ᠤᠷᠠᠨ ᠤᠶᠤᠳᠠᠯᠴᠢᠨ ᠤᠳᠪᠠᠯ᠎ᠠ
ᠨᠡᠶᠢᠲᠡᠯᠡᠭᠰᠡᠨ ᠴᠠᠭ᠄
2018-12-07
     — ᠲᠠ ᠰᠠᠶᠢᠨ ᠪᠠᠶᠢᠨ᠎ᠠ ᠤᠤ︖      — ᠰᠠᠶᠢᠨ ᠰᠠᠶᠢᠨ︕      — ᠲᠠ ᠬᠤᠳᠠ ᠤᠷᠤᠵᠤ ᠦᠢᠯᠡᠰ ᠪᠤᠰᠬᠠᠭᠰᠠᠨ ᠦᠩᠬᠡᠷᠡᠯᠳᠡ ᠲᠡᠤᠬᠡ ᠪᠠᠨ ᠶᠠᠷᠢᠭᠠᠳ ᠦᠭᠬᠦᠨ᠎ᠡ ᠤᠤ︖      — ᠪᠤᠯᠤᠨ᠎ᠠ ᠪᠤᠯᠤᠨ᠎ᠠ᠃ ᠪᠢ ᠠᠩᠬ᠎ᠠ 1991 ᠤᠨ ᠳᠤ ᠬᠤᠳᠠ ᠳᠤ ᠤᠷᠤᠵᠤ ᠠᠵᠢᠯ ᠬᠢᠭᠰᠡᠨ ᠶᠤᠮ᠃ ᠪᠢ ᠪᠤᠯ ᠲᠤᠯᠢ ᠶᠢᠨ ᠲᠦᠩᠽᠢ ᠭᠠᠴᠠᠭᠠᠨ ᠤ ᠪᠦᠬᠡᠮᠮᠤᠳᠤ ᠮᠠᠯᠵᠢᠯ ᠤᠨ ᠬᠤᠷᠰᠢᠶᠠᠨ ᠤ ᠬᠦᠮᠤᠨ ᠶᠤᠮ᠃ ᠬᠦᠳᠡᠭᠡ ᠳᠤ ᠮᠢᠨᠤ ᠬᠤᠪᠢᠶᠠᠵᠤ ᠤᠯᠤᠭᠰᠠᠨ ᠭᠠᠵᠠᠷ ᠲᠤᠩ ᠪᠠᠭ᠎ᠠ᠂ ᠪᠠᠯᠠᠷ ᠲᠤ ᠨᠢᠬᠡ ᠬᠡᠰᠡᠭ᠂ ᠴᠠᠶᠢᠳᠠᠮ ᠳᠤ ᠨᠢᠬᠡ ᠭᠡᠰᠡᠭ ᠪᠠᠶᠢᠵᠤ ᠠᠰᠢᠭᠯᠠᠵᠤ ᠶᠠᠭ ᠲᠡᠶᠢᠯᠬᠦ ᠦᠬᠡᠢ᠃ ᠠᠮᠢᠳᠤᠷᠠᠬᠤ ᠳᠤ ᠬᠦᠴᠢᠷᠲᠠᠢ ᠪᠠᠶᠢᠭᠰᠠᠨ ᠮᠦᠷᠳᠡᠬᠡᠨ ᠬᠤᠶᠠᠷ ᠬᠡᠤᠬᠡᠳ ᠴᠤ ᠰᠤᠷᠭᠠᠭᠤᠯᠢ ᠳᠤ ᠰᠠᠭᠤᠬᠤ ᠪᠤᠯᠤᠭᠰᠠᠨ ᠲᠠᠢ ᠪᠠᠯᠠᠭᠠᠰᠤᠨ ᠲᠡᠬᠡᠷ᠎ᠡ ᠢᠷᠡᠵᠤ ᠰᠡᠬᠦᠯᠠᠷ ᠨᠢ ᠶᠡᠭᠡ ᠨᠠᠷ᠎ᠠ ᠭᠠᠷᠤᠭᠰᠠᠨ ᠮᠠᠨᠳᠠᠤ ᠲᠡᠮᠷᠢᠨ ᠲᠠᠢ ᠬᠠᠮᠳᠤᠷᠠᠵᠤ ᠮᠠᠨᠳᠠᠤ ᠬᠢᠭᠰᠡᠨ ᠶᠤᠮ᠃ ᠲᠤᠬᠠᠢ ᠶᠢᠨ ᠦᠶ᠎ᠡ ᠳᠤ ᠮᠢᠨᠤ ᠬᠠᠷᠠᠯᠳᠠ ᠲᠤᠩ ᠶᠡᠭᠡ᠂ ᠡᠳᠤᠷ ᠲᠤ ᠠᠷᠪᠠᠨ ᠲᠦᠬᠦᠷᠢᠭ ᠤᠯᠬᠤ ᠶᠢ ᠪᠤᠳᠤᠵᠤ ᠪᠠᠶᠢᠯ᠎ᠠ᠃ ᠲᠡᠬᠡᠪᠡᠯ ᠨᠢᠬᠡ ᠰᠠᠷ᠎ᠠ ᠪᠠᠰᠠ ᠭᠤᠷᠪᠠᠨ ᠵᠠᠭᠤᠨ ᠲᠦᠬᠦᠷᠢᠭ ᠰᠢᠤ᠂ ᠶᠡᠭᠡ ᠵᠤᠭᠤᠰ ᠰᠢᠤ᠂ ᠲᠡᠬᠡᠬᠡᠳ ᠵᠢᠯ ᠭᠠᠷᠤᠢ ᠬᠢᠬᠡᠳ ᠪᠦᠳᠤᠬᠦ ᠦᠬᠡᠢ ᠪᠤᠯᠬᠤᠷ ᠲᠠᠬᠢᠭᠠᠳ ᠬᠦᠳᠡᠭᠡ ᠳᠡᠭᠡᠨ ᠬᠠᠷᠢᠵᠠᠢ᠃
         — ᠬᠦᠳᠡᠭᠡ ᠳᠡᠭᠡᠨ ᠤᠴᠢᠭᠠᠳ ᠶᠠᠭᠤ ᠬᠢᠭᠰᠡᠨ ᠪᠤᠢ︖      — ᠵᠠ᠂ ᠡᠯᠳᠡᠪ ᠤᠨ ᠶᠠᠭᠤᠮ᠎ᠠ ᠬᠢᠵᠤ ᠦᠵᠡᠭᠰᠡᠨ᠂ ᠭᠠᠵᠠᠷ ᠪᠠᠭ᠎ᠠ ᠪᠤᠯᠬᠤᠷ ᠡᠯᠳᠡᠪ ᠤᠨ ᠶᠠᠭᠤᠮ᠎ᠠ ᠲᠠᠷᠢᠵᠤ ᠦᠵᠡᠭᠰᠡᠨ᠂ ᠰᠢᠬᠢᠷ ᠡᠪᠡᠰᠤ ᠴᠤ ᠲᠠᠷᠢᠯ᠎ᠠ᠂ ᠵᠡᠬᠡᠷᠬᠡᠨ᠎ᠡ ᠴᠤ ᠲᠠᠷᠢᠯ᠎ᠠ᠂ ᠲᠤᠷᠯᠤᠭ᠂ ᠪᠤᠷᠤ ᠴᠠᠷᠭᠠᠰᠤ ᠵᠡᠷᠬᠡ ᠶᠠᠭᠤ ᠦᠯᠤ ᠲᠠᠷᠢᠪᠠ᠂ ᠪᠦᠷ ᠬᠡᠷᠡᠭ ᠦᠬᠡᠢ᠃ ᠲᠡᠬᠡᠬᠡᠳ 1994 ᠤᠨ ᠪᠤᠯᠬᠤ ᠳᠤ ᠲᠠᠬᠢᠭᠠᠳ ᠬᠤᠳᠠ  ᠳᠤ ᠢᠷᠡᠪᠡ᠃ ᠲᠡᠬᠡᠬᠡᠳ ᠨᠡᠶᠢᠬᠡᠮ ᠤᠨ ᠲᠠᠭᠠᠳᠬᠠᠯ ᠤᠨ ᠭᠤᠳᠤᠮᠵᠢᠨ ᠳᠤ ᠨᠢᠬᠡ ᠵᠢᠵᠢᠭ ᠲᠡᠯᠬᠡᠬᠦᠷ ᠨᠡᠬᠡᠬᠡᠵᠠᠢ᠃ 1995 ᠤᠨ ᠳᠤ ᠨᠢᠬᠡ ᠵᠢᠯ ᠬᠤᠪᠴᠠᠰᠤ ᠬᠤᠳᠠᠯᠳᠤᠯ᠎ᠠ᠃ 1995 ᠤᠨ ᠤ ᠡᠪᠤᠯ ᠠᠴᠠ ᠱᠠᠷᠪᠢᠩ ᠬᠤᠳᠠᠯᠳᠤᠵᠤ ᠡᠬᠢᠯᠡᠪᠡ᠃ 1997 ᠤᠨ ᠳᠤ ᠮᠠᠨ ᠤ ᠬᠦᠷᠢ ᠦᠬᠢᠨ ᠲᠡᠬᠦᠤ ᠤᠶᠤᠵᠤ ᠪᠠᠶᠢᠬᠤ ᠮᠤᠩᠭᠤᠯ ᠬᠤᠪᠴᠠᠰᠤ ᠶᠢ ᠨᠢ ᠬᠠᠮᠵᠢᠭᠠᠳ ᠤᠶᠤᠭᠠᠳ ᠦᠭ ᠬᠡᠰᠡᠨ ᠳᠤ ᠪᠢ ᠤᠶᠤᠵᠤ ᠦᠭᠪᠡ᠃ ᠲᠡᠬᠡᠬᠡᠳ 1998 ᠤᠨ ᠤ ᠨᠠᠮᠤᠷ ᠮᠠᠨ ᠤ ᠨᠦᠬᠦᠷ ᠪᠢᠳᠠ ᠬᠤᠶᠠᠭᠤᠯᠠ ᠬᠡᠯᠡᠯᠴᠡᠵᠤ ᠪᠢ ᠨᠢᠬᠡ ᠤᠶᠤᠳᠠᠯ ᠤᠨ ᠭᠠᠵᠠᠷ ᠭᠠᠷᠭᠠᠬᠤ ᠪᠠᠷ ᠪᠤᠯᠵᠤ 500 ᠵᠤᠭᠤᠰ ᠴᠤᠭᠯᠠᠭᠤᠯᠵᠤ ᠮᠤᠩᠭᠤᠯ ᠬᠤᠪᠴᠠᠰᠤᠨ ᠲᠡᠯᠬᠡᠬᠦᠷ ᠨᠡᠬᠡᠬᠡᠪᠡ᠃ ᠬᠡᠳᠤᠨ ᠲᠤᠯᠤᠭᠠᠢ ᠲᠤᠷᠭ᠎ᠠ ᠠᠪᠴᠤ ᠢᠷᠡᠬᠡᠳ ᠲᠤᠳᠤᠷ᠎ᠠ ᠨᠢ ᠴᠠᠭᠠᠰᠤᠨ ᠲᠦᠩᠽᠢ ᠲᠠᠯᠪᠢᠵᠤ ᠭᠠᠳᠠᠭᠤᠷ ᠨᠢ ᠤᠷᠢᠶᠠᠭᠠᠳ ᠵᠢᠶᠠᠰᠠᠨ ᠲᠡᠬᠡᠷ᠎ᠡ ᠲᠠᠯᠪᠢᠵᠤ ᠨᠡᠬᠡᠬᠡᠭᠰᠡᠨ ᠶᠤᠮ᠃ ᠶᠡᠭᠡ ᠢᠨᠢᠶᠡᠳᠤᠮᠲᠠᠢ᠃ ᠪᠢ ᠠᠩᠬ᠎ᠠ ᠰᠡᠪᠬᠦᠯ ᠤᠨ ᠨᠠᠰᠤᠲᠠᠢ ᠠᠪᠤ ᠳᠤ ᠮᠤᠩᠭᠤᠯ ᠬᠤᠪᠴᠠᠰᠤ ᠤᠶᠤᠭᠰᠠᠨ ᠶᠤᠮ᠃ ᠬᠤᠪᠴᠠᠰᠤ ᠡᠰᠬᠡᠵᠤ ᠤᠯᠢᠭᠲᠠᠢ ᠴᠢᠳᠠᠬᠤ ᠦᠬᠡᠢ᠂ ᠵᠠᠭᠠᠮ᠎ᠠ ᠶᠢ ᠨᠢ ᠮᠠᠯᠳᠠᠵᠤ ᠴᠢᠳᠠᠬᠤ ᠦᠬᠡᠢ᠂ ᠶᠡᠭᠡ ᠮᠠᠯᠳᠠᠴᠢᠬᠠᠭᠠᠳ ᠠᠷᠭ᠎ᠠ ᠦᠬᠡᠢ ᠬᠤᠷᠴᠢᠢᠯᠭᠠᠵᠤ ᠬᠤᠮᠢᠵᠤ ᠤᠶᠤᠭᠰᠠᠨ ᠶᠤᠮ᠃ ᠲᠡᠬᠡᠪᠡᠴᠤ ᠲᠡᠷᠡ ᠠᠪᠤ ᠨᠠᠮ᠎ᠠ ᠳᠤ ᠴᠤᠷᠮ᠎ᠠ ᠠᠪᠤᠭᠠᠳ ᠢᠷᠡᠴᠢᠬᠡᠭᠰᠡᠨ ︽ᠬᠡᠤᠬᠡᠨ ᠮᠢᠨᠢ᠂ ᠰᠠᠶᠢᠬᠠᠨ ᠮᠤᠩᠭᠤᠯ ᠬᠤᠪᠴᠠᠰᠤ ᠤᠶᠤᠵᠤ ᠦᠭᠬᠦᠯ᠎ᠡ︾ ᠬᠡᠵᠤ ᠲᠠᠯᠠᠷᠬᠠᠵᠤ ᠪᠠᠶᠢᠯ᠎ᠠ᠃ ᠰᠡᠬᠦᠯᠠᠷ ᠨᠢ ᠡᠮᠤᠰᠴᠤ ᠶᠠᠪᠤᠵᠤ ᠪᠠᠶᠢᠬᠤ ᠶᠢ ᠦᠵᠡᠬᠡᠳ ᠶᠡᠭᠡ ᠢᠴᠢᠭᠰᠡᠨ ᠶᠤᠮ᠃ ᠪᠢ ᠤᠳᠤ ᠪᠤᠯᠳᠠᠯ᠎ᠠ ᠴᠡᠬᠡᠵᠢᠯᠡᠵᠤ ᠪᠠᠶᠢᠨ᠎ᠠ᠂ ᠬᠦᠬᠡ ᠲᠡᠷᠯᠢᠭ ᠪᠠᠶᠢᠭᠰᠠᠨ ᠶᠤᠮ᠃ ᠲᠡᠬᠡᠬᠦ ᠳᠤ ᠬᠤᠪᠴᠠᠰᠤ ᠤᠶᠤᠬᠤ ᠬᠦᠯᠤᠰᠤ ᠬᠡᠵᠤ 15 ᠠᠴᠠ 20 ᠲᠦᠬᠦᠷᠢᠭ ᠠᠪᠳᠠᠭ ᠪᠠᠶᠢᠯ᠎ᠠ ᠰᠢᠤ᠃ ᠪᠢ ᠶᠠᠭ ᠬᠤᠪᠴᠠᠰᠤ ᠤᠶᠤᠬᠤ ᠮᠡᠷᠬᠡᠵᠢᠯ ᠬᠡᠰᠡᠨ ᠶᠠᠭᠤᠮ᠎ᠠ ᠰᠤᠷᠤᠭᠰᠠᠨ ᠦᠬᠡᠢ᠃ ᠪᠠᠭ᠎ᠠ ᠳᠤ ᠮᠦᠮᠤ ᠠᠴᠠ ᠰᠤᠷᠤᠭᠰᠠᠨ ᠢᠶᠠᠨ ᠯᠠ ᠠᠰᠢᠭᠯᠠᠵᠤ ᠪᠠᠶᠢᠯ᠎ᠠ᠃ ᠮᠦᠮᠤ ᠲᠡᠬᠡᠬᠦ ᠳᠤ ᠨᠠᠮ᠎ᠠ ᠳᠤ ᠬᠤᠪᠴᠠᠰᠤ ᠡᠰᠬᠡᠬᠦ ᠶᠢ ᠶᠡᠷᠤ ᠵᠢᠭᠠᠵᠤ ᠦᠭᠬᠦᠭᠰᠡᠨ ᠦᠬᠡᠢ᠃ ᠬᠤᠪᠴᠠᠰᠤ ᠤᠶᠤᠬᠤ ᠪᠤᠯᠬᠤ ᠳᠤ ᠵᠠᠷᠢᠮ ᠨᠠᠰᠤᠲᠠᠢ ᠬᠦᠮᠤᠨ ᠬᠤᠪᠴᠠᠰᠤ ᠪᠠᠨ ᠠᠪᠴᠢᠷᠠᠵᠤ ᠲᠡᠬᠦᠨ ᠢ ᠨᠢ ᠪᠢ ᠬᠠᠭᠵᠠᠯᠠᠵᠤ ᠲᠠᠭᠤᠷᠢᠶᠠᠯᠭᠠᠵᠤ ᠤᠶᠤᠵᠤ ᠪᠠᠶᠢᠯ᠎ᠠ᠃ ᠵᠠᠷᠢᠮ ᠳᠠᠭᠠᠨ ᠬᠦᠮᠤᠨ ᠠᠴᠠ ᠬᠠᠭᠤᠴᠢᠨ ᠰᠢᠨ᠎ᠡ ᠬᠤᠪᠴᠠᠰᠤ ᠬᠤᠳᠠᠯᠳᠤᠵᠤ ᠠᠪᠤᠭᠠᠳ ᠲᠠᠭᠤᠷᠢᠶᠠᠯᠭᠠᠵᠤ ᠤᠶᠤᠵᠤ ᠪᠠᠶᠢᠯ᠎ᠠ᠃ ᠠᠩᠬ᠎ᠠ ᠡᠬᠢᠯᠡᠬᠦ ᠳᠤ ᠲᠤᠩ ᠬᠦᠴᠢᠷᠳᠡᠯᠲᠠᠢ ᠪᠠᠶᠢᠬᠰᠠᠨ᠃ ᠬᠤᠪᠴᠠᠰᠤᠨ ᠦᠩᠬᠡ ᠶᠢ ᠪᠦᠷ ᠬᠦᠬᠡᠨᠡᠭᠤᠷ ᠮᠤᠵᠢ ᠠᠴᠠ ᠠᠪᠴᠤ ᠪᠠᠶᠢᠯ᠎ᠠ᠃ ᠨᠢᠬᠡ ᠶᠠᠪᠤᠬᠤ ᠳᠤ ᠨᠢᠬᠡ ᠬᠤᠶᠠᠷ ᠮᠢᠩᠭᠠᠨ ᠲᠦᠬᠦᠷᠢᠭ ᠤᠨ ᠪᠠᠷᠠᠭ᠎ᠠ ᠶᠢ ᠴᠤ ᠵᠤᠪᠠᠵᠤ ᠠᠪᠴᠢᠷᠠᠵᠤ ᠪᠠᠶᠢᠯ᠎ᠠ᠃ ᠵᠤᠭᠤᠰ ᠦᠬᠡᠢ᠂ ᠪᠠᠩᠬᠢ ᠶᠢᠨ ᠵᠢᠬᠡᠯᠡᠯᠬᠡ ᠬᠡᠰᠡᠨ ᠶᠠᠭᠤᠮ᠎ᠠ ᠤᠯᠵᠤ ᠲᠡᠶᠢᠯᠬᠦ ᠦᠬᠡᠢ᠂ ᠬᠠᠷᠢᠨ ᠲᠠᠨᠢᠯ ᠡᠬᠡᠴᠢ ᠮᠠᠨᠢ ᠨᠠᠮ᠎ᠠ ᠳᠤ ᠬᠠᠪᠰᠤᠷᠴᠤ ᠵᠤᠭᠤᠰ ᠵᠢᠬᠡᠯᠡᠵᠤ ᠦᠭᠳᠡᠭ ᠪᠠᠶᠢᠭᠰᠠᠨ᠃ ᠲᠡᠷᠡ ᠦᠶᠡᠰ ᠲᠡᠷᠬᠡ᠂ ᠭᠤᠷᠪᠠᠨ ᠬᠦᠷᠳᠤᠳᠤ ᠮᠤᠲ᠋ᠤᠷ ᠴᠤ ᠪᠠᠶᠢᠬᠤ ᠦᠬᠡᠢ ᠪᠤᠯᠬᠤᠷ ᠪᠠᠷᠠᠭ᠎ᠠ ᠪᠠᠨ ᠡᠬᠦᠷᠳᠡᠭ ᠪᠠᠶᠢᠯ᠎ᠠ᠃ ᠲᠤᠷᠭ᠎ᠠ ᠲᠤᠷᠳᠤᠩ ᠬᠦᠨᠳᠤ ᠪᠤᠯᠬᠤᠷ ᠨᠢᠬᠡ ᠤᠳᠠᠭ᠎ᠠ ᠪᠠᠷᠠᠭ᠎ᠠ ᠤᠷᠤᠭᠤᠯᠬᠤ ᠪᠠᠷ ᠶᠠᠪᠤᠬᠤ ᠳᠤ ᠦᠨᠠᠬᠡᠷ ᠦᠢᠯᠡ ᠪᠠᠨ ᠦᠵᠡᠳᠡᠭ ᠪᠠᠶᠢᠬᠰᠠᠨ᠃ 2003 ᠤᠨ ᠳᠤ ᠮᠠᠨ ᠤ ᠬᠤᠶᠠᠭᠤᠯᠠ ᠨᠢᠬᠡ ᠵᠢᠭᠠᠬᠠᠨ ᠲᠡᠷᠬᠡ ᠠᠪᠤᠭᠰᠠᠨ ᠪᠤᠯᠪᠠᠴᠤ ᠪᠠᠷᠠᠭ᠎ᠠ ᠤᠷᠤᠭᠤᠯᠵᠤ ᠲᠡᠶᠢᠯᠬᠦ ᠦᠬᠡᠢ᠂ ᠲᠡᠶᠢᠯᠬᠦ ᠪᠠᠷ ᠪᠤᠳᠤᠬᠤ ᠳᠤ ᠨᠢᠬᠡ ᠶᠠᠪᠤᠭᠠᠳ ᠢᠷᠡᠬᠦ ᠳᠤ ᠪᠠᠷᠠᠭᠠᠨ ᠠᠴᠠ ᠪᠠᠨ ᠢᠯᠡᠬᠦᠤ ᠦᠷᠳᠡᠭ ᠤᠷᠤᠳᠠᠭ ᠪᠤᠯᠬᠤᠷ ᠪᠦᠷ ᠡᠬᠡᠯᠵᠢ ᠶᠢᠨ ᠮᠠᠰᠢᠨ ᠲᠡᠷᠬᠡᠨ ᠳᠤ ᠰᠠᠭᠤᠵᠤ ᠶᠠᠪᠤᠳᠠᠭ ᠪᠠᠶᠢᠯ᠎ᠠ᠃
     — ᠮᠤᠩᠭᠤᠯ ᠬᠤᠪᠴᠠᠰᠤᠨ ᠤ ᠬᠦᠭᠵᠢᠯᠳᠡ ᠬᠤᠷᠳᠤᠨ᠂ ᠬᠤᠪᠢᠷᠠᠯ ᠶᠡᠬᠡᠲᠠᠢ᠂ ᠲᠠ ᠲᠡᠬᠡᠪᠡᠯ ᠡᠨᠡ ᠬᠤᠷᠢ ᠭᠠᠷᠤᠢ ᠵᠢᠯ ᠤᠨ ᠲᠤᠷᠰᠢ ᠬᠡᠷᠬᠢᠨ ᠲᠠᠭᠠᠵᠤ ᠲᠤᠭᠤᠯᠵᠤ ᠭᠠᠷᠴᠤ ᠢᠷᠡᠪᠡ︖      — ᠲᠡᠶᠢᠮᠤ ᠡ᠂ ᠮᠤᠩᠭᠤᠯ ᠬᠤᠪᠴᠠᠰᠤᠨ ᠤ ᠬᠤᠪᠢᠷᠠᠯ ᠬᠦᠭᠵᠢᠯ ᠦᠨᠠᠬᠡᠷ ᠬᠤᠷᠳᠤᠨ᠂ ᠤᠳᠤ ᠨᠡᠩ ᠴᠠᠭ ᠦᠶ᠎ᠡ ᠬᠦᠭᠵᠢᠵᠤ ᠴᠢᠮᠡᠭᠡ ᠬᠠᠷᠢᠯᠴᠠᠭ᠎ᠠ᠂ ᠵᠠᠮ ᠪᠦᠷ ᠬᠦᠭᠵᠢᠭᠰᠡᠨ ᠲᠤᠯᠠ ᠬᠠᠮᠢᠭ᠎ᠠ ᠬᠢ ᠶᠢᠨ ᠮᠠᠶ᠋ᠢᠭ ᠤᠨ ᠮᠤᠩᠭᠤᠯ ᠬᠤᠪᠴᠠᠰᠤ ᠶᠢ ᠴᠤ ᠬᠦᠮᠤᠰ ᠡᠮᠤᠰᠬᠦ ᠪᠠ ᠮᠡᠳᠡᠬᠦ ᠪᠤᠯᠴᠢᠬᠠᠵᠤ ᠬᠦᠮᠤᠰ ᠤᠨ ᠱᠠᠭᠠᠷᠳᠠᠯᠭ᠎ᠠ ᠪᠠ ᠬᠤᠪᠴᠠᠰᠤᠨ ᠤ ᠰᠢᠯᠢᠯᠳᠡ ᠦᠬᠡᠷᠡᠴᠢᠯᠡᠯᠳᠡ ᠴᠤ ᠨᠡᠩ ᠦᠨᠳᠤᠷ ᠪᠤᠯᠤᠭᠰᠠᠨ ᠪᠠᠶᠢᠨ᠎ᠠ᠃ ᠬᠡᠪᠡᠴᠤ ᠡᠨᠡ ᠬᠤᠷᠢ ᠭᠠᠷᠤᠢ ᠵᠢᠯ ᠤᠨ ᠲᠤᠷᠰᠢ ᠪᠢ ᠭᠤᠤᠯᠳᠠᠭᠤ ᠤᠯᠠᠮᠵᠢᠯᠠᠯᠳᠤ ᠤᠷᠳᠤᠰ ᠮᠤᠩᠭᠤᠯ ᠬᠤᠪᠴᠠᠰᠤ ᠶᠢ ᠤᠶᠤᠭᠰᠠᠭᠠᠷ ᠢᠷᠡᠵᠠᠢ᠃ ᠬᠡᠳᠤᠶ ᠪᠠᠷ ᠡᠳᠤᠢ ᠲᠡᠳᠤᠢ ᠰᠢᠨᠡᠴᠢᠯᠡᠯᠳᠡ ᠬᠢᠭᠰᠡᠨ ᠪᠤᠯᠪᠠᠴᠤ ᠮᠢᠨᠤ ᠤᠶᠤᠳᠠᠭ ᠬᠤᠪᠴᠠᠰᠤ ᠪᠤᠯ ᠪᠦᠷ ᠤᠯᠠᠮᠵᠢᠯᠠᠯᠳᠤ ᠠᠮᠢᠳᠤᠷᠠᠯ ᠤᠨ ᠬᠤᠪᠴᠠᠰᠤ ᠶᠤᠮ᠃ ᠲᠡᠬᠡᠬᠦᠯᠠᠷ ᠤᠷᠳᠤ ᠬᠤᠭᠤᠴᠠᠭ᠎ᠠ ᠪᠠᠷ ᠶᠠᠮᠠᠷ ᠴᠤ ᠴᠠᠭ ᠤᠯᠠᠷᠢᠯ᠂ ᠶᠠᠮᠠᠷ ᠪᠠ ᠭᠠᠵᠠᠷ ᠤᠷᠤᠨ ᠳᠤ ᠪᠦᠷ ᠡᠮᠤᠰᠴᠤ ᠪᠤᠯᠳᠠᠭ ᠤᠨᠴᠠᠯᠢᠭ ᠲᠠᠢ ᠲᠤᠯᠠ ᠠᠷᠠᠯᠵᠢᠶ᠎ᠠ ᠮᠠᠶᠢᠮᠠᠢ ᠲᠠᠰᠤᠷᠠᠭᠰᠠᠨ ᠦᠬᠡᠢ᠂ ᠡᠳᠤᠷ ᠠᠴᠠ ᠡᠳᠤᠷ ᠦᠬᠡᠳᠡᠯᠡᠵᠤ ᠢᠷᠡᠯ᠎ᠡ᠃      — ᠡᠶᠢᠮᠤ ᠤᠷᠳᠤ ᠬᠤᠭᠤᠴᠠᠭᠠᠨ ᠤ ᠲᠤᠳᠤᠷ᠎ᠠ ᠵᠠᠰᠠᠭ ᠤᠨ ᠤᠷᠳᠤᠨ ᠤ ᠲᠡᠮᠵᠢᠯᠬᠡ ᠪᠤᠶᠤ ᠲᠦᠷᠤᠯ ᠵᠦᠢᠯ ᠤᠨ ᠮᠦᠩᠬᠦ ᠶᠢ ᠠᠪᠴᠤ ᠪᠠᠶᠢᠪᠠ ᠤᠤ︖      — ᠦᠬᠡᠢ ᠦᠬᠡᠢ᠂ ᠶᠠᠮᠠᠷ ᠪᠠ ᠲᠤᠰᠠ ᠲᠡᠮᠵᠢᠯᠬᠡ ᠶᠢ ᠤᠯᠵᠤ ᠪᠠᠶᠢᠭᠰᠠᠨ ᠦᠬᠡᠢ᠂ ᠲᠤᠰᠠ ᠲᠡᠮᠵᠢᠯᠬᠡ ᠬᠡᠪᠡᠯ ᠨᠠᠶᠢᠵᠨ ᠨᠦᠬᠦᠳ ᠤᠨ ᠲᠡᠮᠵᠢᠯᠬᠡ ᠶᠢ ᠯᠠ ᠤᠯᠵᠤ ᠪᠠᠶᠢᠭᠰᠠᠨ᠂ ᠦᠬᠡᠷ᠎ᠡ ᠵᠠᠰᠠᠭ ᠤᠨ ᠤᠷᠳᠤᠨ ᠤ ᠬᠠᠷᠠᠭᠠᠯᠵᠠᠯ ᠢ ᠬᠦᠯᠢᠶᠡᠵᠤ ᠪᠠᠶᠢᠭ᠎ᠠ ᠦᠬᠡᠢ᠃ ᠲᠡᠷᠡ ᠦᠶᠡᠰ ᠦᠤᠰᠢᠨ ᠲᠡᠬᠡᠷ᠎ᠡ ᠨᠠᠳᠠ ᠲᠠᠢ ᠲᠦᠷᠪᠡᠨ ᠠᠶᠢᠯ ᠮᠤᠩᠭᠤᠯ ᠬᠤᠪᠴᠠᠰᠤᠨ ᠲᠡᠯᠬᠡᠬᠦᠷ ᠨᠡᠬᠡᠬᠡᠵᠤ ᠪᠠᠶᠢᠯ᠎ᠠ᠃ ᠤᠳᠤ ᠲᠠᠪᠢ ᠵᠢᠷᠡᠨ ᠮᠤᠩᠭᠤᠯ ᠬᠤᠪᠴᠠᠰᠤᠨ ᠤᠶᠤᠳᠠᠯ ᠤᠨ ᠭᠠᠵᠠᠷ ᠪᠠᠶᠢᠬᠤ ᠳ᠋ᠠ᠂ ᠦᠷᠢᠰᠤᠯᠳᠤᠬᠡᠨ ᠬᠡᠪᠡᠯ ᠬᠡᠴᠡᠬᠦᠤ ᠪᠠᠶᠢᠨ᠎ᠠ᠃ ᠬᠡᠪᠡᠴᠤ ᠪᠢ ᠭᠤᠤᠯᠳᠠᠭᠤ ᠢᠳᠡᠬᠡᠯ ᠬᠦᠨᠳᠤ ᠪᠠ ᠲᠤᠭᠳᠠᠭᠰᠠᠨ ᠦᠨ᠎ᠡ ᠬᠠᠩᠰᠢ᠂ ᠤᠯᠠᠮᠵᠢᠯᠠᠯᠳᠤ ᠬᠡᠯᠪᠡᠷᠢ ᠪᠠᠷ ᠢᠶᠠᠨ ᠬᠡᠷᠡᠭᠯᠡᠭᠴᠢ ᠶᠢᠨ ᠬᠦᠷᠢᠶᠡᠯᠡᠯ ᠢ ᠤᠯᠵᠤ ᠪᠠᠶᠢᠨ᠎ᠠ᠃      — ᠵᠢᠯ ᠤᠨ ᠤᠷᠤᠯᠭ᠎ᠠ ᠶᠠᠮᠠᠷ ᠪᠠᠶᠢᠨ᠎ᠠ︖      — ᠵᠢᠯ ᠳᠡᠭᠡᠨ ᠠᠷᠪᠠᠨ ᠬᠡᠳᠤᠨ ᠲᠦᠮᠡ ᠤᠯᠵᠤ ᠪᠠᠶᠢᠨ᠎ᠠ᠃ ᠮᠢᠨᠤ ᠲᠡᠯᠬᠡᠬᠦᠷ ᠲᠤ ᠤᠳᠤ 100 ᠭᠠᠷᠤᠢ ᠲᠦᠮᠡᠨ ᠲᠦᠬᠦᠷᠢᠭ ᠤᠨ ᠪᠠᠷᠠᠭ᠎ᠠ ᠲᠠᠢ᠂ ᠠᠷᠪᠠᠨ ᠬᠡᠳᠤᠨ ᠬᠦᠮᠤᠨ ᠵᠠᠷᠤᠵᠤ ᠪᠠᠶᠢᠨ᠎ᠠ᠃ ᠲᠡᠳᠡ ᠪᠦᠷ ᠦᠪᠠᠷ ᠦᠪᠠᠷ ᠤᠨ ᠢᠶᠠᠨ ᠲᠤᠭᠳᠠᠭᠰᠠᠨ ᠠᠵᠢᠯ ᠲᠠᠢ᠂ ᠮᠠᠯᠠᠭᠠᠢ ᠤᠶᠤᠳᠠᠭ ᠨᠢ ᠮᠠᠯᠠᠭᠠᠢ ᠤᠶᠤᠵᠤ᠂ ᠲᠤᠪᠴᠢ ᠰᠢᠯᠪᠢ ᠤᠶᠤᠳᠠᠭ ᠨᠢ ᠲᠤᠪᠴᠢ ᠰᠢᠯᠪᠢ ᠤᠶᠤᠵᠤ᠂ ᠬᠦᠨᠵᠢᠯᠡ ᠤᠶᠤᠳᠠᠭ ᠨᠢ ᠬᠦᠨᠵᠢᠯᠡ ᠤᠶᠤᠳᠠᠭ᠃ ᠲᠡᠬᠡᠬᠦᠯᠠᠷ ᠵᠠᠷᠤᠳᠠᠯ ᠶᠡᠭᠡ᠂ ᠤᠯᠬᠤ ᠨᠢ ᠪᠠᠭ᠎ᠠ ᠪᠠᠶᠢᠨ᠎ᠠ᠃ ᠪᠢ ᠠᠵᠢᠯᠴᠢᠨ ᠤ ᠬᠦᠯᠤᠰᠤ ᠶᠢ ᠬᠢᠭᠰᠡᠨ ᠠᠵᠢᠯ ᠤᠨ ᠨᠤᠷᠮ᠎ᠠ ᠪᠠᠷ ᠦᠭᠳᠡᠭ᠂ ᠨᠢᠬᠡ ᠤᠶᠤᠪᠠᠯ ᠨᠢᠬᠡ ᠤᠶᠤᠳᠠᠯ ᠤᠨ ᠬᠢᠨᠢ ᠤᠯᠭᠤᠮᠵᠢ ᠲᠠᠢ ᠪᠠᠶᠢᠳᠠᠭ ᠲᠤᠯᠠ ᠢᠳᠡᠪᠬᠢ ᠴᠢᠨᠠᠷ ᠢᠶᠠᠷ ᠰᠠᠶᠢᠨ ᠪᠠᠶᠢᠳᠠᠭ᠃ ᠡᠬᠦᠨ ᠠᠴᠠ ᠭᠠᠳᠠᠨ᠎ᠠ ᠪᠠᠰᠠ ᠠᠵᠢᠯ ᠤᠨ ᠵᠢᠯ ᠤᠨ ᠤᠯᠭᠤᠮᠵᠢ ᠬᠡᠵᠤ ᠨᠢᠬᠡ ᠵᠢᠯ ᠠᠵᠢᠯᠯᠠᠪᠠᠯ ᠰᠠᠷ᠎ᠠ ᠪᠦᠷᠢ 200 ᠲᠦᠬᠦᠷᠢᠭ ᠦᠭᠳᠡᠭ᠂ ᠮᠢᠨᠤ ᠡ᠊ᠨᠳᠡ ᠬᠤᠪᠴᠠᠰᠤ ᠡᠰᠬᠡᠳᠡᠭ ᠪᠦᠰᠡᠬᠦᠢ ᠨᠠᠮ᠎ᠠ ᠶᠢ ᠬᠤᠷᠢ ᠭᠠᠷᠤᠢ ᠵᠢᠯ ᠲᠠᠭᠠᠴᠢᠬᠠᠯ᠎ᠠ᠂ ᠲᠡᠬᠦᠨ ᠤ ᠵᠢᠯ ᠤᠨ ᠤᠯᠭᠤᠮᠵᠢ ᠨᠢ ᠶᠡᠭᠡ ᠪᠠᠶᠢᠳᠠᠭ᠃      — ᠲᠠ ᠲᠡᠬᠡᠪᠡᠯ ᠶᠠᠳᠠᠭᠤ ᠬᠦᠴᠢᠷᠳᠡᠯᠲᠠᠢ ᠬᠦᠮᠤᠰ ᠢ ᠲᠤᠰᠠᠯᠠᠵᠤ ᠦᠩᠬᠡᠷᠡᠪᠡ ᠤᠤ︖      — ᠲᠤᠰᠠᠯᠠᠭᠰᠠᠨ᠂ ᠤᠳᠤᠭ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠶᠢᠨ 30 ᠭᠠᠷᠤᠢ ᠬᠡᠤᠬᠡᠳ ᠢ ᠲᠡᠮᠵᠢᠵᠤ ᠦᠩᠬᠡᠷᠡᠪᠡ᠃ ᠦᠤᠰᠢᠨ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠶᠢᠨ ᠶᠠᠳᠠᠭᠤ ᠬᠦᠴᠢᠷᠳᠡᠯᠲᠠᠢ ᠰᠤᠷᠤᠭᠴᠢ ᠶᠢ ᠵᠢᠷᠭᠤᠭᠠᠨ ᠵᠢᠯ ᠤᠨ ᠲᠤᠷᠰᠢ ᠲᠠᠮᠵᠢᠵᠤ ᠢᠷᠡᠯ᠎ᠡ᠃ ᠡᠨᠡ ᠵᠢᠯ ᠪᠢ ᠲᠡᠬᠦᠨ ᠢᠶᠠᠨ ᠬᠤᠪᠢᠷᠠᠭᠤᠯᠵᠤ ︽ᠦᠬᠡᠳᠡᠷᠬᠡᠭ ᠬᠡᠤᠬᠡᠳ︾ ᠬᠡᠬᠦ ᠰᠡᠳᠤᠪ ᠢᠶᠠᠷ ᠱᠠᠩᠨᠠᠯ᠎ᠠ᠃ ᠢᠩᠬᠢᠵᠤ ᠱᠠᠩᠨᠠᠬᠤ ᠨᠢ ᠬᠠᠷᠢᠨ ᠶᠠᠳᠠᠭᠤ ᠬᠦᠴᠢᠷᠳᠡᠯᠲᠠᠢ ᠬᠡᠵᠤ ᠱᠠᠩᠨᠠᠬᠤ ᠠᠴᠠ ᠰᠠᠶᠢᠨ ᠮᠡᠳᠡᠭᠳᠡᠯ᠎ᠡ᠃ ᠦᠬᠡᠳᠡᠷᠬᠡᠭ ᠬᠡᠤᠬᠡᠳ ᠪᠤᠯ ᠠᠯᠢᠪᠠ ᠲᠠᠯ᠎ᠠ ᠪᠠᠷ ᠢᠶᠠᠨ ᠴᠢᠷᠮᠠᠶᠢᠯᠳᠠ ᠲᠠᠢ ᠪᠠᠶᠢᠳᠠᠭ᠂ ᠲᠡᠳᠡᠨ ᠢ ᠤᠷᠮᠠᠰᠢᠭᠤᠯᠬᠤ ᠨᠢ ᠶᠡᠭᠡ ᠰᠠᠶᠢᠨ᠃ ᠪᠢ ᠭᠤᠤᠯᠳᠠᠭᠤ ᠮᠤᠩᠭᠤᠯ ᠬᠤᠪᠴᠠᠰᠤ ᠤᠶᠤᠵᠤ ᠲᠡᠳᠡᠨ ᠢ ᠱᠠᠩᠨᠠᠳᠠᠭ᠃ ᠰᠤᠷᠤᠬᠴᠢᠳ ᠮᠤᠩᠭᠤᠯ ᠬᠤᠪᠴᠠᠰᠤ ᠪᠠᠨ ᠡᠮᠤᠰᠬᠦ ᠪᠦᠷᠢ ᠦᠪᠠᠷ ᠢᠶᠠᠨ ᠴᠤ ᠲᠡᠷᠡ᠂ ᠦᠬᠡᠷ᠎ᠡ ᠬᠦᠮᠤᠨ ᠴᠤ ᠲᠡᠷᠡ᠂ ᠡᠨᠡ ᠬᠡᠤᠬᠡᠳ ᠪᠦᠷ ᠦᠬᠡᠳᠡᠷᠬᠡᠭ ᠬᠡᠤᠬᠡᠳ ᠬᠡᠵᠤ ᠪᠤᠳᠤᠬᠤ ᠲᠤᠳᠤᠮ ᠤᠯᠠᠮ ᠵᠤᠷᠢᠭᠵᠢᠵᠤ ᠤᠷᠤᠭᠰᠢ ᠲᠠᠪᠰᠢᠬᠤ ᠨᠢ ᠯᠠᠪᠳᠠᠢ᠃      — ᠲᠠ ᠡᠳᠤᠢ ᠵᠢᠯ ᠢᠩᠬᠢᠵᠤ ᠴᠢᠷᠮᠠᠶᠢᠵᠤ ᠵᠢᠳᠬᠦᠵᠤ ᠢᠷᠡᠯ᠎ᠡ᠃ ᠡᠨᠡ ᠲᠤᠮᠳᠠ ᠪᠠᠨ ᠱᠠᠩᠨᠠᠯ ᠬᠦᠬᠢᠬᠦᠯᠤᠯ ᠤᠯᠵᠤ ᠦᠩᠬᠡᠷᠡᠪᠡ ᠤᠤ︖      — ᠪᠡᠰᠡ ᠡᠳᠤᠢ ᠲᠡᠳᠤᠢ ᠱᠠᠩᠨᠠᠯ ᠬᠦᠬᠢᠬᠦᠯᠤᠯ ᠬᠦᠷᠳᠡᠵᠤ ᠦᠩᠬᠡᠷᠡᠭᠰᠡᠨ᠃ 2004 ᠤᠨ ᠳᠤ ᠦᠤᠰᠢᠨ ᠬᠤᠰᠢᠭᠤᠨ ᠤ ︽ᠲᠡᠷᠢᠬᠦᠨ ᠤ ᠡᠮᠡᠭᠲᠠᠢ ᠬᠤᠪᠢ ᠶᠢᠨ ᠠᠷᠠᠯᠵᠢᠶᠠᠴᠢᠨ︾ ᠢᠶᠠᠷ᠂ 2005 ᠤᠨ ᠳᠤ ᠤᠷᠳᠤᠰ ᠬᠤᠳᠠ ᠶᠢᠨ ︽ᠬᠤᠳᠠ ᠤᠷᠤᠵᠤ ᠦᠢᠯᠡᠰ ᠪᠦᠳᠤᠬᠡᠭᠰᠡᠨ ᠲᠡᠷᠢᠬᠦᠨ ᠤ ᠡᠮᠡᠭᠲᠠᠢ︾ ᠪᠠᠷ᠂ 2007 ᠤᠨ ᠳᠤ ᠲᠦᠩᠽᠢ ᠭᠠᠴᠠᠭᠠᠨ ᠠᠴᠠ ︽ᠠᠷᠠᠯᠵᠢᠶ᠎ᠠ ᠬᠢᠵᠤ ᠴᠢᠨᠡᠬᠡᠯᠢᠭᠵᠢᠭᠰᠡᠨ ᠲᠡᠷᠢᠬᠦᠨ ᠤ ᠮᠠᠯᠴᠢᠨ︾ ᠢᠶᠠᠷ ᠱᠠᠩᠨᠠᠵᠤ ᠪᠠᠶᠠᠷᠯᠠᠭᠤᠯᠪᠠ᠃ 2017 ᠤᠨ ᠳᠤ ᠦᠤᠰᠢᠨ ᠬᠤᠰᠢᠭᠤᠨ ᠤ ᠠᠩᠬᠠᠳᠤᠭᠠᠷ ᠬᠤᠭᠤᠴᠠᠭᠠᠨ ᠤ ᠦᠨᠳᠤᠰᠤᠳᠠᠨ ᠤ ᠬᠤᠪᠴᠠᠰᠤ ᠵᠠᠰᠠᠯ ᠤᠨ ᠵᠢᠷᠤᠭ ᠲᠦᠯᠦᠪᠯᠡᠭᠡᠨ ᠤ ᠤᠷᠤᠯᠳᠤᠭᠠᠨ ᠤ ᠲᠡᠷᠢᠬᠦᠨ ᠱᠠᠩ ᠢ ᠲᠤᠰᠴᠠᠢ᠃ ᠮᠢᠨᠤ ᠤᠶᠤᠬᠰᠠᠨ ᠬᠤᠪᠴᠠᠰᠤ ᠬᠤᠪᠴᠠᠰᠤᠨ ᠦᠵᠡᠬᠦᠯᠬᠡ ᠳᠤ ᠱᠠᠩᠨᠠᠯ ᠬᠦᠷᠳᠡᠭᠰᠡᠭᠡᠷ ᠲᠠᠶᠢᠰᠠᠨ ᠠᠴᠠ ᠪᠠᠭᠤᠮᠠᠭᠴᠨ ᠬᠦᠮᠤᠰ ᠬᠤᠳᠠᠯᠳᠤᠭᠠᠳ ᠠᠪᠴᠢᠬᠠᠳᠠᠭ᠃      — ᠲᠠ ᠮᠤᠩᠭᠤᠯ ᠬᠤᠪᠴᠠᠰᠤᠨ ᠤ ᠪᠤᠳᠠᠰ ᠤᠨ ᠪᠤᠰᠤ ᠰᠤᠶᠤᠯ ᠤᠨ ᠦᠪᠯᠡᠨ ᠵᠠᠯᠭᠠᠮᠵᠢᠯᠠᠭᠴᠢ ᠮᠥᠨ ᠤᠤ ︖ ᠬᠤᠵᠢᠮ ᠡᠨᠡ ᠠᠵᠢᠯ ᠢᠶᠠᠨ ᠶᠠᠭᠠᠬᠢᠵᠤ ᠬᠢᠶ᠎ᠠ ᠬᠡᠵᠤ ᠪᠤᠳᠤᠵᠤ ᠪᠠᠶᠢᠨ᠎ᠠ ᠪᠤᠢ︖      — ᠪᠢᠰᠢ ᠡ᠂ ᠬᠡᠪᠡᠴᠤ ᠤᠯᠠᠮᠵᠢᠯᠠᠯᠳᠤ ᠬᠤᠪᠴᠠᠰᠤ ᠵᠠᠰᠠᠯ ᠢ ᠪᠠᠷᠢᠮᠳᠠᠯᠠᠵᠤ ᠬᠢᠵᠤ ᠤᠷᠤᠯᠳᠤᠭᠰᠠᠭᠠᠷ ᠪᠠᠶᠢᠨ᠎ᠠ᠃ ᠬᠤᠵᠢᠮ ᠴᠤ ᠡᠨᠡ ᠲᠠᠯ᠎ᠠ ᠪᠠᠷ ᠨᠡᠩ ᠢᠯᠡᠬᠦᠤ ᠴᠢᠷᠮᠠᠶᠢᠵᠤ᠂ ᠢᠳᠡᠬᠡᠯ ᠬᠦᠨᠳᠤ᠂ ᠶᠠᠰᠤ ᠴᠢᠨᠠᠷ ᠵᠡᠷᠬᠡ ᠲᠠᠯ᠎ᠠ ᠪᠠᠨ ᠦᠷᠬᠦᠯᠵᠢᠯᠠᠨ ᠪᠠᠷᠢᠮᠳᠠᠯᠠᠶ᠎ᠠ ᠬᠡᠵᠤ ᠪᠤᠳᠤᠵᠤ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号