ᠰᠠᠶᠢᠬᠠᠨ ᠳᠡᠮᠵᠢᠯᠭᠡ ᠰᠠᠶᠢᠨ ᠠᠮᠢᠳᠤᠷᠠᠯ
ᠨᠡᠶᠢᠲᠡᠯᠡᠭᠰᠡᠨ ᠴᠠᠭ᠄
2018-12-07
     ᠬᠠᠰᠳᠠᠯᠠᠢ ᠪᠤᠯ ᠤᠯᠠᠭᠠᠨᠳᠤᠯᠤᠭᠠᠢ ᠪᠠᠯᠭᠠᠰᠤᠨ ᠤ ᠪᠠᠶᠠᠨᠭᠤᠤᠯ ᠭᠠᠴᠠᠭᠠᠨ ᠤ ᠬᠦᠮᠤᠨ᠃ ᠲᠡᠷᠨ ᠪᠤᠯ ᠤᠷᠳᠤᠰ ᠤᠨ ᠡᠳᠤᠷ ᠤᠨ ᠰᠤᠨᠢᠨ ᠤ ᠬᠤᠷᠢᠶ᠎ᠠ ᠶᠢᠨ ᠲᠠᠭᠠᠭᠠᠴᠢᠯᠡᠨ ᠲᠡᠳᠭᠦᠵᠤ ᠪᠠᠶᠢᠭ᠎ᠠ ᠪᠠᠶᠠᠨᠭᠤᠤᠯ ᠭᠠᠴᠠᠭᠠᠨ ᠤ ᠮᠠᠯᠴᠢᠳ ᠤᠨ ᠲᠤᠳᠤᠷ᠎ᠠ ᠬᠠᠮᠤᠭ ᠤᠨ ᠤᠷᠢᠳᠠᠪᠡᠷ ᠶᠠᠳᠠᠭᠤ ᠠᠴᠠ ᠠᠩᠬᠢᠵᠢᠷᠠᠵᠤ ᠪᠠᠶᠠᠵᠢᠯ ᠤᠨ ᠮᠦᠷ ᠢᠶᠠᠷ ᠵᠠᠮᠨᠠᠬᠰᠡᠨ ᠡᠷᠤᠭᠡ ᠪᠤᠯᠤᠨ᠎ᠠ᠃      ︽ᠦᠡᠭᠭᠡᠷᠡᠭᠰᠡᠨ ᠳᠤ ᠮᠠᠨ ᠤ ᠬᠢᠨ ᠶᠠᠭᠤ ᠴᠤ ᠦᠭᠡᠢ ᠶᠠᠳᠠᠭᠤ ᠬᠤᠭᠤᠰᠤᠨ ᠠᠶᠢᠯ ᠪᠠᠶᠢᠬᠰᠡᠨ ᠶᠤᠮ᠂ ᠨᠠᠮ ᠤᠨ ᠠᠴᠢ ᠬᠠᠶᠢᠷ᠎ᠠ ᠬᠠᠯᠠᠮᠵᠢ ᠶᠢᠨ ᠲᠤᠤᠷ᠎ᠠ ᠤᠳᠤ ᠬᠤᠨᠢ ᠮᠠᠯ ᠲᠠᠢ ᠪᠤᠯᠵᠤ᠂ ᠰᠢᠨ᠎ᠡ ᠤᠷᠤᠨ ᠰᠠᠭᠤᠴᠨ ᠳᠤ ᠨᠡᠭᠦᠨ ᠤᠷᠤᠵᠤ᠂ ᠠᠮᠢᠳᠤᠷᠠᠯ ᠮᠢᠨᠢ ᠰᠠᠶᠢᠵᠢᠷᠠᠯ᠎ᠠ ᠰᠢᠤ︾ ᠭᠡᠵᠤ ᠬᠠᠰᠳᠠᠯᠠᠢ ᠶᠢᠨ ᠪᠦᠰᠡᠭᠦᠢ ᠴᠡᠩᠭᠡᠯᠴᠡᠴᠡᠭ ᠪᠢᠳᠡᠨ ᠳᠤ ᠶᠠᠷᠢᠬᠤ ᠶᠢᠨ ᠲᠠᠭᠠᠤ ᠬᠤᠶᠠᠷ ᠨᠢᠳᠤᠨ ᠳᠡᠭᠡᠨ ᠪᠠᠶᠠᠷ ᠤᠨ ᠨᠢᠯᠪᠤᠰᠤ ᠪᠦᠮᠪᠤᠷᠢᠭᠦᠯᠵᠤ ᠪᠠᠶᠢᠯ᠎ᠠ᠃ ᠦᠢᠯᠠᠭᠠᠬᠰᠡᠨ ᠢᠶᠠᠷ᠂ ᠬᠠᠰᠳᠠᠯᠠᠢ ᠶᠢᠨ ᠬᠢᠨ ᠤ ᠵᠦᠪᠭᠡᠨ 150 ᠮᠦ ᠪᠡᠯᠴᠢᠭᠡᠷ ᠲᠠᠢ ᠪᠠᠶᠢᠵᠤ᠂ ᠪᠡᠯᠴᠢᠭᠡᠷ ᠪᠠᠭ᠎ᠠ᠂ ᠡᠪᠡᠳᠴᠢᠨ ᠬᠠᠭᠤᠴᠢᠨ ᠵᠡᠷᠭᠡ ᠰᠢᠯᠳᠠᠭᠠᠨ ᠠᠴᠠ ᠪᠤᠯᠵᠤ ᠠᠮᠢᠳᠤᠷᠠᠯ ᠨᠢ ᠶᠠᠳᠠᠭᠤ ᠵᠦᠳᠡᠭᠦᠤ ᠪᠠᠶᠢᠵᠠᠢ᠃ ᠦᠡᠭᠭᠡᠷᠡᠭᠰᠡᠨ ᠳᠤ ᠲᠦᠷᠪᠡᠨ ᠠᠮᠨ ᠬᠦᠮᠦᠨ ᠤ ᠵᠢᠯ ᠤᠨ ᠬᠦᠮᠤᠨ ᠲᠤᠮᠳᠠᠴᠢ ᠤᠷᠤᠯᠭ᠎ᠠ 1000 ᠭᠠᠷᠤᠢ ᠲᠦᠭᠦᠷᠢᠭ ᠯᠨ ᠪᠠᠶᠢᠪᠠ᠃ ︽ᠲᠡᠷᠨ ᠦᠶᠡᠰ ᠮᠠᠨ ᠤ ᠰᠠᠭᠤᠵᠤ ᠪᠠᠶᠢᠬᠰᠡᠨ ᠭᠡᠷ ᠪᠤᠯ ᠬᠠᠭᠤᠴᠢᠨ ᠰᠢᠪᠡᠷ ᠪᠠᠶᠢᠰᠢᠩ᠂ ᠤᠳᠤ ᠪᠠᠰᠨ ᠭᠡᠷ ᠤᠨ ᠪᠠᠷᠠᠭᠤᠨᠳᠠᠢ ᠪᠤᠢ᠃ ᠭᠠᠵᠠᠷ ᠤᠨ ᠪᠠᠶᠢᠴᠨ ᠨᠢ ᠨᠡᠯᠢᠶᠡᠳ ᠲᠤᠤᠷ᠎ᠠ ᠰᠢᠭ᠋ ᠪᠠᠶᠢᠵᠤ᠂ ᠪᠤᠷᠤᠭᠠᠨ ᠬᠤᠷ᠎ᠠ ᠤᠷᠤᠬᠰᠠᠭᠠᠷ ᠭᠡᠷ ᠲᠤ ᠤᠰᠤ ᠰᠢᠮᠡᠳᠴᠤ᠂ ᠪᠦᠳᠦᠨ ᠭᠡᠷ ᠴᠢᠬᠢᠭ ᠨᠦᠢᠳᠡᠨ ᠲᠠᠳᠠᠭᠠᠳ᠂ ᠴᠤᠩᠬᠤᠨ ᠲᠠᠶᠢᠰᠡᠨ ᠠᠴᠠ ᠲᠤᠷᠤᠬᠰᠢᠬᠢ ᠬᠡᠰᠡᠭ ᠪᠦᠷ ᠱᠠᠯ ᠨᠤᠷᠴᠢᠬᠠᠳᠠᠭ ᠶᠤᠮ︾ ᠭᠡᠵᠤ ᠴᠡᠩᠭᠡᠯᠴᠡᠴᠡᠭ ᠪᠢᠳᠡᠨ ᠳᠤ ᠶᠠᠷᠢᠵᠤ ᠪᠠᠶᠢᠯ᠎ᠠ᠃ ᠡᠨᠡ ᠬᠦ ᠪᠠᠶᠢᠳᠠᠯ ᠢ ᠬᠠᠷᠠᠬᠰᠡᠨ ᠲᠤᠰ ᠭᠠᠴᠠᠭᠠᠨ ᠤ ᠲᠠᠭᠠᠭᠠᠴᠢᠯᠡᠨ ᠲᠡᠳᠭᠦᠵᠤ ᠪᠠᠶᠢᠬᠤ ᠨᠢᠭᠡᠴᠢ ᠪᠤᠯᠬᠤ ᠤᠷᠳᠤᠰ ᠤᠨ ᠡᠳᠤᠷ ᠤᠨ ᠰᠤᠨᠢᠨ ᠤ ᠬᠤᠷᠢᠶ᠎ᠠ ᠶᠢᠨ ᠬᠢᠨ 2016 ᠤᠨ ᠳᠤ ᠡᠳᠡᠨ ᠤ ᠬᠢᠨ ᠢ ᠶᠠᠳᠠᠭᠤ ᠬᠦᠴᠢᠷᠳᠠᠯᠳᠠᠢ ᠡᠷᠤᠭᠡ ᠶᠢᠨ ᠲᠠᠩᠰᠡᠨ ᠳᠤ ᠲᠡᠮᠳᠡᠭᠯᠡᠭᠦᠯᠤᠨ᠂ ᠲᠡᠭᠡᠳᠦ ᠱᠠᠳᠤᠨ ᠠᠴᠠ ᠬᠠᠮᠢᠶ᠎ᠠ ᠪᠦᠭᠦᠢ ᠶᠠᠳᠠᠭᠤ ᠶᠢ ᠲᠡᠳᠬᠦᠬᠦ ᠨᠦᠬᠦᠪᠤᠷᠢ ᠵᠡᠷᠭᠡ ᠶᠢ ᠬᠠᠪᠰᠤᠷᠤᠨ ᠭᠤᠶᠤᠴᠢᠯᠠᠭᠤᠯᠤᠬᠰᠡᠨ ᠪᠠᠶᠢᠯ᠎ᠠ᠃ ᠡᠶᠢᠨ ᠬᠦ ᠴᠢᠷᠮᠠᠶᠢᠬᠰᠡᠨ ᠤ ᠦᠷ᠎ᠡ ᠳ᠋ᠦᠡᠭ ᠳᠤ᠂ ᠬᠠᠰᠳᠠᠯᠠᠢ ᠶᠢᠨ ᠬᠢᠨ ᠤᠨᠳᠤᠤ ᠭᠠᠵᠠᠷ ᠲᠤ ᠨᠡᠭᠦᠯᠭᠡᠨ ᠰᠢᠯᠵᠢᠭᠦᠯᠵᠤ ᠶᠠᠳᠠᠭᠤ ᠶᠢ ᠲᠡᠳᠬᠦᠬᠦ ᠤᠯᠤᠰ ᠤᠨ ᠲᠡᠰ ᠤᠨ ᠲᠦᠷᠦᠯ ᠵᠦᠢᠯ ᠤᠨ ᠲᠠᠮᠵᠢᠯᠭᠡ ᠶᠢ ᠬᠦᠷᠳᠡᠭᠰᠡᠨ ᠢᠶᠠᠷ᠂ ᠲᠡᠭᠡᠳᠦ ᠱᠠᠳᠤᠨ ᠠᠴᠠ ᠦᠨ᠎ᠡ ᠲᠦᠯᠦᠪᠤᠷᠢ ᠦᠭᠡᠢ ᠪᠠᠷ 80 ᠭᠠᠷᠤᠢ ᠲᠡᠭᠰᠢ ᠲᠦᠷᠪᠡᠯᠵᠢᠨ ᠮᠧᠲᠷ ᠤᠨ ᠰᠢᠨ᠎ᠡ ᠪᠠᠶᠢᠰᠢᠩ ᠪᠠᠷᠢᠵᠤ ᠦᠭᠭᠦᠭᠰᠡᠨ ᠪᠠᠶᠢᠨ᠎ᠠ᠃  ᠡᠭᠦᠨ ᠢᠶᠠᠷ ᠦᠯᠤ ᠪᠠᠷᠠᠮ ᠪᠠᠰᠨ 25 ᠢᠮᠠᠭ᠎ᠠ᠂ 20 ᠬᠤᠨᠢ ᠬᠦᠷᠭᠡᠨ ᠦᠭᠴᠤ᠂ ᠲᠠᠷᠠᠭ᠎ᠠ ᠵᠢᠯ ᠳᠤᠨᠢ ᠪᠠᠰᠨ 4 ᠬᠤᠷᠠᠭ᠎ᠠ ᠦᠭᠭᠦᠭᠰᠡᠨ ᠪᠠᠶᠢᠨ᠎ᠠ᠃ ︽ᠲᠠᠭᠠᠷᠠᠬᠰᠡᠨ ᠴᠠᠭ ᠲᠤ ᠲᠠᠬᠤ ᠬᠦᠷᠭᠡᠯ᠎ᠡ︾ ᠭᠡᠳᠡᠭ ᠢᠶᠠᠷ᠂ ᠨᠠᠮ ᠵᠠᠰᠠᠭ ᠠᠴᠠ ᠤᠯᠭᠤᠬᠰᠡᠨ ᠡᠳᠡᠭᠡᠷ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠨᠤᠭᠤᠳ ᠨᠢ ᠡᠳᠡᠨ ᠤ ᠬᠢᠨ ᠳᠤ ᠵᠤᠷᠢᠬᠵᠢᠭᠤᠯᠤᠯ ᠤᠯᠭᠤᠵᠤ᠂ ᠬᠠᠰᠳᠠᠯᠠᠢ ᠡᠷ᠎ᠡ ᠡᠮ᠎ᠡ ᠬᠤᠶᠠᠭᠤᠯᠨ ᠪᠠᠨ ᠡᠷᠳᠡᠯᠡᠵᠤ ᠤᠷᠦ᠋ᠢᠯᠠᠨ ᠬᠠᠶᠢᠷᠠᠳᠠᠢ ᠮᠠᠯ ᠤᠳ ᠢᠶᠠᠨ ᠲᠤᠳᠤᠮᠳᠠᠬᠰᠠᠭᠠᠷ ᠪᠠᠶᠢᠯ᠎ᠠ᠃ ᠬᠠᠰᠳᠠᠯᠠᠢ ᠴᠤ ᠨᠡᠩ ᠤᠯᠡᠨ ᠠᠷᠭ᠎ᠠ ᠵᠠᠮ ᠰᠦᠪᠡᠭᠴᠢᠯᠡᠵᠤ᠂ ᠠᠮᠢᠳᠤᠷᠠᠯ ᠠᠬᠤᠢ ᠪᠠᠨ ᠰᠠᠶᠢᠵᠢᠷᠠᠭᠤᠯᠬᠤ ᠵᠤᠷᠢᠯᠭ᠎ᠠ ᠪᠠᠷ ᠰᠤᠯᠨ ᠰᠡᠯᠡᠭᠦᠤ ᠴᠠᠭ ᠢᠶᠠᠷ ᠢᠶᠠᠨ ᠪᠤᠰᠤᠳ ᠤᠨ ᠬᠢ ᠶᠢ ᠬᠠᠪᠰᠤᠷᠤᠨ ᠬᠤᠳᠳᠤᠭ ᠦᠷᠦᠮᠳᠡᠬᠦ ᠵᠡᠷᠭᠡ ᠠᠵᠢᠯ ᠤᠳ ᠢ ᠬᠢᠵᠤ᠂ ᠨᠢᠭᠡ ᠡᠳᠤᠷ ᠲᠤ ᠠᠳᠠᠭ ᠲᠠᠭᠠᠨ 150 ᠲᠦᠭᠦᠷᠢᠭ ᠤᠯᠴᠢᠬᠠᠳᠠᠭ ᠶᠤᠮ ᠭᠡᠨ᠎ᠡ᠃      ︽ᠴᠢᠷᠮᠠᠶᠢᠯᠭ᠎ᠠ ᠬᠦᠮᠤᠨ ᠢ ᠭᠤᠮᠤᠳᠠᠭᠠᠳᠠᠭ ᠦᠭᠡᠢ︾ ᠭᠡᠳᠡᠭᠴᠢᠯᠡᠨ᠂ ᠨᠠᠮ ᠵᠠᠰᠠᠭ ᠤᠨ ᠬᠠᠶᠢᠷ᠎ᠠ ᠬᠠᠯᠠᠮᠵᠢ᠂ ᠲᠠᠶᠠᠭᠠᠷ ᠤᠯᠡᠨ ᠤ ᠬᠠᠪᠰᠤᠷᠤᠯᠭ᠎ᠠ ᠲᠡᠮᠵᠢᠯᠭᠡ ᠲᠤᠤᠷ᠎ᠠ᠂ 2016 ᠤᠨ ᠳᠤ ᠡᠳᠡᠨ ᠤ ᠬᠢᠨ ᠤ ᠡᠯ᠎ᠡ ᠵᠦᠢᠯ ᠤᠨ ᠤᠷᠤᠯᠭ᠎ᠠ ᠨᠢ ᠨᠡᠶᠢᠯᠡᠭᠡᠳ 4 ᠲᠦᠮᠡᠨ ᠲᠦᠭᠦᠷᠢᠭ ᠲᠤ ᠬᠦᠷᠴᠤ᠂ ᠬᠦᠮᠤᠨ ᠲᠤᠮᠳᠠᠴᠢ ᠶᠢᠨ ᠤᠷᠤᠯᠭ᠎ᠠ ᠲᠦᠮᠡᠨ ᠲᠦᠭᠦᠷᠢᠭ ᠲᠤ ᠬᠦᠷᠴᠤ᠂ ᠠᠮᠢᠳᠤᠷᠠᠯ ᠨᠢ ᠦᠡᠭᠭᠡᠷᠡᠭᠰᠡᠨ ᠠᠴᠠ ᠪᠠᠨ ᠰᠠᠶᠢᠵᠢᠷᠠᠵᠤ᠂ ᠲᠤᠰ ᠵᠢᠯ ᠤᠨ ᠡᠴᠤᠰ ᠲᠤ ᠲᠠᠷᠤᠢ ᠦᠨᠳᠤᠰᠤᠨ ᠳᠡᠭᠡᠨ ᠶᠠᠳᠠᠭᠤ ᠠᠴᠠ ᠠᠩᠬᠢᠵᠢᠷᠠᠬᠰᠡᠨ ᠪᠠᠶᠢᠨ᠎ᠠ᠃      ᠪᠢᠳᠡᠨ ᠢ ᠤᠴᠢᠬᠤ ᠳᠤ ᠬᠠᠰᠳᠠᠯᠠᠢ ᠭᠡᠷ ᠲᠡᠭᠡᠨ ᠪᠠᠶᠢᠬᠰᠡᠨ ᠦᠭᠡᠢ᠃ ᠪᠦᠰᠡᠭᠦᠢ ᠴᠡᠩᠭᠡᠯᠴᠡᠴᠡᠭ ᠨᠢ ᠡᠨᠡ ᠵᠢᠯ ᠤᠨ ᠪᠠᠶᠢᠳᠠᠯ ᠢᠶᠠᠨ ᠨᠠᠷᠢᠨ ᠲᠠᠨᠢᠯᠴᠠᠭᠤᠯᠬᠤ ᠳᠠᠭᠠᠨ᠄ ︽ᠡᠨᠡ ᠵᠢᠯ ᠮᠠᠨ ᠤ ᠬᠢᠨ 45 ᠬᠤᠨᠢ ᠪᠠᠨ ᠬᠤᠳᠠᠯᠳᠤᠭᠠᠳ ᠬᠡᠰᠡᠭ ᠢᠮᠠᠭ᠎ᠠ ᠬᠤᠳᠠᠯᠳᠤᠨ ᠠᠪᠴᠠᠢ᠂ ᠪᠠᠰᠨ 8 ᠦᠭᠡᠷ ᠬᠤᠳᠠᠯᠳᠤᠨ ᠠᠪᠴᠠᠢ᠃ ᠤᠴᠢᠷ ᠨᠢ ᠬᠠᠰᠢᠶᠠᠯᠡᠨ ᠲᠡᠵᠢᠭᠡᠬᠦ ᠳᠤ ᠬᠤᠨᠢ ᠲᠠᠭᠠᠭᠠᠴᠨ ᠪᠠᠷ ᠮᠠᠭᠤ᠂ ᠡᠨᠡ ᠵᠢᠯ ᠤᠨ ᠤᠷᠤᠯᠭ᠎ᠠ ᠪᠠᠰᠨ ᠨᠡᠯᠢᠶᠡᠳ ᠵᠦᠭᠡᠷ ᠶᠤᠮ ᠃ ᠢᠮᠠᠭᠠᠨ ᠨᠤᠤᠯᠤᠭᠤᠷ ᠵᠡᠷᠭᠡ ᠶᠢᠨ ᠤᠷᠤᠯᠭ᠎ᠠ ᠲᠦᠮᠨ ᠭᠠᠷᠤᠢ ᠲᠦᠭᠦᠷᠢᠭ ᠬᠦ᠋ᠷᠦᠭᠰᠡᠨ ᠤ ᠲᠡᠭᠡᠷ᠎ᠡ ᠬᠤᠨᠢ ᠬᠤᠳᠠᠯᠳᠤᠬᠰᠡᠨ ᠤᠷᠤᠯᠭ᠎ᠠ᠂ 16 ᠮᠦ ᠶᠢᠨ ᠡᠷᠳᠡᠨᠢ ᠰᠢᠰᠢ ᠶᠢᠨ ᠭᠠᠷᠤᠯᠳᠡ᠂ ᠡᠭᠦᠨ ᠤ ᠲᠡᠭᠡᠷ᠎ᠡ ᠤᠯᠤᠰ ᠠᠴᠠ ᠤᠯᠭᠤᠵᠤ ᠪᠠᠶᠢᠬᠤ ᠤᠰᠤᠯᠠᠯᠳᠠ ᠶᠢᠨ ᠭᠠᠵᠠᠷ ᠤᠨ ᠨᠦᠬᠦᠪᠤᠷᠢ ᠵᠡᠷᠭᠡ ᠶᠢ ᠨᠡᠮᠡᠭᠡᠳ ᠠᠷᠪᠠᠭᠠᠳ ᠲᠦᠮᠡᠨ ᠲᠦᠭᠦᠷᠢᠭ ᠤᠨ ᠤᠷᠤᠯᠭ᠎ᠠ ᠡᠭᠦᠳᠴᠤ᠂ ᠬᠦᠮᠤᠨ ᠲᠤᠮᠳᠠᠴᠢ ᠴᠡᠪᠡᠷ ᠤᠷᠤᠯᠭ᠎ᠠ 2 ᠲᠦᠮᠡᠨ ᠲᠦᠭᠦᠷᠢᠭ ᠢ ᠲᠠᠪᠠᠵᠠᠢ︾ ᠭᠡᠵᠤ ᠨᠢᠭᠤᠷ ᠲᠠᠭᠠᠨ ᠮᠦᠰᠢᠶᠠᠳᠤ ᠲᠠᠢ ᠶᠠᠷᠢᠵᠤ ᠪᠠᠶᠢᠯ᠎ᠠ᠃      ᠪᠠᠶᠠᠨᠭᠤᠤᠯ ᠭᠠᠴᠠᠭᠠᠨ ᠤ ᠲᠠᠭᠠᠭᠠᠴᠢᠯᠡᠨ ᠲᠡᠳᠭᠦᠵᠤ ᠪᠠᠶᠢᠬᠤ ᠨᠢᠭᠡᠴᠢ ᠪᠤᠯᠬᠤ ᠤᠷᠳᠤᠰ ᠤᠨ ᠡᠳᠤᠷ ᠤᠨ ᠰᠤᠨᠢᠨ ᠤ ᠬᠤᠷᠢᠶ᠎ᠠ ᠶᠢᠨ ᠠᠵᠢᠯᠲᠠᠨ ᠯᠢᠤ ᠰᠢᠶᠠᠩ᠄ ︽ᠡᠳᠡᠨ ᠤ ᠬᠢᠨ 2016 ᠤᠨ ᠤ ᠡᠴᠤᠰ ᠲᠤ ᠲᠠᠷᠤᠢ ᠶᠠᠳᠠᠭᠤ ᠠᠴᠠ ᠠᠩᠬᠢᠵᠢᠷᠠᠴᠢᠬᠠᠬᠰᠡᠨ ᠶᠤᠮ᠃ 2017 ᠤᠨ ᠠᠴᠠ 2018 ᠤᠨ ᠤ ᠬᠤᠭᠤᠷᠤᠨᠳᠤ ᠨᠢᠭᠡᠨᠳᠡ ᠪᠠᠬᠢᠵᠢᠭᠦᠯᠬᠦ ᠱᠠᠳᠤᠨ ᠳᠤ ᠤᠷᠤᠵᠠᠢ︾ ᠭᠡᠵᠤ ᠪᠠᠶᠢᠯ᠎ᠠ᠃      ᠰᠤᠷᠪᠤᠯᠵᠢᠯᠠᠭ᠎ᠠ ᠳᠤᠮᠳᠠ ᠭᠠᠳᠠᠬᠰᠢ ᠭᠠᠷᠴᠤ ᠬᠤᠳᠳᠤᠭ ᠦᠷᠦᠮᠳᠡᠬᠦ ᠪᠠᠷ ᠶᠠᠪᠤᠬᠰᠡᠨ ᠬᠠᠰᠳᠠᠯᠠᠢ ᠭᠡᠷ ᠲᠡᠭᠡᠨ ᠤᠳᠠᠰᠤ ᠢᠷᠡᠭᠦᠯᠵᠤ᠄ ︽ᠮᠠᠨ ᠤ ᠬᠢᠨ ᠨᠠᠮ ᠤᠨ ᠬᠠᠶᠢᠷ᠎ᠠ ᠬᠠᠯᠠᠮᠵᠢ ᠪᠡ ᠤᠯᠡᠨ ᠪᠦᠬᠦᠳᠡ ᠶᠢᠨ ᠬᠠᠷᠠᠭᠠᠯᠵᠠᠯ ᠢ ᠬᠦᠷᠳᠡᠭᠰᠡᠨ ᠬᠦᠮᠤᠰ᠂ ᠰᠠᠶᠢᠨ ᠴᠢᠷᠮᠠᠶᠢᠨ ᠬᠦᠳᠡᠯᠮᠤᠷᠢᠯᠡᠵᠤ ᠤᠯᠤᠰ ᠤᠨ ᠠᠴᠢ ᠶᠢ ᠬᠠᠷᠢᠭᠤᠯᠠᠬᠤ ᠴᠢᠬᠤᠯᠨ ᠲᠠᠢ ᠰᠢᠤ᠂ ᠬᠡᠤᠭᠡᠳ ᠮᠢᠨᠢ ᠴᠤ ᠰᠤᠷᠭᠠᠭᠤᠯᠢ ᠳᠤ ᠰᠠᠭᠤᠬᠤ ᠳᠠᠭᠠᠨ ᠤᠯᠤᠰ ᠤᠨ ᠲᠠᠮᠵᠢᠯᠭᠡ ᠶᠢ ᠬᠦᠷᠳᠡᠵᠤ ᠯᠨ ᠪᠠᠶᠢᠨ᠎ᠠ᠃ ᠢᠷᠡᠭᠡᠳᠤᠢ ᠳᠤ ᠨᠡᠶᠢᠭᠡᠮ ᠳᠤ ᠬᠡᠷᠡᠭᠴᠡᠭᠡ ᠲᠠᠢ ᠬᠦᠮᠤᠨ ᠪᠤᠯᠵᠤ ᠬᠦᠮᠦᠵᠢᠭᠳᠡᠬᠦ ᠪᠤᠯᠤᠭᠠᠰᠠᠢ︾ ᠭᠡᠵᠤ ᠪᠠᠶᠠᠷᠯᠠᠵᠤ ᠲᠠᠯᠠᠷᠬᠠᠬᠰᠡᠨ ᠰᠡᠳᠬᠢᠯ ᠢᠶᠠᠨ ᠪᠢᠳᠡᠨ ᠳᠤ ᠪᠠᠶᠢᠨ ᠲᠠᠬᠢᠨ ᠢᠯᠡᠳᠭᠡᠵᠤ ᠪᠠᠶᠢᠭᠰᠠᠨ ᠪᠢᠯᠡ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号