ᠤᠶᠢᠷ᠎ᠠ ᠳᠤ ᠬᠤᠰᠢᠭᠤ ᠮᠤᠩᠭᠤᠯ ᠦᠨᠳᠦᠰᠦᠲᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠭᠡᠷ ᠤᠨ | ᠠᠬᠠᠮᠠᠳ ᠤᠨ ᠰᠢᠨᠵᠢᠯᠡᠭᠡ ᠮᠡᠷᠭᠡᠵᠢᠯ ᠤᠨ ᠰᠢᠨ᠎ᠡ ᠶᠢ ᠡᠭᠦᠳᠬᠦ ᠤᠷᠤᠯᠳᠤᠭᠠᠨ ᠶᠠᠪᠤᠭᠳᠠᠭᠤᠯᠵᠦ ᠤᠯᠠᠨ ᠰᠠᠶᠢᠬᠠᠨ | ᠰᠢᠨ᠎ᠡ ᠰᠡᠪᠡᠭᠦᠨ ᠪᠦᠲᠦᠭᠡᠯ ᠢᠶᠠᠷ ᠢᠶᠠᠨ ᠬᠦᠮᠦᠰ ᠤᠨ ᠨᠢᠳᠤᠨ ᠬᠠᠷᠠᠭ᠎ᠠ ᠶᠢ ᠲᠡᠯᠡᠭᠰᠡᠨ ᠪᠠᠶᠢᠨ᠎ᠠ᠃ | ᠭᠡᠷ ᠤᠨ ᠠᠬᠠᠮᠠᠳ ᠤᠨ ᠰᠢᠨ᠎ᠡ ᠰᠡᠪᠡᠭᠦᠨ ᠡᠭᠦᠳᠦᠨ ᠪᠦᠲᠦᠭᠡᠯᠳᠡ ᠶᠢᠨ ᠲᠤᠮᠳᠠ ᠲᠠᠯ᠎ᠠ ᠶᠢᠨ ᠤᠰᠤ | ᠭᠠᠴᠠᠭᠠᠨ ᠤ ᠮᠠᠯᠴᠢᠨ ᠡᠷᠳᠡᠨᠢᠬᠡᠷᠡᠯ ᠤᠨ ᠤᠯᠠᠨ ᠬᠡᠷᠡᠭᠴᠡᠭᠡᠲᠦ ᠰᠢᠨᠠᠭ᠎ᠠ ᠤᠯᠠᠨ ᠤ ᠠᠩᠬᠠᠷᠤᠯ ᠢ ᠲᠡᠳᠠᠵᠤ ᠪᠠᠶᠢᠯ᠎ᠠ᠃ | ᠡᠨᠡᠬᠦ ᠰᠢᠨᠠᠭ᠎ᠠ ᠶᠢᠨ ᠡᠩ ᠤᠨ ᠰᠢᠨᠠᠭ᠎ᠠ ᠠᠴᠠ ᠢᠯᠭᠠᠭᠳᠠᠬᠤ ᠲᠠᠯ᠎ᠠ ᠪᠤᠯ ᠰᠢᠨᠠᠭ᠎ᠠ᠂ ᠱᠦᠬᠦᠬᠦᠯ ᠢ ᠬᠠᠮᠲᠤ ᠳᠤ ᠨᠢ | ᠬᠡᠷᠡᠭᠯᠡᠵᠦ ᠪᠦᠷᠢᠮᠦᠰᠦᠨ ᠠᠮᠢᠳᠤᠷᠠᠯ ᠠᠴᠠ ᠢᠷᠡᠭᠰᠡᠨ ᠪᠦᠭᠡᠳ ᠪᠤᠳᠠᠲᠤ ᠠᠮᠢᠳᠤᠷᠠᠯ ᠳᠤ ᠲᠤᠬᠢᠷᠠᠭᠰᠠᠨ ᠪᠠᠶᠢᠵᠠᠢ᠃ | ᠬᠡᠷ ᠤᠨ ᠠᠬᠠᠮᠠᠳ ᠪᠠᠷᠰ ᠴᠦ ᠡᠬᠦᠳᠦᠨ ᠪᠦᠲᠦᠬᠡᠯᠳᠡ ᠶᠢᠨ ᠠᠵᠢᠯ ᠳᠤ ᠮᠠᠰᠢ ᠪᠠᠭ᠋ᠠᠲᠠᠢ ᠪᠠᠶᠢᠵᠤ᠂ ᠲᠤᠰ ᠤᠳᠠᠭ᠎ᠠ | ᠡᠮ ᠨᠠᠶᠢᠷᠠᠭᠤᠯᠬᠤ ᠮᠠᠰᠢᠨ ᠢᠶᠠᠷ ᠢᠶᠠᠨ ᠤᠷᠤᠯᠳᠤᠭᠠᠨ ᠳᠤ ᠤᠷᠤᠯᠴᠠᠵᠦ ᠬᠢᠨᠠᠭᠴᠢ ᠨᠠᠷ ᠤᠨ ᠰᠠᠶᠢᠨ ᠦᠨᠡᠯᠡᠯᠳᠡ ᠶᠢ | ᠤᠯᠵᠠᠢ᠃ | ᠬᠤᠰᠢᠭᠤ ᠮᠤᠩᠭᠤᠯ ᠦᠨᠳᠦᠰᠦᠲᠡᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠨᠢ ᠰᠢᠨᠵᠢᠯᠡᠬᠦ ᠤᠬᠠᠭᠠᠨ ᠤ | ᠪᠢᠴᠢᠬᠠᠨ ᠡᠬᠦᠳᠦᠯᠳᠡ ᠶᠢᠨ ᠤᠷᠤᠯᠳᠤᠭᠠᠨ ᠢ ᠮᠠᠰᠢ ᠴᠢᠬᠤᠯᠠᠴᠢᠯᠠᠨ ᠦᠵᠡᠵᠦ ᠵᠢᠯ ᠪᠤᠯᠭᠠᠨ ᠪᠠᠭᠰᠢ ᠠᠵᠢᠯᠳᠠᠨ᠂ | ᠭᠡᠷ ᠤᠨ ᠠᠬᠠᠮᠠᠳ᠂ ᠬᠡᠤᠭᠡᠳ ᠪᠠᠭᠠᠴᠤᠳ ᠤᠨ ᠬᠢ ᠬᠡᠵᠦ ᠭᠤᠷᠪᠠᠨ ᠤᠳᠠᠭᠠᠨ ᠤ ᠰᠢᠨᠵᠢᠯᠡᠭᠡ ᠮᠡᠷᠭᠡᠵᠢᠯ ᠤᠨ ᠰᠢᠨ᠎ᠡ | ᠶᠢ ᠡᠬᠦᠳᠬᠦ ᠤᠷᠤᠯᠳᠤᠭᠠᠨ ᠢ ᠦᠷᠨᠢᠬᠦᠯᠵᠦ᠂ ᠤᠷᠢᠳ ᠬᠤᠵᠢᠳ ᠪᠦᠬᠦ ᠤᠯᠤᠰ ᠤᠨ 32᠂ 33 ᠳ᠋ᠤᠭᠠᠷ ᠤᠳᠠᠭᠠᠨ | ᠤ ᠰᠢᠨᠵᠢᠯᠡᠭᠡ ᠮᠡᠷᠭᠡᠵᠢᠯ ᠤᠨ ᠤᠷᠤᠯᠳᠤᠭᠠᠨ ᠳᠤ ᠨᠢᠬᠡᠳᠦᠬᠡᠷ ᠳᠡᠰ ᠤᠨ ᠱᠠᠩᠨᠠᠯ ᠭᠦᠷᠲᠡᠭᠰᠡᠨ ᠪᠢᠯᠡ᠃ | ᠲᠤᠰ ᠤᠳᠠᠭ᠎ᠠ ᠲᠠᠪᠤᠳᠠᠬᠢ ᠤᠳᠠᠭᠠᠨ ᠤ ᠰᠢᠨᠵᠢᠯᠡᠭᠡ ᠮᠡᠷᠬᠡᠵᠢᠯ ᠤᠨ ᠰᠢᠨ᠎ᠡ ᠶᠢ ᠡᠬᠦᠳᠬᠦ ᠤᠷᠤᠯᠳᠤᠭᠠᠨ ᠢ | ᠵᠤᠬᠢᠶᠠᠨ ᠪᠠᠶᠢᠭᠤᠯᠵᠤ᠂ ᠠᠩᠬᠢ ᠪᠦᠷᠢ ᠠᠴᠠ ᠬᠤᠶᠠᠷ ᠭᠡᠷ ᠤᠨ ᠠᠬᠠᠮᠠᠳ ᠤᠷᠤᠯᠴᠠᠵᠤ᠂ ᠤᠯᠠᠨ ᠬᠡᠷᠡᠭᠴᠡᠭᠡᠲᠤ | ᠰᠢᠨᠠᠭ᠎ᠠ᠂ ᠬᠠᠨᠵᠤ ᠴᠡᠪᠡᠷᠯᠡᠬᠦ ᠮᠠᠰᠢᠨ᠂ ᠨᠢᠰᠬᠡᠯ ᠤᠨ ᠨᠢᠰᠴᠤ ᠪᠠᠭᠤᠬᠤ ᠮᠡᠳᠡᠬᠦᠯᠦᠯᠳᠡ ᠶᠢᠨ ᠵᠠᠭᠪᠤᠷ᠂ ᠨᠠᠷᠠᠨ | ᠡᠨᠧᠷᠬᠢᠲᠤ ᠷᠠᠳᠢᠤ᠋ ᠮᠠᠰᠢᠨ ᠵᠡᠷᠭᠡ 79 ᠰᠢᠠᠵᠢᠯᠡᠭᠡ ᠮᠡᠷᠭᠡᠵᠢᠯ ᠤᠨ ᠪᠦᠲᠦᠬᠡᠯ ᠢ ᠳᠡᠯᠭᠡᠨ ᠦᠵᠡᠭᠦᠯᠵᠤ᠂ ᠬᠢᠨᠠᠭᠴᠢ | ᠨᠠᠷ ᠠᠴᠠ ᠰᠢᠨᠵᠢᠯᠡᠬᠦ ᠤᠬᠠᠭᠠᠠᠴᠢ ᠴᠢᠨᠠᠷ᠂ ᠤᠳᠤᠬᠢᠴᠢᠯᠠᠭᠰᠠᠨ ᠴᠢᠨᠠᠷ᠂ ᠬᠡᠷᠡᠭᠴᠡᠭᠡᠲᠤ ᠴᠢᠨᠠᠷ ᠪᠠ ᠲᠤᠬᠠᠢ ᠶᠢᠨ | ᠲᠠᠯᠠᠪᠠᠢ ᠳᠤ ᠬᠠᠷᠢᠭᠤᠯᠤᠭᠰᠠᠨ ᠪᠠᠶᠢᠳᠠᠯ ᠵᠡᠷᠭᠡ ᠶᠢ ᠦᠨᠳᠦᠰᠦᠯᠡᠨ ᠬᠤᠪᠢ ᠬᠢᠨᠠᠭᠰᠠᠨ ᠪᠠᠶᠢᠨ᠎ᠠ᠃ | |