ᠣᠶᠢᠷ᠎ᠠ ᠳᠤ᠂ ᠤᠯᠠᠭᠠᠨᠳᠤᠯᠤᠭᠠᠢ ᠪᠠᠯᠭᠠᠰᠤᠨ ᠤ ᠮᠠᠯᠴᠢᠨ ᠬᠤᠤᠰᠪᠠᠶᠠᠷ ᠬᠤᠨᠢᠨ ᠳᠤ ᠪᠠᠨ ᠶᠠᠪᠤᠵᠤ | ᠪᠠᠶᠢᠭᠠᠳ ᠨᠢᠭᠡᠨ ᠰᠢᠷᠬᠠᠳᠤᠭᠰᠠᠨ ᠰᠢᠪᠠᠭᠤ ᠶᠢ ᠤᠯᠵᠤ ᠦᠵᠡᠭᠡᠳ ᠴᠠᠭ ᠲᠠᠷᠤᠢ ᠳᠤ ᠨᠢ ᠬᠤᠰᠢᠭᠤ ᠣᠢ ᠰᠢᠭᠤᠢ | ᠶᠢᠨ ᠳᠣᠳᠣᠭᠠᠳᠣ ᠶᠢ ᠬᠠᠮᠠᠭᠠᠯᠠᠬᠤ ᠲᠣᠪᠴᠢᠶᠠᠨ ᠤ ᠮᠤᠤᠠᠤᠰᠤ ᠶᠢᠨ ᠪᠠᠶᠢᠭᠠᠯᠢᠯᠢᠭ ᠠᠷᠴᠠ ᠶᠢᠨ ᠬᠠᠮᠠᠭᠠᠯᠠᠯᠲᠠ ᠶᠢᠨ | ᠣᠷᠣᠨ ᠤ ᠲᠤᠮᠢᠯᠠᠭᠰᠠᠨ ᠰᠠᠯᠪᠤᠷᠢ ᠳᠤ ᠮᠡᠳᠡᠭᠦᠯᠥᠭᠰᠡᠨ ᠪᠠᠶᠢᠨ᠎ᠠ᠃ | ᠮᠠᠨ ᠤ ᠬᠤᠰᠢᠭᠤᠨ ᠤ ᠣᠢ ᠰᠢᠭᠤᠢ ᠶᠢᠨ ᠲᠣᠪᠴᠢᠶᠠᠨ ᠤ ᠮᠤᠤᠠᠤᠰᠤ ᠶᠢᠨ ᠪᠠᠶᠢᠭᠠᠯᠢᠯᠢᠭ ᠠᠷᠴᠠ ᠶᠢᠨ | ᠬᠠᠮᠠᠭᠠᠯᠠᠯᠲᠠ ᠶᠢᠨ ᠣᠷᠣᠨ ᠤ ᠲᠤᠮᠢᠯᠠᠭᠰᠠᠨ ᠰᠠᠯᠪᠤᠷᠢ ᠶᠢᠨ ᠬᠢᠨ ᠭᠡᠷᠡᠭ ᠤᠨ ᠮᠡᠳᠡᠭᠦᠯᠣᠯᠳᠡ ᠶᠢ ᠳᠣᠰᠣᠭᠰᠠᠨ ᠤ | ᠳᠠᠷᠠᠭ᠎ᠠ᠂ ᠲᠤᠬᠠᠢ ᠶᠢᠨ ᠲᠠᠯᠠᠪᠤᠷ ᠲᠤ ᠬᠦᠷᠴᠣ ᠰᠢᠪᠠᠭᠤᠨ ᠤ ᠬᠦᠯ᠂ ᠲᠠᠯᠠᠪᠴᠢ ᠨᠢ ᠬᠦᠨᠳᠦ ᠰᠢᠷᠬᠠᠳᠤᠭᠰᠠᠨ ᠢ | ᠣᠶᠢᠯᠠᠭᠠᠵᠣ ᠬᠤᠰᠢᠭᠤ ᠣᠢ ᠰᠢᠭᠤᠢ ᠶᠢᠨ ᠲᠣᠪᠴᠢᠶᠠᠨ ᠤ ᠠᠮᠢᠳᠡᠨ ᠤ ᠬᠠᠮᠢᠶᠠᠷᠣᠯᠲᠠ ᠶᠢᠨ ᠦᠷᠳᠡᠭᠡ ᠲᠠᠢ | ᠬᠠᠮᠳᠣᠷᠠᠨ ᠤᠷᠳᠤᠰ ᠬᠤᠳᠠ ᠶᠢᠨ ᠭᠡᠭᠡᠷ᠎ᠡ ᠶᠢᠨ ᠠᠮᠢᠳᠠᠨ ᠢ ᠠᠪᠣᠷᠠᠨ ᠲᠣᠰᠠᠯᠠᠬᠤ ᠦᠷᠳᠡᠭᠡ ᠳᠤ ᠬᠦᠷᠭᠡᠵᠦ | ᠦᠷᠬᠦᠯᠵᠢᠯᠡᠨ ᠡᠮᠨᠡᠬᠦᠯᠬᠦ ᠪᠠᠷ ᠪᠤᠯᠤᠭᠰᠠᠨ ᠪᠠᠶᠢᠨ᠎ᠠ᠃ | ᠤᠶᠢᠯᠠᠭᠠᠭᠰᠠᠨ ᠢᠶᠠᠷ᠂ ᠲᠣᠭᠤᠳᠠᠭ ᠪᠣᠯ ᠮᠠᠨ ᠤ ᠤᠯᠣᠰ ᠤᠨ ᠨᠢᠭᠡᠳᠤᠭᠡᠷ ᠲᠠᠰ ᠤᠨ ᠬᠠᠮᠠᠭᠠᠯᠠᠯᠳᠠ ᠶᠢᠨ | ᠰᠢᠪᠠᠭᠤ ᠪᠠᠶᠢᠵᠤ᠂ ᠪᠡᠶ᠎ᠡ ᠶᠢᠨ ᠦᠨᠳᠦᠷ ᠨᠢ ᠭᠤᠷᠪᠠ ᠲᠦᠷᠪᠡᠨ ᠲᠣᠬᠤᠢ᠂ ᠨᠢᠷᠣᠭᠤ ᠪᠠᠷ ᠨᠢ ᠰᠢᠷ᠎ᠠ ᠬᠠᠷ᠎ᠠ ᠪᠢᠳᠡᠷ | ᠲᠠᠢ᠂ ᠴᠡᠭᠡᠵᠢᠨ ᠪᠡᠶ᠎ᠡ ᠨᠢ ᠴᠠᠶᠢᠪᠤᠷ ᠦᠩᠭᠡᠲᠡᠢ᠂ ᠨᠢᠰᠬᠦ ᠳᠡᠭᠡᠨ ᠪᠢᠳᠠᠭᠤ᠂ ᠶᠠᠪᠣᠬᠤ ᠳᠠᠭᠠᠨ ᠰᠠᠶᠢᠨ᠂ ᠣᠷᠭᠤᠮᠠᠯ | ᠤᠨ ᠦᠷ᠎ᠡ ᠪᠤᠶᠤ ᠬᠤᠷᠣᠬᠠᠢ ᠰᠢᠪᠠᠵᠢ ᠢᠳᠡᠳᠡᠭ ᠬᠦᠳᠡᠭᠡ ᠲᠠᠯ᠎ᠠ ᠳᠡᠭᠡᠷ᠎ᠡ ᠠᠮᠢᠳᠣᠷᠠᠳᠠᠭ ᠰᠢᠪᠠᠭᠤ ᠪᠤᠯᠤᠨ᠎ᠠ᠃ |