︽ᠪᠤᠶᠠᠨ ᠦᠢᠯᠡᠰ︾ ᠸᠢᠴᠠᠲ ᠤᠨ ᠬᠤᠯᠪᠤᠭ᠎ᠠ ᠨᠢ ᠪᠤᠶᠠᠨᠰᠠᠭ ᠠᠵᠢᠯᠯᠠᠭ᠎ᠠ ᠪᠠᠷ ᠢᠶᠠᠨ ᠣᠯᠠᠨ ᠲᠦᠮᠡᠨ  ᠢ ᠳᠣᠯᠠᠭᠠᠴᠠᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2018-12-05
     ᠣᠶᠢᠷ᠎ᠠ ᠶᠢᠨ ᠡᠳᠣᠷ ︽ᠪᠤᠶᠠᠨ ᠦᠢᠯᠡᠰ︾ ᠸᠢᠴᠠᠲ ᠤᠨ ᠬᠤᠯᠪᠤᠭ᠎ᠠ ᠨᠢ ᠨᠢᠳᠦᠨ ᠬᠠᠷᠠᠭ᠎ᠠ ᠨᠢ ᠮᠠᠭᠤᠳᠠᠵᠦ ᠬᠦᠯ ᠨᠢᠷᠤᠭᠤᠨ ᠤ ᠦᠶ᠎ᠠ ᠬᠡᠰᠢᠬᠦᠨ ᠤ ᠦᠷᠪᠢᠰᠦᠯ ᠳᠤ ᠨᠡᠷᠪᠡᠭᠳᠡᠭᠡᠳ ᠶᠠᠪᠤᠵᠤ ᠰᠠᠭᠤᠬᠤ ᠳᠤ ᠲᠦᠭᠦᠮ ᠦᠭᠡᠢ ᠪᠣᠯᠣᠭᠰᠠᠨ ᠶᠠᠳᠠᠭᠤ ᠬᠦᠴᠢᠷᠳᠡᠯᠳᠡᠢ ᠡᠷᠣᠬᠡ ᠪᠤᠯᠬᠤ ᠮᠠᠯᠴᠢᠨ ᠬᠦᠭᠵᠢᠯᠲᠤ ᠵᠡᠷᠭᠡ ᠰᠦᠯᠳᠡ ᠰᠣᠮᠣᠨ ᠤ ᠲᠠᠯ᠎ᠠ ᠶᠢᠨ ᠣᠰᠣ ᠭᠠᠴᠠᠭᠠᠨ ᠤ ᠶᠠᠳᠠᠭᠤ ᠬᠦᠴᠢᠷᠳᠡᠯᠳᠡᠢ ᠭᠤᠷᠪᠠᠨ ᠡᠷᠣᠬᠡ ᠳᠤ ᠳᠦᠮᠡ ᠭᠠᠷᠣᠢ ᠳᠦᠬᠦᠷᠢᠭ ᠤᠨ ᠦᠷᠳᠡᠭ ᠲᠠᠢ ᠡᠳ᠋ ᠪᠣᠳᠡᠰ᠂ ᠵᠣᠭᠤᠰ ᠮᠦᠡᠭᠬᠦ ᠪᠠᠷ ᠳᠣᠰᠠᠯᠠᠭᠰᠠᠨ ᠤ ᠬᠠᠮᠳᠣ ᠪᠠᠰᠠ ᠬᠦᠨᠳᠣ ᠳᠠᠮᠪᠠᠷᠠᠭᠰᠠᠨ ᠮᠠᠯᠴᠢᠨ ᠵᠢᠷᠣᠮᠳᠣ ᠳᠤ ᠰᠠᠷ᠎ᠠ ᠪᠣᠯᠭᠠᠨ ᠭᠤᠷᠪᠠᠨ ᠵᠠᠭᠤᠨ ᠳᠦᠬᠦᠷᠢᠭ ᠳᠣᠰᠠᠯᠠᠬᠤ ᠪᠠᠷ ᠪᠤᠯᠵᠦ ᠳᠡᠳᠡᠨ ᠳᠤ ᠬᠠᠶᠢᠷ᠎ᠠ ᠬᠠᠯᠠᠮᠵᠢ ᠬᠦᠷᠳᠡᠭᠡᠭᠰᠡᠨ ᠪᠠᠶᠢᠨ᠎ᠠ᠃      ᠤᠶᠢᠯᠠᠭᠠᠭᠰᠠᠨ ᠢᠶᠠᠷ ︽ᠪᠤᠶᠠᠨ ᠦᠢᠯᠡᠰ︾ ᠸᠢᠴᠠᠲ ᠤᠨ ᠬᠤᠯᠪᠤᠭ᠎ᠠ ᠨᠢ 2017 ᠤᠨ ᠳᠤ ᠪᠠᠶᠢᠭᠤᠯᠤᠭᠳᠠᠵᠤ300 ᠭᠠᠷᠣᠢ ᠪᠤᠶᠠᠨᠰᠠᠭ ᠰᠡᠳᠬᠢᠯ ᠲᠠᠢ ᠰᠠᠶᠢᠨ ᠳᠣᠷᠠᠴᠣᠣᠯ ᠢᠶᠠᠷ ᠪᠦᠷᠢᠯᠳᠣᠵᠤ ᠶᠠᠳᠠᠭᠤ ᠬᠦᠴᠢᠷᠳᠡᠯᠳᠡᠢ᠂ ᠵᠡᠮᠳᠡᠭ ᠪᠠᠭᠤᠷᠠᠶᠢᠴᠣᠣᠯ ᠢ ᠳᠣᠰᠠᠯᠠᠨ ᠳᠠᠮᠵᠢᠬᠦ ᠠᠴᠠ ᠭᠠᠳᠠᠨ᠎ᠠ ᠪᠠᠰᠠ ᠤᠯᠠᠨ ᠭᠠᠵᠠᠷ ᠤᠨ ᠭᠦᠴᠢᠷᠳᠡᠯᠲᠡᠢ ᠰᠤᠷᠤᠭᠴᠢᠳ ᠲᠤ ᠬᠤᠪᠴᠠᠰᠤ ᠬᠤᠨᠠᠷ᠂ ᠪᠢᠴᠢᠭ ᠤᠨ ᠬᠡᠷᠡᠭᠰᠡᠯ ᠵᠡᠷᠭᠡ ᠶᠢ ᠬᠠᠨᠳᠢᠪᠯᠡᠬᠤ ᠪᠤᠶᠠᠨ ᠤ ᠠᠵᠢᠯᠯᠠᠭ᠎ᠠ ᠦᠷᠨᠢᠭᠦᠯᠵᠦ ᠬᠤᠯᠪᠤᠭ᠎ᠠ ᠪᠠᠶᠢᠭᠤᠯᠣᠭᠳᠠᠭᠰᠠᠨ ᠬᠤᠶᠠᠷ ᠵᠢᠯ ᠤᠨ ᠬᠤᠭᠤᠴᠠᠭᠠᠨ ᠳᠤ ᠶᠠᠳᠠᠭᠤ ᠬᠦᠴᠢᠷᠳᠡᠯᠳᠡᠢ᠂ ᠵᠡᠮᠳᠡᠭ ᠪᠠᠭᠤᠷᠠᠶᠢᠴᠣᠣᠯ ᠳᠤ 17 ᠳᠦᠮᠡᠨ ᠳᠦᠬᠦᠷᠢᠭ ᠤᠨ ᠡᠳ᠋ ᠪᠣᠳᠡᠰ᠂ ᠵᠣᠭᠤᠰ ᠮᠦᠡᠭᠬᠦ ᠳᠣᠰᠠᠯᠠᠪᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号