ᠬᠤᠨᠭ᠍ᠬᠢᠰ ᠬᠡᠬᠦ ᠠᠶᠠᠰ ᠬᠤᠸᠠᠳᠤᠯᠤᠭᠠᠢ ᠠᠴᠠ ᠴᠤᠤᠷᠢᠶᠠᠳᠤᠨ᠎ᠠ
ᠨᠡᠶᠢᠲᠡᠯᠡᠭᠰᠡᠨ ᠴᠠᠭ᠄
2018-12-26
     ᠨᠠᠮᠤᠷ ᠰᠢᠪᠳᠤᠷᠠᠵᠤ ᠡᠪᠤᠯ ᠡᠬᠢᠯᠡᠬᠦ ᠶᠢᠨ ᠵᠠᠢ ᠳᠤ ᠬᠤᠸᠠᠳᠤᠯᠤᠭᠠᠢ ᠶᠢᠨ ᠮᠠᠯᠴᠢᠳ ᠮᠦᠨ ᠯᠠ ᠬᠦᠳᠡᠯᠮᠤᠷᠢ ᠦᠢᠯᠡᠳᠪᠤᠷᠢᠯᠡᠯ ᠳᠡᠭᠡᠨ ᠶᠠᠭᠠᠷᠠᠬᠰᠠᠭᠠᠷ ᠡ︕          ᠮᠠᠨ ᠤ ᠬᠤᠰᠢᠭᠤᠨ ᠤ ᠲᠤᠬ ᠪᠠᠯᠭᠠᠰᠤᠨ ᠤ ᠬᠤᠸᠠᠳᠤᠯᠤᠭᠠᠢ ᠭᠠᠴᠠᠭᠠᠨ ᠳᠤ ᠤᠴᠢᠬᠤᠯᠠᠷ᠂ ᠨᠤᠮᠤᠯᠵᠢᠨ ᠬᠡᠯᠪᠡᠷᠢ ᠲᠠᠢ᠂ ᠬᠦᠬᠡ ᠪᠠᠷ ᠬᠦᠪᠡᠬᠡᠯᠡᠭᠰᠡᠨ ᠠᠯᠪᠠᠨ ᠬᠡᠷ ᠨᠢ ᠬᠠᠳᠠᠬ ᠲᠠᠳᠠᠨ ᠤᠬᠳᠤᠵᠤ ᠪᠠᠶᠢᠬᠤ ᠰᠢᠬ᠂ ᠠᠯᠪᠠᠨ ᠬᠡᠷ ᠤᠨ ᠲᠡᠭ ᠲᠤᠮᠳᠠ ᠨᠢ ᠰᠦᠨᠳᠡᠷᠯᠡᠭᠰᠡᠨ ᠬᠠᠨᠠᠨ ᠬᠡᠷ ᠤᠨ ᠮᠠᠶ᠋ᠢᠬ ᠲᠠᠢ ᠨᠤᠮ ᠤᠨ ᠬᠡᠷ ᠨᠢ ᠬᠦᠬᠦᠤᠷ ᠠᠳᠠᠯᠢ  ᠢᠷᠡᠭᠰᠡᠨ ᠬᠡᠶᠢᠴᠢᠨ ᠲᠠᠢ ᠪᠠᠨ ᠠᠮᠤᠷ ᠮᠡᠨᠳᠤ ᠠᠰᠠᠭᠤᠯᠴᠠᠨ ᠬᠦᠬᠦᠤᠷ ᠰᠤᠯᠢᠯᠴᠠᠵᠤ ᠪᠠᠶᠢᠬᠤ ᠰᠢᠬ ᠲᠦᠷᠦᠭᠳᠡᠯ ᠦᠭᠬᠦ ᠳᠡᠭᠡᠨ᠂ ᠡ᠊ᠨᠡ ᠪᠤᠯ ᠤᠷᠳᠤᠰ ᠨᠤᠳᠤᠬ ᠤᠨ ᠮᠠᠯᠵᠢᠬᠤ ᠤᠷᠤᠨ ᠬᠡᠳᠡᠭ ᠢ ᠰᠢᠭᠤᠳ ᠲᠠᠨᠢᠭᠤᠯᠤᠨ᠎ᠠ᠃          ᠲᠤᠰ ᠭᠠᠴᠠᠭᠠᠨ ᠤ ᠤᠷᠴᠢᠨ ᠲᠤᠭᠤᠷᠢᠨ ᠤ ᠴᠡᠪᠡᠷ ᠲᠡᠭᠰᠢ᠂ ᠠᠯᠪᠠᠨ ᠬᠡᠷ᠂ ᠨᠤᠮ ᠤᠨ ᠦᠷᠤᠬᠡ᠂ ᠠᠷᠠᠳ ᠲᠤ ᠲᠦᠬᠦᠮ ᠦᠵᠡᠬᠦᠯᠬᠦ ᠦᠢᠯᠡᠴᠢᠯᠡᠬᠡᠨ ᠤ ᠲᠢᠩᠬᠢᠮ᠂ ᠴᠢᠯᠦᠬᠡᠳᠤ ᠲᠡᠯᠬᠡᠬᠦᠷ᠂ ᠡᠮᠴᠢᠯᠡᠬᠡᠨ ᠤ ᠦᠷᠤᠬᠡ᠂ ᠲᠤᠨᠤᠬ ᠲᠦᠬᠦᠬᠡᠷᠤᠮᠵᠢ ᠁ ᠵᠢᠴᠢ ᠬᠡᠷ ᠭᠤᠳᠤᠮ ᠲᠤᠳᠤᠷᠡᠬᠢ ᠵᠠᠰᠠᠯ ᠴᠢᠮᠡᠭᠯᠡᠯ᠂ ᠤᠬᠠᠭᠤᠯᠭ᠎ᠠ ᠶᠢᠨ ᠲᠠᠪᠴᠠᠩ ᠵᠡᠷᠬᠡ  ᠠᠯᠢ ᠪᠦᠬᠦᠨ ᠠᠴᠠ ᠴᠦᠮ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠵᠠᠮ ᠢᠶᠠᠷ ᠵᠠᠮᠨᠠᠵᠤ ᠪᠠᠶᠢᠭ᠎ᠠ ᠶᠢ ᠮᠡᠳᠡᠵᠤ ᠪᠤᠯᠤᠨ᠎ᠡ᠃          ᠲᠤᠰ ᠭᠠᠴᠠᠭ᠎ᠠ ᠨᠢ ᠲᠤᠬ ᠪᠠᠯᠭᠠᠰᠤᠨ ᠤ ᠵᠡᠬᠦᠨ ᠬᠤᠶᠢᠳᠤ ᠪᠡᠶ᠎ᠡ ᠳᠤ ᠪᠠᠶᠢᠷᠢᠰᠢᠵᠤ᠂ ᠨᠤᠳᠤᠬ ᠪᠡᠯᠴᠢᠬᠡᠷ ᠤᠨ ᠶᠡᠷᠤᠩᠬᠡᠢ ᠲᠠᠯᠠᠪᠡᠢ ᠨᠢ 26.7 ᠲᠦᠮᠡᠨ ᠮᠦ ᠪᠠᠶᠢᠵᠤ᠂ ᠶᠡᠷᠤᠩᠬᠡᠢ ᠬᠦᠮᠤᠨ ᠠᠮᠨ ᠨᠢ 618᠂ ᠡᠬᠦᠨ ᠳᠤ ᠪᠠᠶᠢᠡᠭᠭᠤ ᠰᠠᠭᠤᠭ᠎ᠠ ᠬᠦᠮᠤᠨ ᠠᠮᠠ ᠨᠢ 585 ᠪᠠᠶᠢᠵᠤ᠂ ᠠᠶᠢᠯ ᠡᠷᠤᠬᠡ ᠶᠢᠨ ᠲᠤᠭ᠎ᠠ ᠨᠢ 201 ᠡᠷᠤᠬᠡ ᠪᠤᠯᠤᠨ᠎ᠡ᠃ 2017 ᠤᠨ ᠤ ᠬᠦᠮᠤᠨ ᠲᠤᠳᠤᠮ ᠤᠨ ᠴᠡᠪᠡᠷ ᠤᠷᠤᠯᠭ᠎ᠠ ᠨᠢ 17000 ᠭᠠᠷᠤᠢ ᠲᠦᠬᠦᠷᠢᠭ ᠲᠤ ᠬᠦᠷᠴᠤ᠂ ᠡᠳᠤᠬᠡ ᠡᠷᠤᠬᠡ ᠪᠤᠯᠭᠠᠨ ᠳᠤ ᠵᠠᠮ᠂ ᠴᠠᠬᠢᠯᠭᠠᠨ᠂ ᠲᠤᠤᠷ ᠰᠦᠯᠵᠢᠶ᠎ᠡ ᠨᠡᠪᠳᠡᠷᠡᠵᠤ᠂ ᠠᠶᠢᠯ ᠡᠷᠤᠬᠡ ᠪᠤᠯᠭᠠᠨ ᠰᠢᠨ᠎ᠠ ᠤᠷᠤᠨ ᠰᠠᠭᠤᠴᠠ ᠳᠤ ᠰᠠᠭᠤᠵᠤ᠂ ᠦᠨᠳᠤᠰᠤᠨ ᠪᠦᠳᠦᠬᠡᠨ ᠪᠠᠶᠢᠭᠤᠯᠤᠯᠳᠠ ᠪᠠ ᠠᠵᠤ ᠠᠬᠤᠢ ᠶᠢᠨ ᠰᠠᠭᠤᠷᠢ ᠪᠠᠷ ᠨᠡᠯᠢᠶᠡᠳ ᠪᠠᠳᠤ ᠪᠠᠬᠢ ᠪᠤᠯᠤᠬᠰᠠᠨ ᠪᠠᠶᠢᠨ᠎ᠠ᠃
       ᠲᠤᠰ ᠭᠠᠴᠠᠭᠠᠨ ᠳᠤ ᠤᠯᠤᠰ ᠤᠨ ᠲᠠᠰ ᠤᠨ ᠶᠠᠳᠠᠭᠤ ᠬᠦᠴᠢᠷᠳᠡᠯᠳᠡᠢ ᠡᠷᠤᠬᠡ 8 ᠪᠤᠢ᠃ 2018 ᠤᠨ ᠳᠤ ᠂ ᠬᠤᠰᠢᠭᠤ᠂ ᠪᠠᠯᠭᠠᠰᠤ᠂ ᠭᠠᠴᠠᠭ᠎ᠠ ᠵᠢᠴᠢ ᠠᠵᠢᠯᠯᠠᠬᠤ ᠠᠩᠬᠢ ᠶᠢᠨ ᠬᠢᠨ ᠡᠳᠡᠬᠡᠷ ᠶᠠᠳᠠᠭᠤ ᠬᠦᠴᠢᠷᠳᠡᠯᠳᠡᠢ ᠡᠷᠤᠬᠡ ᠳᠤ ᠲᠠᠬᠢᠨ ᠲᠡᠪᠳᠡᠨ ᠬᠦᠨᠵᠡᠬᠡᠶᠢᠷᠡᠵᠤ᠂ ᠶᠠᠳᠠᠭᠤᠷᠠᠬᠰᠠᠨ ᠦᠨᠳᠤᠰᠤ ᠰᠢᠯᠳᠠᠭᠠᠨ ᠢ ᠨᠢ ᠡᠷᠢᠵᠤ᠂ ᠺᠠᠷᠲ ᠪᠠᠶᠢᠭᠤᠯᠤᠨ᠂ ᠤᠷᠤᠨ ᠬᠡᠷ ᠢ ᠨᠢ ᠪᠠᠷᠢᠵᠤ ᠦᠭᠬᠦ᠂ ᠦᠢᠯᠡᠳᠪᠤᠷᠢᠯᠡᠯ ᠤᠨ ᠬᠡᠷᠡᠭᠰᠡᠯ ᠢᠶᠠᠷ ᠲᠡᠳᠬᠦᠬᠦ᠂ ᠡᠮ ᠡᠮᠨᠡᠯᠬᠡ ᠪᠠᠷ ᠲᠡᠳᠬᠦᠬᠦ᠂ ᠰᠤᠷᠤᠯᠭ᠎ᠠ ᠶᠢᠨ ᠰᠦᠢᠳᠬᠡᠯ ᠢᠶᠠᠷ ᠲᠡᠳᠬᠦᠬᠦ ᠵᠡᠷᠬᠡ ᠠᠯᠢ ᠤᠯᠠᠨ ᠤᠨᠢᠨ ᠲᠡᠬᠡᠷ᠎ᠠ ᠨᠢ ᠤᠨᠤᠭᠤᠬᠰᠠᠨ ᠲᠡᠳᠬᠦᠬᠦ  ᠠᠷᠭ᠎ᠠ ᠪᠠᠷ ᠲᠡᠳᠬᠦᠵᠤ᠂ ᠨᠢᠬᠡᠨᠳᠡ ᠶᠠᠳᠠᠭᠤ ᠠᠴᠠ ᠠᠩᠬᠢᠵᠢᠷᠠᠭᠤᠯᠪᠠ᠃          ᠬᠤᠸᠠᠳᠤᠯᠤᠭᠠᠢ ᠭᠠᠴᠠᠭᠠᠨ ᠳᠤ ︽ᠪᠠᠶᠠᠨᠨᠠᠭᠤᠷ ᠤᠨ ᠴᠡᠶᠢᠳᠠᠮ︾ ᠬᠡᠬᠦ ᠦᠤᠰᠢᠨ ᠬᠤᠰᠢᠭᠤᠨ ᠳᠤ ᠬᠠᠮᠤᠬ ᠤᠨ ᠶᠡᠭᠡ ᠪᠠᠶᠢᠭᠠᠯᠢᠯᠢᠬ ᠴᠡᠶᠢᠳᠠᠮ ᠪᠠᠶᠢᠳᠠᠬ᠃ ᠵᠤᠨ ᠤ ᠤᠯᠠᠷᠢᠯ ᠡᠨᠡ ᠴᠡᠶᠢᠳᠠᠮ ᠳᠤ ᠲᠠᠪᠤᠨ ᠬᠤᠰᠢᠭᠤ ᠮᠠᠯ ᠲᠠᠨ᠎ᠠ ᠰᠤᠪᠤᠳ ᠰᠢᠬ ᠲᠠᠷᠬᠠᠨ ᠪᠡᠯᠴᠢᠵᠤ᠂ ᠲᠠᠯ᠎ᠠ ᠨᠤᠳᠤᠬ — ᠮᠠᠯᠵᠢᠬᠤ ᠤᠷᠤᠨ ᠤ ᠦᠡᠭᠬᠡ ᠦᠵᠡᠮᠵᠢ ᠶᠢ ᠭᠠᠶᠢᠬᠠᠭᠤᠯᠳᠠᠬ ᠭᠠᠵᠠᠷ ᠶᠤᠮ᠃ ᠲᠡᠬᠡᠬᠦ ᠳᠡᠭᠡᠨ ᠤᠷᠴᠢᠮ ᠤᠨ ᠵᠢᠯ ᠠᠴᠠ ᠡᠨᠡ ᠭᠠᠵᠠᠷ ᠲᠤᠭᠤᠷᠢᠨ ᠵᠤᠭᠠᠴᠠᠬᠤ  ᠬᠦᠮᠤᠨ ᠤᠯᠠᠰᠢᠷᠠᠪᠠ᠃ ᠶᠠᠬ ᠡᠬᠦᠨ ᠳᠤ ᠵᠤᠷᠢᠭᠤᠯᠤᠨ ᠡᠨᠡ ᠴᠡᠶᠢᠳᠠᠮ ᠳᠤ ᠪᠡᠯᠴᠢᠬᠡᠷ ᠬᠤᠪᠢᠳᠠᠵᠤ ᠠᠪᠤᠬᠰᠠᠨ 11 ᠡᠷᠤᠬᠡ ᠲᠤᠤᠷ ᠤᠳᠠᠰᠤᠨ ᠬᠦᠷᠢᠶᠠᠳ ᠢᠶᠠᠨ ᠬᠤᠷᠢᠶᠠᠵᠤ᠂ ᠬᠤᠷᠰᠢᠶᠡᠵᠢᠯ ᠪᠠᠶᠢᠭᠤᠯᠤᠨ᠂ ᠪᠡᠯᠴᠢᠬᠡᠷ ᠤᠨ ᠲᠠᠭᠠᠭᠠᠴᠠ ᠶᠢᠨ ᠬᠡᠮᠵᠢᠶ᠎ᠡ ᠪᠠᠷ ᠲᠠᠪᠤᠨ ᠬᠤᠰᠢᠭᠤ ᠮᠠᠯ ᠢᠶᠠᠨ ᠤᠷᠤᠭᠤᠯᠵᠤ᠂ ᠴᠡᠶᠢᠳᠡᠮ ᠤᠨ ᠲᠤᠮᠳᠠ ᠦᠡᠭᠬᠡ  ᠦᠵᠡᠮᠵᠢ ᠶᠢ ᠰᠤᠨᠢᠷᠬᠠᠬᠤ 300 ᠮᠧᠲᠷ ᠤᠨ ᠤᠷᠳᠤ ᠮᠤᠳᠤᠨ ᠬᠠᠪᠳᠠᠰᠤᠨ ᠵᠠᠮ ᠲᠡᠪᠢᠰᠴᠤ᠂ ᠵᠠᠮ ᠤᠨ ᠬᠠᠵᠠᠭᠤ ᠪᠠᠷ ᠮᠤᠷᠢ ᠤᠨᠤᠬᠤ ᠦᠢᠯᠡᠴᠢᠯᠡᠭᠡ ᠬᠢᠵᠤ᠂ ᠴᠡᠶᠢᠳᠠᠮ ᠤᠨ ᠬᠦᠪᠡᠭᠡ ᠲᠠᠭᠠᠭᠤᠯᠤᠨ ᠬᠠᠨᠠᠨ ᠬᠡᠷ ᠢ ᠴᠡᠶᠢᠯᠵᠢᠨ ᠵᠢᠭᠳᠡᠷᠡᠬᠦᠯᠵᠤ᠂ ᠦᠨᠳᠤᠰᠤᠳᠡᠨ ᠤ ᠤᠨᠴᠠᠯᠢᠬᠳᠤ ᠢᠳᠡᠬᠡᠨ ᠤᠮᠳᠠᠭᠠᠨ ᠢ ᠠᠮᠳᠠᠯᠠᠬᠤ ᠪᠠ ᠨᠠᠭᠠᠳᠴᠤ ᠲᠤᠬᠯᠠᠬᠤ ᠲᠡᠯᠡᠪᠤᠷ ᠢ ᠬᠠᠨᠭ᠍ᠭᠠᠬᠰᠠᠨ ᠪᠠᠶᠢᠨ᠎ᠠ᠃ ᠵᠤᠨ ᠨᠠᠮᠤᠷ ᠤᠨ ᠵᠤᠭᠠᠴᠠᠯ ᠤᠨ ᠬᠦᠭᠵᠢᠶᠡᠨᠳᠤ ᠤᠯᠠᠷᠢᠯ ᠳᠤ ᠪᠠᠶᠠᠨᠨᠠᠭᠤᠷ ᠤᠨ ᠴᠡᠶᠢᠳᠠᠮ ᠳᠤ ᠪᠠᠷᠤᠬ 6 ᠲᠦᠮᠡᠨ ᠬᠦᠮᠤᠨ ᠢᠷᠡᠵᠤ᠂ ᠡᠳᠡᠬᠡᠷ 11 ᠡᠷᠤᠬᠡ ᠶᠢᠨ ᠬᠦᠮᠤᠨ ᠲᠤᠳᠤᠮ ᠤᠨ ᠤᠷᠤᠯᠭ᠎ᠠ ᠨᠢ ᠪᠠᠷᠤᠬ 600 ᠲᠦᠬᠦᠷᠢᠭ ᠲᠤ ᠬᠦᠷᠳᠡᠭ ᠪᠠᠶᠢᠨ᠎ᠠ᠃          ᠬᠤᠸᠠᠳᠤᠯᠤᠭᠠᠢ ᠭᠠᠴᠠᠭᠠᠨ ᠳᠤ ᠲᠤᠵᠢ ᠶᠢᠨ ᠱᠠᠩ ᠬᠡᠮᠡᠬᠦ ᠦᠤᠰᠢᠨ ᠵᠠᠰᠠᠬ ᠨᠤᠶᠠᠨ ᠤ ᠬᠠᠭᠤᠴᠢᠨ ᠪᠠᠭᠤᠷᠢ ᠪᠠᠶᠢᠳᠠᠬ᠃ ᠲᠡᠬᠦᠨ ᠢ ᠦᠤᠰᠢᠨ ᠠᠷᠪᠠᠳᠤᠭᠠᠷ ᠵᠠᠰᠠᠬ ᠨᠤᠶᠠᠨ ᠪᠠᠳᠠᠷᠠᠬᠤ ᠶᠢᠨ ᠥᠩᠭᠡᠨ ᠳᠤ ᠪᠠᠶᠢᠭᠤᠯᠤᠬᠰᠠᠨ ᠪᠦᠬᠡᠳ ᠦᠤᠰᠢᠨ ᠱᠠᠩ ᠶᠠᠮᠤ ᠲᠤᠳᠤᠷᠠᠬᠢ ᠨᠡᠬᠦᠳᠡᠯ ᠮᠠᠯᠵᠢᠯ ᠤᠨ ᠱᠠᠩ ᠠᠴᠠ ᠰᠠᠭᠤᠷᠢᠰᠢᠯ ᠮᠠᠶ᠋ᠢᠬ ᠤᠨ ᠱᠠᠩ ᠳᠤ ᠰᠢᠯᠵᠢᠭᠰᠠᠨ ᠪᠠ ᠮᠤᠩᠭᠤᠯ ᠬᠡᠷ ᠤᠨ ᠪᠠᠷᠢᠯᠭ᠎ᠠ ᠠᠴᠠ ᠰᠢᠪᠠᠷ ᠲᠤᠭᠤᠰᠬ᠎ᠠ ᠶᠢᠨ ᠪᠦᠳᠦᠴᠡᠳᠦ ᠤᠷᠳᠤᠨ ᠬᠠᠷᠰᠢ ᠪᠤᠯᠤᠨ ᠬᠤᠪᠢᠷᠠᠬᠰᠠᠨ ᠠᠩᠬᠠᠳᠤᠬᠴᠢ ᠱᠠᠩ ᠬᠤᠷᠤᠭ᠎ᠠ ᠪᠤᠯᠤᠨ᠎ᠠ᠃ ᠱᠠᠩ ᠤᠨ ᠬᠦᠷᠢᠶ᠎ᠠ ᠨᠢ ᠦᠷᠬᠡᠨ ᠠᠭᠤᠵᠢᠮ᠂ ᠦᠨᠳᠤᠷ ᠬᠦᠬᠡ ᠪᠠᠶᠢᠰᠢᠩ᠂ ᠦᠷᠤᠬᠡ ᠴᠠᠭᠠᠨ ᠬᠡᠷ ᠤᠳ ᠵᠢᠭᠳᠡᠷᠡᠭᠰᠡᠨ ᠤᠷᠳᠤᠨ ᠬᠠᠷᠰᠢ ᠪᠠᠶᠢᠵᠡᠢ᠃ ᠲᠤᠰ ᠭᠠᠴᠠᠭ᠎ᠠ ᠲᠡᠤᠬᠡ ᠶᠢᠨ ᠤᠯᠠ ᠮᠦᠷ ᠢ ᠰᠡᠷᠬᠦᠬᠡᠬᠦ ᠪᠠ ᠵᠢᠭᠤᠯᠴᠢᠯᠠᠯ ᠤᠨ ᠦᠢᠯᠡᠰ ᠤᠨ ᠠᠭᠤᠯᠭ᠎ᠠ ᠶᠢ ᠪᠠᠶᠠᠯᠢᠬ ᠪᠤᠯᠭᠠᠬᠤ ᠶᠢᠨ ᠡᠬᠦᠳᠡᠨ ᠠᠴᠠ ᠡᠳᠤᠬᠡ ᠰᠡᠷᠬᠦᠬᠡᠨ ᠪᠠᠶᠢᠭᠤᠯᠬᠤ ᠲᠦᠰᠤᠪ ᠢᠶᠠᠨ ᠨᠢᠬᠡᠨᠳᠡ ᠲᠤᠬᠳᠠᠭᠠᠵᠤ᠂ ᠲᠦᠷᠦᠯ ᠵᠦᠢᠯ ᠳᠤ ᠤᠷᠤᠭᠤᠯᠤᠨ ᠪᠠᠯᠠ ᠮᠦᠡᠭᠬᠦ ᠶᠢ ᠨᠢᠬᠡᠨᠳᠡ ᠨᠡᠶᠢᠳᠡᠪᠤᠷᠢᠵᠢᠭᠤᠯᠤᠨ ᠢᠷᠡᠬᠦ ᠵᠢᠯ ᠪᠠᠷᠢᠯᠭ᠎ᠠ ᠡᠬᠢᠯᠡᠬᠦ ᠳᠤ ᠪᠡᠯᠡᠬᠡᠨ ᠪᠤᠯᠤᠭᠠᠳ ᠪᠠᠶᠢᠨ᠎ᠠ᠃ ᠡᠬᠦᠨ ᠠᠴᠠ ᠭᠠᠳᠠᠨ᠎ᠠ ᠲᠤᠰ ᠭᠠᠴᠠᠭᠠᠨ ᠳᠤ ᠬᠤᠪᠤᠷ ᠴᠤᠬᠠᠬ ᠤᠷᠭᠤᠮᠠᠯ — ᠬᠦᠪᠤᠡᠭ ᠮᠤᠳᠤ ᠤᠷᠭᠤᠵᠤ᠂ ᠪᠠᠰᠠ ᠠᠯᠠᠬ ᠨᠠᠭᠤᠷ ᠬᠡᠮᠡᠬᠦ ᠦᠵᠡᠮᠵᠢᠳᠤ ᠨᠠᠭᠤᠷ ᠪᠤᠢ᠃ ᠡᠬᠦᠨ ᠢ ᠴᠤ ᠬᠠᠮᠠᠭᠠᠯᠠᠨ ᠦᠵᠡᠮᠤᠷᠢ ᠶᠢᠨ ᠵᠦᠢᠯ ᠪᠤᠯᠭᠠᠬᠤ ᠪᠠᠷ ᠵᠤᠷᠢᠵᠤ ᠪᠠᠶᠢᠨ᠎ᠠ᠃  
             ᠲᠤᠰ ᠭᠠᠴᠠᠭ᠎ᠠ ᠨᠢ ᠵᠤᠭᠠᠴᠠᠯ ᠤᠨ ᠦᠢᠯᠡᠰ ᠲᠤ ᠵᠤᠷᠢᠭᠤᠯᠤᠨ ᠪᠠᠶᠠᠨᠠᠭᠤᠷ ᠤᠨ ᠴᠡᠶᠢᠳᠠᠮ ᠳᠤ ᠬᠦᠷᠬᠦ ᠵᠠᠮ ᠲᠡᠬᠡᠷ᠎ᠡ ᠦᠨᠳᠤᠰᠤᠳᠡᠨ ᠤ ᠤᠨᠴᠠᠯᠢᠬᠳᠤ ᠲᠤᠮᠤ ᠡᠬᠦᠳᠡ ᠪᠠ ᠰᠦᠢᠳᠬᠡᠯ ᠬᠤᠷᠢᠶᠠᠬᠤ ᠴᠡᠭ ᠭᠠᠷᠭᠠᠨ᠂ ᠭᠠᠴᠠᠭᠠᠨ ᠤ ᠰᠠᠭᠤᠭ᠎ᠠ ᠭᠠᠵᠠᠷ ᠲᠤ ᠲᠦᠴᠢ ᠲᠠᠪᠢᠨ ᠬᠠᠨᠠᠨ ᠬᠡᠷ ᠪᠤᠰᠬᠠᠬᠤ ᠪᠠᠷ ᠪᠡᠯᠡᠳᠭᠡᠬᠡᠳ ᠪᠠᠶᠢᠨ᠎ᠠ᠃ ᠡᠬᠦᠨ ᠠᠴᠠ ᠭᠠᠳᠠᠨ᠎ᠠ ᠭᠠᠴᠠᠭᠠᠨ ᠤ ᠰᠠᠭᠤᠭ᠎ᠠ ᠭᠠᠵᠠᠷ ᠲᠤ ᠦᠨᠳᠤᠰᠤᠳᠡᠨ ᠤ ᠪᠡᠶ᠎ᠡ ᠲᠠᠮᠢᠷ ᠤᠨ ᠠᠵᠢᠯᠯᠠᠭᠠᠨ ᠤ ᠲᠦᠪ᠂ ᠤᠤᠭᠠᠯ ᠠᠮᠢ ᠠᠬᠤᠢ ᠶᠢᠨ ᠬᠦᠷᠢᠶᠠᠯᠠᠩ᠂ ᠲᠤᠮᠤ ᠬᠡᠯᠪᠡᠷᠢ ᠶᠢᠨ ᠰᠤᠯᠢᠶᠤᠤ ᠫᠸᠡᠭ᠂ ᠵᠢᠮᠢᠰ ᠤᠨ ᠬᠦᠷᠢᠶᠠᠯᠠᠩ ᠢ ᠪᠠᠶᠢᠭᠤᠯᠬᠤ ᠪᠠᠷ ᠨᠢᠬᠡᠨᠳᠡ ᠲᠤᠬᠳᠠᠭᠠᠳ ᠪᠠᠶᠢᠨ᠎ᠠ᠃ ᠡᠨᠡ ᠨᠢ ᠴᠦᠮ ᠵᠤᠭᠠᠴᠠᠯ ᠳᠤ ᠦᠢᠯᠡᠴᠢᠯᠡᠨ ᠬᠠᠮᠳᠤ ᠶᠢᠨ ᠠᠵᠤ ᠠᠬᠤᠢ ᠶᠢ ᠬᠦᠭᠵᠢᠬᠦᠯᠬᠦ ᠬᠤᠤᠰ ᠡᠰᠢᠳᠤ ᠪᠤᠳᠠᠳᠤ ᠴᠤᠬᠴᠠ ᠪᠤᠯᠤᠨ᠎ᠠ᠃          ᠡᠬᠦᠨ ᠠᠴᠠ ᠭᠠᠳᠠᠨ᠎ᠠ ᠲᠤᠰ ᠭᠠᠴᠠᠭ᠎ᠠ ᠨᠢ ᠮᠠᠯᠴᠢᠳ ᠤᠨ ᠪᠤᠯᠪᠠᠰᠤᠷᠠᠯ ᠤᠨ ᠲᠦᠪ᠂ ᠡᠯᠧᠺᠲᠷᠤᠨ ᠬᠤᠳᠠᠯᠳᠤᠭ᠎ᠠ ᠶᠢᠨ ᠲᠦᠪ᠂ ᠴᠢᠯᠦᠬᠡᠳᠤ ᠲᠡᠯᠬᠡᠬᠦᠷ᠂ ᠡᠷᠡᠬᠦᠯ ᠬᠠᠮᠠᠭᠠᠯᠠᠯ ᠤᠨ ᠦᠷᠳᠡᠭᠡ᠂ ᠨᠤᠮ ᠤᠡᠭᠰᠢᠯᠭ᠎ᠠ ᠶᠢᠨ ᠦᠷᠤᠬᠡ ᠵᠡᠷᠬᠡ ᠨᠡᠶᠢᠳᠡ ᠶᠢᠨ ᠠᠰᠠᠷᠠᠮᠵᠢ ᠶᠢᠨ ᠦᠢᠯᠡᠰ ᠪᠦᠷᠢᠨ ᠲᠦᠬᠦᠷ ᠪᠠᠶᠢᠭᠤᠯᠤᠬᠳᠠᠵᠤ᠂ ᠦᠢᠯᠡᠳᠤᠯ ᠴᠢᠳᠠᠪᠤᠷᠢ ᠪᠠᠨ ᠠᠯᠢ ᠪᠤᠯᠬᠤ ᠪᠠᠷ ᠬᠦᠢᠴᠡᠳ ᠪᠠᠳᠠᠷᠠᠭᠤᠯᠤᠬᠰᠠᠭᠠᠷ ᠪᠠᠶᠢᠨ᠎ᠠ᠃          ᠤᠷᠴᠢᠮ ᠤᠨ ᠵᠢᠯ ᠤᠳ ᠲᠤ ᠭᠠᠴᠠᠭᠠᠨ ᠤ ᠨᠡᠮ ᠤᠨ ᠡᠬᠦᠷ ᠤᠨ ᠲᠡᠶᠢᠴᠢᠯᠡᠯ ᠲᠤᠤᠷ᠎ᠡ ᠬᠠᠰᠯᠤᠤ᠂ ᠪᠠᠶᠠᠨᠪᠠᠳᠤ ᠮᠡᠳᠤ ᠨᠤᠳᠤᠬ ᠤᠷᠤᠨ ᠢᠶᠠᠨ ᠲᠠᠭᠠᠭᠤᠯᠤᠬᠴᠢ ᠬᠦᠮᠤᠰ ᠴᠤᠯᠭᠤᠷᠠᠨ ᠭᠠᠷᠴᠤ᠂ ᠲᠤᠰ ᠭᠠᠵᠠᠷ ᠤᠷᠤᠨ ᠤ ︽ᠮᠠᠯᠵᠢᠬᠤ ᠤᠷᠤᠨ ᠢ ᠬᠦᠭᠵᠢᠬᠦᠯᠤᠨ ᠮᠠᠨᠳᠤᠭᠤᠯᠬᠤ︾᠂ ︽ᠶᠠᠳᠠᠭᠤ ᠠᠴᠠ ᠠᠩᠬᠢᠵᠢᠷᠠᠭᠤᠯᠬᠤ︾ ᠳᠤ ᠲᠦᠯᠬᠢᠴᠡ ᠦᠢᠯᠡᠳᠤᠯ ᠦᠵᠡᠬᠦᠯᠵᠤ ᠪᠠᠶᠢᠨ᠎ᠠ᠃ ᠬᠠᠰᠯᠤᠤ ᠶᠢᠨ ᠲᠠᠷᠢᠵᠤ ᠲᠡᠵᠢᠬᠡᠬᠦ ᠪᠠ ᠵᠤᠭᠠᠴᠠᠯ ᠤᠨ ᠬᠤᠷᠰᠢᠶᠠᠵᠢᠯ ᠨᠢ ᠤᠢᠢᠷ᠎ᠡ ᠤᠷᠴᠢᠮ ᠤᠨ ᠮᠡᠯᠴᠢᠳ ᠡᠬᠦᠳᠡᠨ ᠳᠡᠭᠡᠨ ᠵᠤᠭᠤᠰ ᠮᠦᠡᠭᠬᠦ ᠤᠯᠬᠤ ᠪᠠ ᠬᠤᠨᠢ ᠦᠬᠡᠷ ᠲᠡᠬᠢᠶ᠎ᠡ᠂ ᠨᠤᠭᠤᠭ᠎ᠠ ᠨᠠᠪᠴᠢ ᠪᠠᠨ ᠪᠤᠷᠤᠯᠠᠭᠤᠯᠵᠤ ᠴᠢᠳᠠᠬᠤ ᠪᠤᠯᠤᠬᠰᠠᠨ ᠪᠠᠶᠢᠨ᠎ᠠ᠃ ᠪᠠᠶᠠᠨᠪᠠᠳᠤ ᠨᠢ ᠪᠤᠬᠢᠷᠳᠤᠯ ᠦᠬᠡᠢ ᠴᠠᠭᠠᠨ ᠨᠤᠭᠤᠭ᠎ᠠ ᠢᠰᠬᠡᠬᠦ ᠦᠢᠯᠡᠳᠪᠤᠷᠢ ᠪᠠᠶᠢᠭᠤᠯᠤᠨ ᠤᠢᠢᠷ᠎ᠠ ᠤᠷᠴᠢᠮ ᠤᠨ ᠢᠶᠠᠨ ᠶᠠᠳᠠᠭᠤ ᠵᠦᠳᠡᠬᠦᠦ᠂ ᠵᠡᠮᠳᠡᠭ ᠬᠦᠮᠦᠰ ᠲᠤ ᠠᠵᠢᠯ ᠤᠯᠭᠤᠨ ᠠᠵᠤ ᠠᠬᠤᠢ ᠨᠡᠶᠢᠬᠡᠮ ᠤᠨ ᠬᠤᠤᠰ ᠦᠷ᠎ᠡ ᠠᠰᠢᠬ ᠢ ᠤᠯᠵᠤ᠂ ᠡᠳᠤᠬᠡ ᠲᠡᠬᠦᠨ ᠤ ᠦᠢᠯᠡᠳᠪᠤᠷᠢᠯᠡᠯ ᠤᠨ ᠱᠤᠭᠤᠮ ᠨᠢ ᠤᠯᠠᠮ ᠦᠷᠬᠡᠨ ᠪᠤᠯᠵᠤ᠂ ᠢᠰᠬᠡᠭᠰᠡᠨ ᠴᠠᠭᠠᠨ ᠨᠤᠭᠤᠭ᠎ᠠ ᠨᠢ ᠬᠦᠬᠡᠬᠤᠳᠠ᠂ ᠪᠤᠭᠤᠳᠤ᠂ ᠳ᠋ᠦᠡᠭᠱᠸᠡᠭ᠂ ᠦᠤᠰᠢᠨ ᠤ ᠵᠠᠬ᠎ᠠ ᠲᠡᠯᠬᠡᠬᠦᠷ ᠲᠡᠬᠡᠷ᠎ᠡ ᠦᠨᠳᠤᠷ ᠦᠨᠡᠯᠡᠯ ᠲᠠᠢ ᠦᠷᠬᠡᠨ ᠪᠤᠷᠤᠯᠠᠭᠤᠯᠤᠬᠳᠠᠨ᠂ ᠵᠠᠬ᠎ᠠ ᠲᠡᠯᠬᠡᠬᠦᠷ ᠢ ᠡᠵᠡᠯᠡᠬᠦ ᠪᠠᠷ ᠠᠵᠢᠯᠯᠠᠵᠤ ᠪᠠᠶᠢᠨ᠎ᠠ᠃ ᠲᠤᠰ ᠭᠠᠴᠠᠭᠠᠨ ᠳᠤ ᠪᠠᠰᠠ ᠴᠢᠴᠠᠷᠭᠠᠨ᠎ᠠ ᠶᠢᠨ ᠬᠠᠨᠳᠠ ᠬᠢᠬᠦ᠂ ᠴᠠᠭᠠᠨ ᠢᠳᠡᠭᠡ ᠶᠢ ᠨᠠᠷᠢᠯᠢᠬ ᠪᠤᠯᠪᠠᠰᠤᠷᠠᠭᠤᠯᠬᠤ᠂ ᠦᠨᠳᠤᠰᠤᠳᠡᠨ ᠤ ᠡᠳ᠋ᠯᠡᠯ ᠬᠡᠷᠡᠭᠰᠡᠯ ᠬᠢᠬᠦ᠂ ᠦᠨᠳᠤᠰᠤᠨ ᠰᠡᠶᠢᠯᠤᠮᠡᠯ ᠬᠢᠬᠦ ᠤᠷᠠᠴᠤᠳ ᠵᠡᠷᠬᠡ ᠲᠤᠰᠬᠠᠢ ᠡᠷᠤᠬᠡ 17 — 18 ᠪᠤᠯᠵᠤ᠂ ᠲᠡᠳᠡᠬᠡᠷ ᠨᠢ ᠮᠦᠨ ᠰᠤᠶᠤᠯ ᠠᠵᠤ ᠠᠬᠤᠢ ᠶᠢᠨ ᠬᠦᠭᠵᠢᠯᠳᠡ ᠶᠢ ᠠᠬᠢᠭᠤᠯᠵᠤ ᠪᠤᠢ᠃          ᠲᠤᠰ ᠭᠠᠴᠠᠭᠠᠨ ᠠᠴᠠ ᠪᠤᠴᠠᠬᠤ ᠦᠶ᠎ᠠ ᠳᠤ ᠮᠠᠯᠴᠢᠳ ᠬᠡᠰᠡᠭ ᠪᠦᠯᠦᠭ ᠢᠶᠠᠷ ᠵᠠᠮ ᠲᠡᠬᠡᠷ᠎ᠡ ᠭᠠᠷᠴᠤ᠂ ᠵᠠᠮ ᠤᠨ ᠬᠠᠵᠠᠭᠤ ᠶᠢᠨ ᠬᠤᠬ ᠯᠠᠬ ᠢ ᠴᠡᠪᠡᠷᠯᠡᠵᠤ ᠪᠠᠶᠢᠬᠤ ᠶᠢ ᠦᠵᠡᠬᠡᠳ ᠮᠠᠯᠴᠢᠨ ᠲᠦᠮᠡᠨ ᠤ ᠤᠬᠠᠮᠰᠠᠷ ᠦᠨᠳᠤᠷ ᠬᠡᠳᠡᠭ ᠢ ᠤᠯᠵᠤ ᠮᠡᠳᠡᠯ᠎ᠡ᠃ ᠬᠤᠸᠠᠳᠤᠯᠤᠭᠠᠢ ᠶᠢᠨ ᠮᠠᠷᠭᠠᠰᠢ ᠨᠠᠩ ᠬᠦᠴᠤᠷᠬᠡᠭ ᠭᠤᠶᠤᠬᠠᠨ ᠪᠠᠶᠢᠬᠤ ᠳᠤ ᠢᠳᠡᠬᠡᠯᠳᠡᠢ ᠪᠠᠶᠢᠨ᠎ᠠ︕
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号