠᠩᠵᠧᠦ ᠶᠢᠨ ᠰᠢ ᠬᠤ᠋ ᠨᠠᠭᠤᠷ ᠵᠡᠷᠭᠡ ᠭᠠᠵᠠᠷ ᠢᠶᠠᠷ ᠬᠦᠷᠴᠤ ᠬᠦᠳᠡᠭᠡ ᠳᠤᠰᠬᠤᠨ ᠤ ᠰᠤᠶᠤᠯ ᠠᠮᠢ ᠠᠬᠤᠢ ᠶᠢᠨ | ᠵᠤᠭᠠᠴᠠᠯ᠂ ᠡᠮᠡᠭᠲᠡᠶᠢᠴᠦᠳ ᠤᠨ ᠦᠢᠯᠡᠰ ᠪᠤᠰᠬᠠᠬᠤ ᠨᠡᠶᠢᠲᠡᠯᠢᠭ ᠵᠢᠱᠢᠶ᠎ᠡ ᠵᠡᠷᠭᠡ ᠵᠦᠢᠯ ᠢ ᠪᠠᠶᠢᠴᠠᠭᠠᠨ ᠰᠤᠷᠤᠯᠴᠠᠪᠠ᠃ | | ᠪᠠᠶᠢᠴᠠᠭᠠᠨ ᠰᠤᠷᠤᠯᠴᠠᠬᠤ ᠳᠤᠮᠳᠠ ᠲᠡᠳᠡ ᠠᠳᠠᠯᠢ ᠪᠤᠰᠤ ᠠᠰᠠᠭᠤᠳᠠᠯ ᠳᠤ ᠴᠢᠭᠯᠡᠬᠦᠯᠦᠨ ᠰᠤᠷᠤᠯᠴᠠᠬᠤ᠂ | ᠦᠵᠡᠬᠦ᠂ ᠲᠡᠮᠲᠡᠭᠯᠡᠬᠦ᠂ ᠶᠠᠷᠢᠯᠴᠠᠬᠤ᠂ ᠰᠤᠯᠢᠯᠴᠠᠭ᠎ᠠ ᠬᠢᠬᠦ ᠪᠠᠷ ᠳᠠᠮᠵᠢᠨ ᠳᠤᠬᠠᠢ ᠶᠢᠨ ᠭᠠᠵᠠᠷ ᠤᠨ ᠬᠦᠭᠵᠢᠯᠲᠡ ᠶᠢᠨ | ᠰᠡᠳᠬᠢᠴᠡ ᠪᠠ ᠠᠵᠢᠯ ᠤᠨ ᠳᠤᠷᠰᠢᠯᠭ᠎ᠠ ᠰᠤᠷᠭᠠᠮᠵᠢ ᠶᠢ ᠨᠢᠮᠪᠠᠢ ᠤᠶᠢᠯᠠᠭᠠᠨ ᠤᠷᠢᠳᠴᠢᠯᠠᠨ ᠲᠤᠭᠲᠠᠭᠠᠭᠰᠠᠨ | ᠵᠤᠷᠢᠯᠭ᠎ᠠ ᠳᠠᠭᠠᠨ ᠬᠦᠷᠴᠤ ᠲᠦᠷᠦᠯ ᠵᠦᠢᠯ ᠤᠨ ᠳᠤᠭᠤᠶᠢᠯᠠᠩ ᠤᠨ ᠡᠮᠡᠭᠲᠡᠶᠢᠴᠦᠳ ᠤᠨ ᠬᠤᠵᠢᠮ ᠤᠨ ᠦᠢᠯᠡᠰ | ᠪᠤᠰᠬᠠᠬᠤ ᠳᠤ ᠰᠠᠶᠢᠨ ᠰᠠᠶᠢᠬᠠᠨ ᠰᠠᠭᠤᠷᠢ ᠳᠠᠯᠪᠢᠵᠤ ᠦᠭᠬᠦᠭᠰᠡᠨ ᠪᠠᠶᠢᠨ᠎ᠠ᠃ |