2017 ᠣᠨ ᠤ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯ ᠤᠨ ᠳᠦᠰᠥᠯ ᠢ ᠳᠠᠷᠣᠮᠠᠯᠯᠠᠨ ᠳᠠᠷᠬᠠᠭᠠᠬᠤ ᠲᠣᠬᠠᠢ ᠦᠦᠰᠢᠨ ᠬᠤᠰᠢᠭᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠬᠡᠷ ᠤᠨ ᠮᠡᠳᠡᠭᠳᠡᠯ
ᠨᠡᠶᠢᠲᠡᠯᠡᠭᠰᠡᠨ ᠴᠠᠭ᠄
2018-04-10
ᠡᠯ᠎ᠡ ᠠᠵᠣ ᠠᠬᠤᠢ ᠶᠢᠨ ᠨᠡᠬᠡᠬᠡᠯᠳᠡ ᠶᠢᠨ ᠲᠣᠭᠤᠷᠢᠭ ︵ᠬᠦᠷᠢᠶᠠᠯᠠᠩ︶ ᠤᠨ ᠬᠠᠮᠢᠶᠠᠷᠣᠯᠲᠠ ᠶᠢᠨ ᠵᠦᠪᠯᠡᠯ᠂ ᠡᠯ᠎ᠡ ᠰᠣᠮᠣ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ  ᠰᠠᠯᠠᠭ᠎ᠠ ᠮᠦᠴᠢᠷ᠂ ᠡᠯ᠎ᠡ ᠰᠢᠭᠤᠳ ᠬᠠᠷᠢᠶ᠎ᠠ ᠨᠢᠬᠡᠴᠡ ᠵᠢᠴᠢ ᠠᠵᠣ ᠠᠬᠤᠶᠢᠯᠡᠯ ᠠᠵᠢᠯ ᠣᠶᠢᠯᠡᠰ ᠤᠨ ᠪᠠᠶᠢᠭᠤᠯᠭ᠎ᠠ᠄    ︽2017 ᠣᠨ ᠤ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯ ᠤᠨ ᠲᠦᠰᠥᠯ︾   ᠢ ᠬᠤᠰᠢᠭᠤ ᠠᠷᠠᠳ ᠤᠨ ᠵᠠᠰᠠᠭ ᠤᠨ ᠣᠷᠳᠣᠨ ᠢᠶᠠᠷ ᠵᠦᠪᠰᠢᠶᠠᠷᠡᠬᠦᠯᠵᠣ᠂ ᠡᠳᠦᠬᠡ ᠳᠠᠨᠡᠷ ᠲᠤ ᠳᠠᠷᠣᠮᠠᠯᠯᠠᠨ ᠳᠠᠷᠬᠠᠭᠠᠪᠠ᠂ ᠡᠯ᠎ᠡ ᠪᠠᠶᠢᠭᠤᠯᠭ᠎ᠠ ᠨᠢᠬᠡᠴᠡ ᠳᠡᠬᠡᠳᠣ ᠬᠡᠮᠵᠢᠶ᠎ᠠ  ᠪᠠᠷ ᠴᠢᠬᠤᠯᠠᠴᠢᠯᠠᠨ᠂ ᠨᠠᠷᠢᠨ ᠬᠢᠨᠠᠮᠠᠭᠠᠢ ᠵᠣᠬᠢᠶᠠᠨ ᠪᠠᠶᠢᠭᠤᠯᠣᠨ ᠬᠡᠷᠡᠭᠵᠢᠬᠦᠯᠦᠬᠡᠷᠡᠢ᠃    ᠦᠣᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠬᠡᠷ    2017 ᠣᠨ ᠤ 3 ᠰᠠᠷ᠎ᠠ ᠶᠢᠨ28 ᠡᠳᠦᠷ    2017 ᠣᠨ ᠤ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ    ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯ ᠤᠨ ᠳᠦᠰᠥᠯ    ᠣᠳᠣᠬᠠᠨ ᠤ ᠠᠰᠢᠭᠳᠡᠢ ᠨᠦᠬᠦᠴᠡᠯ ᠢ ᠠᠰᠢᠭᠯᠠᠨ᠂ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠣᠷᠣᠰᠬᠠᠯ ᠢ ᠦᠷᠨᠦᠬᠦᠯᠥᠨ᠎ᠠ᠃ ᠪᠦᠬᠦ ᠵᠢᠯ  ᠤᠨ ᠠᠮᠢ ᠠᠬᠤᠢ ᠶᠢᠨ ᠪᠦᠳᠦᠬᠡᠨ ᠪᠠᠶᠢᠭᠤᠯᠣᠯᠳᠠ ᠶᠢᠨ ᠠᠵᠢᠯ ᠤᠨ ᠪᠠᠶᠢᠷᠢᠯᠠᠭᠤᠯᠣᠯᠳᠠ ᠶᠣᠰᠣᠭᠠᠷ ᠬᠤᠰᠢᠭᠤ ᠠᠷᠠᠳ  ᠤᠨ ᠵᠠᠰᠠᠭ ᠤᠨ ᠣᠷᠳᠣᠨ ᠠᠴᠠ 2017 ᠣᠨ ᠤ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ  ᠤᠨ ᠣᠯᠠᠷᠢᠯ ᠤᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯ ᠢ ᠦᠷᠨᠢᠬᠦᠯᠬᠦ ᠪᠠᠷ ᠳᠣᠭᠳᠠᠪᠠ᠃ ᠡᠳᠦᠬᠡ ᠮᠠᠨ  ᠤ ᠬᠤᠰᠢᠭᠤᠨ ᠤ ᠪᠣᠳᠠᠳᠣ ᠪᠠᠶᠢᠳᠠᠯ ᠲᠠᠢ ᠣᠶᠠᠯᠳᠣᠭᠤᠯᠣᠨ ᠳᠣᠰ ᠲᠦᠰᠥᠯ ᠢ ᠳᠣᠭᠳᠠᠭᠠᠪᠠ᠃    ᠨᠢᠬᠡ᠂ ᠵᠢᠯᠣᠭᠤᠳᠬᠤ ᠦᠵᠡᠯ ᠰᠠᠨᠠᠭ᠎ᠠ    ᠨᠠᠮ ᠤᠨ ᠠᠷᠪᠠᠨ ᠨᠠᠢᠮᠠᠳᠣᠭᠠᠷ ᠶᠡᠭᠡ ᠬᠤᠷᠠᠯ ᠪᠠ ᠠᠷᠪᠠᠨ ᠨᠠᠢᠮᠠᠳᠣᠭᠠᠷ ᠬᠤᠭᠤᠴᠠᠭᠠᠨ ᠤ ᠭᠤᠷᠪᠠᠳᠣᠭᠠᠷ᠂ ᠲᠦᠷᠪᠠᠳᠣᠭᠡᠷ᠂ ᠳᠠᠪᠣᠳᠣᠭᠠᠷ᠂ ᠵᠢᠷᠭᠤᠳᠣᠭᠠᠷ ᠪᠦᠬᠦᠳᠠ ᠬᠤᠷᠠᠯ ᠤᠨ ᠵᠣᠷᠢᠭ ᠰᠠᠨᠠᠭ᠎ᠠ ᠪᠠᠷ ᠵᠢᠯᠣᠭᠤᠳᠣᠯᠭ᠎ᠠ ᠪᠣᠯᠭᠠᠨ ᠂ ᠰᠢ ᠶᠢᠨ ᠫᠢᠩ ᠶᠡᠷᠦᠩᠬᠡᠢ ᠱᠦᠵᠢ ᠦᠪᠣᠷ ᠮᠣᠩᠭᠤᠯ ᠢ ᠰᠢᠨᠵᠢᠯᠡᠨ ᠪᠠᠶᠢᠴᠠᠭᠠᠬᠤ ᠦᠶᠠᠰ ᠤᠨ ᠴᠢᠬᠤᠯᠠ ᠶᠠᠷᠢᠶᠠᠨ  ᠤ ᠵᠣᠷᠢᠭ ᠰᠠᠨᠠᠭ᠎ᠠ ᠶᠢ ᠬᠦᠨᠵᠡᠬᠡᠢ ᠳᠣᠣᠱᠯᠠᠭᠤᠯᠣᠨ᠂ ᠠᠮᠢ ᠠᠬᠤᠢ ᠶᠢᠨ ᠪᠣᠯᠪᠠᠰᠣᠨ ᠤ ᠪᠦᠳᠦᠬᠡᠨ ᠪᠠᠶᠢᠭᠤᠯᠣᠯᠳᠠ ᠪᠠ ᠣᠷᠣᠰᠢᠨ ᠰᠠᠭᠤᠷᠢᠰᠢᠵᠣ ᠠᠵᠢᠯᠯᠠᠬᠤ ᠳᠤ ᠳᠣᠬᠢᠳᠡᠢ ᠠᠮᠢ ᠠᠬᠤᠢ ᠶᠢᠨ ᠬᠡᠯᠪᠠᠷᠢᠳᠣ ᠰᠣᠶᠣᠯ ᠤᠨ ᠬᠤᠳᠠ ᠪᠠᠯᠭᠠᠰᠣ ᠶᠢ ᠪᠣᠢ ᠪᠣᠯᠭᠠᠬᠤ ᠬᠠᠷᠠᠯᠳᠠ ᠶᠢᠨ ᠳᠣᠭᠤᠷᠢᠨ ᠳᠤ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠱᠠᠭᠠᠷᠳᠠᠯᠭ᠎ᠠ ᠶᠣᠰᠣᠭᠠᠷ ᠠᠮᠢ ᠠᠬᠤᠢ ᠶᠢᠨ ᠳᠠᠪᠠᠭᠤᠯᠢᠭ ᠢ ᠦᠷᠬᠦᠯᠵᠡᠬᠦᠶᠢᠴᠡ ᠬᠦᠭᠵᠢᠯᠳᠡ ᠶᠢᠨ ᠳᠠᠪᠠᠭᠤᠯᠢᠭ ᠪᠣᠯᠭᠠᠨ ᠠᠵᠣ ᠠᠬᠤᠢ ᠶᠢᠨ ᠣᠢ ᠵᠢᠴᠢ ᠪᠣᠷᠳᠣᠭᠠᠨ ᠣᠢ ᠶᠢᠨ ᠪᠠᠶᠢᠭᠤᠯᠣᠯᠳᠠ ᠶᠢ ᠶᠡᠬᠡᠪᠡᠷ ᠳᠡᠯᠬᠡᠷᠡᠬᠦᠯᠵᠣ᠂ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠪᠠᠷ ᠳᠠᠮᠵᠢᠨ ᠠᠮᠢ ᠠᠬᠤᠢ ᠶᠢᠨ ᠳᠠᠪᠠᠭᠤᠯᠢᠭ ᠢ ᠦᠷᠬᠦᠯᠵᠡᠬᠦᠶᠢᠴᠡ ᠬᠦᠭᠵᠢᠯᠳᠡ ᠶᠢᠨ ᠳᠠᠪᠠᠭᠤᠯᠢᠭ ᠪᠣᠯᠭᠠᠨ ᠬᠤᠪᠢᠷᠠᠭᠤᠯᠬᠤ ᠶᠢᠨ ᠬᠠᠮᠳᠣ ︽ᠬᠦᠬᠡᠬᠤᠳᠠ᠂ ᠪᠣᠭᠤᠳᠣ᠂ ᠣᠷᠳᠣᠰ ᠤᠨ ᠬᠠᠮᠵᠢᠯᠴᠠᠭ᠎ᠠ ᠬᠦᠭᠵᠢᠯᠳᠡ ᠶᠢᠨ ᠣᠷᠳᠣᠰ ᠬᠤᠳᠠ ᠶᠢᠨ ᠦᠨᠣ ᠡᠪᠣᠯ ᠳᠠᠷᠠᠭ᠎ᠠ ᠬᠠᠪᠣᠷ ᠤᠨ ᠣᠢ ᠰᠢᠭᠤᠢ ᠠᠮᠢ ᠠᠬᠤᠢ ᠶᠢᠨ ᠪᠦᠳᠦᠬᠡᠨ ᠪᠠᠶᠢᠭᠤᠯᠣᠯᠳᠠ ᠶᠢᠨ ᠬᠡᠷᠡᠭᠵᠢᠬᠦᠯᠬᠦ ᠳᠦᠰᠥᠯ︾ ᠢ ᠦᠨᠳᠣᠰᠣᠯᠡᠨ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠦᠵᠡᠰᠬᠦᠯᠡᠩᠳᠣ ᠰᠠᠶᠢᠬᠠᠨ ᠭᠠᠴᠠᠭ᠎ᠠ ᠳᠣᠰᠬᠤᠨ ᠤ ᠪᠦᠳᠦᠬᠡᠨ ᠪᠠᠶᠢᠭᠤᠯᠣᠯᠳᠠ ᠲᠠᠢ ᠣᠶᠠᠯᠳᠣᠭᠤᠯᠣᠨ᠂ ᠪᠦᠬᠦ ᠠᠷᠠᠳ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭᠠᠨ ᠢ ᠬᠦᠴᠦᠳᠡᠢ ᠠᠬᠢᠭᠤᠯᠵᠣ᠂ ᠨᠣᠭᠤᠭᠠᠷᠠᠭᠤᠯᠬᠤ ᠂ ᠨᠣᠭᠤᠭᠠᠷᠠᠭᠤᠯᠣᠯᠳᠠ ᠶᠢ ᠬᠠᠮᠠᠭᠠᠯᠠᠬᠤ ᠬᠠᠶᠢᠷᠠᠯᠠᠬᠤ ᠪᠣᠯᠪᠠᠰᠣᠨ ᠰᠢᠨ᠎ᠡ ᠰᠣᠷᠳᠠᠯ ᠢ ᠪᠠᠳᠠᠷᠠᠭᠤᠯᠣᠨ ᠪᠦᠬᠦ ᠨᠠᠮ ᠠᠷᠠᠳ ᠬᠦᠳᠡᠯᠣᠯᠴᠡᠨ ᠪᠦᠬᠦ ᠨᠡᠶᠢᠬᠡᠮ ᠢᠶᠠᠷ ᠢᠶᠠᠨ ᠣᠷᠣᠯᠴᠠᠭᠰᠠᠨ ᠰᠠᠶᠢᠨ ᠰᠠᠶᠢᠬᠠᠨ ᠬᠦᠳᠡᠯᠬᠡᠬᠡᠨ ᠢ ᠪᠣᠢ ᠪᠣᠯᠭᠠᠨ᠂ ᠨᠡᠩ ᠦᠵᠡᠰᠬᠦᠯᠡᠩᠳᠣ ᠰᠠᠶᠢᠬᠠᠨ ᠨᠣᠮᠢᠨ ᠳᠠᠩᠰᠤᠭ ᠦᠣᠰᠢᠨ ᠢ ᠪᠦᠬᠦ ᠳᠠᠯ᠎ᠠ ᠪᠠᠷ ᠪᠠᠶᠢᠭᠤᠯᠬᠤ ᠳᠤ ᠰᠢᠨ᠎ᠡ ᠬᠤᠪᠢ ᠨᠡᠮᠡᠷᠢ ᠦᠵᠡᠬᠦᠯᠥᠨ᠎ᠠ᠃    ᠬᠤᠶᠡᠷ᠂ ᠠᠵᠢᠯ ᠤᠨ ᠡᠬᠦᠷᠬᠡ    ᠳᠣᠰ ᠤᠳᠠᠭᠠᠨ ᠤ ᠠᠵᠢᠯᠯᠠᠭᠠᠨ ᠢ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠨᠢᠬᠡᠳᠣᠯᠳᠡᠢ ᠵᠣᠬᠢᠶᠠᠨ ᠪᠠᠶᠢᠭᠤᠯᠵᠣ᠂ ᠬᠤᠰᠢᠭᠤ ᠣᠢ ᠰᠢᠭᠤᠢ ᠶᠢᠨ ᠳᠣᠪᠴᠢᠶ᠎ᠠ ᠪᠣᠳᠠᠳᠠᠢ ᠬᠠᠷᠢᠭᠤᠴᠠᠨ ᠪᠦᠬᠦ ᠵᠢᠯ ᠳᠤ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢ ᠨᠠᠶᠢᠳᠠ 8.6 ᠲᠦᠮᠡᠨ ᠮᠤ᠋ ︵ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢ 2.2 ᠲᠦᠮᠡᠨ ᠮᠣ᠋︶ ᠪᠠᠶᠠᠯᠡᠬᠦᠯᠵᠣ᠂ ᠠᠮᠠᠨᠴᠢᠷᠠᠭ᠎ᠠ ᠠᠴᠠ ᠪᠠᠭ᠎ᠠ ᠬᠤᠭᠤᠯᠠᠶᠢᠳᠣ ᠬᠦᠷᠬᠦ ᠵᠠᠰᠠᠮᠠᠯ ᠵᠠᠮ ᠤᠨ ᠱᠤᠭᠤᠮ ᠤᠨ ᠠᠯᠪᠡᠨ ᠵᠢᠷᠣᠮ  ᠤᠨ ᠣᠶᠢᠵᠢᠭᠤᠯᠭ᠎ᠠ ᠶᠢᠨ ᠳᠠᠭᠤᠷᠢᠶᠠᠯ ᠰᠠᠭᠤᠷᠢᠨ ᠭᠠᠵᠠᠷ ᠢ 1 ᠪᠠᠶᠢᠭᠤᠯᠣᠨ᠎ᠠ᠃  ᠬᠠᠷᠢᠶ᠎ᠠ ᠣᠷᠣᠨ ᠳᠤᠨᠢ ᠬᠠᠮᠢᠶᠠᠷᠬᠤ ᠪᠠ ᠬᠡᠰᠡᠭ ᠬᠤᠪᠢᠶᠠᠨ ᠬᠠᠷᠢᠭᠤᠴᠠᠬᠤ ᠵᠠᠷᠴᠢᠮ ᠢ ᠵᠢᠷᠣᠮᠯᠠᠨ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶᠂ ᠡᠯ᠎ᠡ ᠰᠠᠯᠠᠭ᠎ᠠ ᠮᠦᠴᠢᠷ ᠨᠣᠭᠤᠭᠠᠷᠠᠭᠤᠯᠬᠤ ᠡᠬᠦᠷᠬᠡ ᠪᠠᠨ ᠨᠠᠷᠢᠨ ᠬᠢᠨᠠᠮᠠᠭᠠᠢ ᠬᠦᠢᠴᠡᠳᠬᠡᠨ᠎ᠠ᠃    ᠭᠤᠷᠪᠠ᠂ ᠠᠵᠢᠯ ᠤᠨ ᠳᠣᠬᠢᠷᠠᠭᠤᠯᠣᠯᠳᠠ    ︵ᠨᠢᠬᠡ︶ ᠴᠠᠭ ᠤᠨ ᠳᠣᠬᠢᠷᠠᠭᠤᠯᠣᠯᠳᠠ᠃ ᠡᠨᠡ ᠡᠳᠦᠷ ᠠᠴᠠ ᠡᠬᠢᠯᠡᠵᠣ  — 4 ᠰᠠᠷ᠎ᠠ ᠶᠢᠨ 5 ᠤ ᠡᠳᠦᠷ ᠪᠣᠯᠳᠠᠯ᠎ᠠ ᠪᠣᠯ ᠣᠬᠠᠭᠤᠯᠭ᠎ᠠ ᠬᠢᠬᠦ ᠳᠠᠶᠢᠴᠢᠯᠡᠬᠤ᠂ ᠡᠬᠦᠷᠬᠡ ᠬᠤᠪᠢᠶᠠᠷᠢᠯᠠᠬᠤ ᠱᠠᠳᠣ︔ 4 ᠰᠠᠷ᠎ᠠ ᠶᠢᠨ 6 ᠤ ᠡᠳᠦᠷ  ᠠᠴᠠ — 4 ᠰᠠᠷ᠎ᠠ ᠶᠢᠨ 14 ᠤ ᠡᠳᠦᠷ ᠪᠣᠯᠳᠠᠯ᠎ᠠ ᠪᠣᠯ ᠲᠥᠪᠯᠡᠷᠡᠬᠦᠯᠥᠨ ᠣᠶᠢᠵᠢᠭᠤᠯᠬᠤ ᠱᠠᠳᠣ︔ 4 ᠰᠠᠷ᠎ᠠ ᠶᠢᠨ 15 ᠤ ᠡᠳᠦᠷ — 5 ᠰᠠᠷ᠎ᠠ ᠶᠢᠨ 1 ᠤ ᠡᠳᠦᠷ ᠪᠣᠯᠳᠠᠯ᠎ᠠ ᠠᠩᠬ᠎ᠠ   ᠠᠯᠬᠤᠮ ᠤᠨ ᠰᠢᠯᠭᠠᠨ ᠬᠤᠷᠢᠶᠠᠬᠤ ᠱᠠᠳᠣ︔ 8 ᠰᠠᠷ᠎ᠠ ᠶᠢᠨ 15 ᠤ ᠡᠳᠦᠷ — 9 ᠰᠠᠷ᠎ᠠ ᠶᠢᠨ 1 ᠤ ᠡᠳᠦᠷ ᠪᠣᠯᠳᠠᠯ᠎ᠠ ᠪᠦᠬᠦ ᠳᠠᠯ᠎ᠠ ᠪᠠᠷ ᠰᠢᠯᠭᠠᠨ ᠬᠤᠷᠢᠶᠠᠬᠤ ᠱᠠᠳᠣ᠃    ︵ᠬᠤᠶᠡᠷ︶ ᠨᠠᠶᠢᠳᠠᠪᠣᠷᠢᠵᠢᠭᠤᠯᠬᠤ ᠬᠦᠷᠢᠶ᠎ᠡ ᠬᠡᠪᠴᠢᠶ᠎ᠠ᠃ ᠡᠯ᠎ᠡ ᠠᠵᠣ ᠠᠬᠤᠢ ᠶᠢᠨ ᠨᠡᠬᠡᠬᠡᠯᠳᠡ ᠶᠢᠨ ᠲᠣᠭᠤᠷᠢᠭ ︵ᠬᠦᠷᠢᠶᠠᠯᠠᠩ︶᠂ ᠡᠯ᠎ᠡ ᠰᠣᠮᠣ ᠪᠠᠯᠭᠠᠰᠣᠨ ᠤ ᠭᠤᠣᠯᠳᠠᠯᠭᠠᠳᠣ ᠵᠠᠮ ᠬᠠᠷᠢᠯᠴᠠᠭᠠᠨ ᠤ ᠴᠢᠬᠤᠯᠠ ᠱᠣᠭᠤᠮ ᠳᠠᠭᠠᠣ᠂ ᠬᠤᠳᠠ ᠶᠢᠨ ᠳᠣᠭᠤᠷᠢᠭ ᠤᠨ ᠣᠷᠣᠵᠣ ᠭᠠᠷᠬᠤ ᠡᠬᠦᠳᠡ᠂ ᠬᠤᠳᠠ ᠬᠦᠳᠡᠭᠡ ᠶᠢᠨ ᠠᠭᠤᠯᠵᠠᠷ ᠵᠡᠷᠬᠡ ᠭᠠᠵᠠᠷ︔ ᠭᠠᠴᠠᠭ᠎ᠠ ᠳᠣᠰᠬᠤᠨ ᠤ ᠪᠠ ︽3+1︾ ᠶᠢᠨ ᠳᠠᠭᠠᠭᠠᠴᠢᠯᠡᠨ ᠳᠡᠳᠬᠦᠬᠦ ᠨᠢᠬᠡᠴᠡ ᠨᠢ ᠭᠠᠴᠠᠭ᠎ᠠ ᠳᠣᠰᠬᠤᠨ ᠳᠤ ᠨᠡᠪᠳᠡᠷᠡᠬᠦ ᠵᠠᠰᠠᠮᠠᠯ ᠵᠠᠮ ᠤᠨ ᠬᠤᠶᠠᠷ ᠳᠠᠯ᠎ᠠ᠂ ᠮᠠᠯᠴᠢᠨ ᠳᠠᠷᠢᠶᠠᠴᠢᠨ ᠠᠵᠢᠯ ᠤᠨ ᠬᠡᠷ ᠤᠨ ᠠᠷᠣ ᠡᠮᠣᠨ᠎ᠠ᠂ ᠳᠠᠷᠢᠶᠠᠨ ᠭᠠᠵᠠᠷ ᠤᠨ ᠬᠠᠵᠠᠭᠤ ᠬᠠᠪᠢ ᠵᠢᠴᠢ ᠪᠣᠰᠣᠳ  ᠣᠶᠢᠵᠢᠭᠤᠯᠵᠣ ᠪᠣᠯᠬᠤ ᠭᠠᠵᠠᠷ ᠣᠷᠣᠨ︔ ᠦᠨᠳᠣᠰᠣᠨ ᠱᠠᠳᠣᠨ ᠤ ᠣᠢ ᠰᠢᠭᠤᠢ ᠶᠢᠨ ᠦᠷᠳᠡᠭᠡ ᠪᠠ ᠣᠯᠣᠰ ᠤᠨ ᠦᠮᠴᠢᠯᠡᠯᠳᠣ ᠣᠢ ᠰᠢᠭᠤᠢ ᠶᠢᠨ ᠳᠠᠯᠠᠪᠣᠷ ᠦᠷᠳᠡᠭᠡ ᠬᠦᠷᠬᠦ ᠵᠠᠰᠠᠮᠠᠯ ᠵᠠᠮ ᠤᠨ ᠬᠤᠶᠡᠷ ᠳᠠᠯ᠎ᠠ᠂ ᠳᠠᠯᠠᠪᠣᠷ ᠦᠷᠳᠡᠬᠡᠨ ᠤ ᠳᠣᠳᠣᠷ ᠳᠠᠯ᠎ᠠ ᠵᠢᠴᠢ ᠪᠣᠰᠣᠳ ᠣᠶᠢᠵᠢᠭᠤᠯᠵᠣ ᠪᠣᠯᠬᠤ ᠭᠠᠵᠠᠷ ᠣᠷᠣᠨ ᠵᠡᠷᠬᠡ ᠪᠠᠶᠢᠵᠣ ᠭᠤᠣᠯᠳᠠᠯᠭᠠᠳᠣ ᠣᠷᠣᠨ ᠪᠣᠯᠣᠨ᠎ᠠ᠃    ︵ᠭᠤᠷᠪᠠ︶ ᠣᠷᠣᠯᠴᠠᠬᠤ ᠬᠦᠮᠦᠨ᠃ ᠪᠦᠬᠦ ᠬᠤᠰᠢᠭᠤᠨ ᠤ ᠨᠠᠮ ᠵᠠᠰᠠᠭ ᠤᠨ ᠠᠯᠪᠠᠨ ᠪᠠᠶᠢᠭᠤᠯᠭ᠎ᠠ᠂ ᠠᠵᠢᠯ ᠣᠶᠢᠯᠡᠰ ᠤᠨ ᠨᠢᠬᠡᠴᠡ᠂ ᠨᠡᠶᠢᠬᠡᠮ ᠤᠨ ᠪᠦᠯᠬᠦᠮ᠂ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ ᠵᠢᠴᠢ ᠠᠵᠣ ᠠᠬᠤᠶᠢᠯᠡᠯ ᠤᠨ ᠠᠵᠢᠯᠳᠠᠨ᠂ ᠳᠣᠬᠠᠢ ᠶᠢᠨ ᠭᠠᠵᠠᠷ ᠶᠢᠨ ᠮᠠᠯᠴᠢᠨ ᠳᠠᠷᠢᠶᠠᠴᠢᠨ᠃ ᠬᠦᠮᠦᠨ ᠪᠦᠷᠢ ᠶᠢᠨ ᠣᠷᠣᠯᠴᠠᠭᠰᠠᠨ ᠡᠳᠦᠷ ᠤᠨ ᠳᠤᠭ᠎ᠠ 7 ᠠᠵᠢᠯ ᠤᠨ ᠡᠳᠦᠷ ᠠᠴᠠ ᠳᠣᠳᠠᠭᠤ ᠪᠠᠶᠢᠵᠣ ᠪᠣᠯᠬᠤ ᠦᠬᠡᠢ︔    ︵ᠲᠦᠷᠪᠠ︶ ᠡᠬᠦᠷᠬᠡ ᠬᠠᠷᠢᠭᠤᠴᠠᠯᠭ᠎ᠠ ᠶᠢᠨ ᠬᠤᠪᠢᠶᠠᠷᠢᠯᠠᠯᠳᠠ᠃ ︽ᠬᠠᠷᠢᠶ᠎ᠠ ᠣᠷᠣᠨ ᠳᠤᠨᠢ ᠬᠠᠮᠢᠶᠠᠷᠬᠤ︾ ᠵᠠᠷᠴᠢᠮ ᠤᠨ ᠶᠣᠰᠣᠭᠠᠷ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶᠂ ᠡᠯ᠎ᠡ ᠰᠣᠮᠣ ᠪᠠᠯᠭᠠᠰᠣ᠂ ᠡᠯ᠎ᠡ ᠰᠠᠯᠠᠭ᠎ᠠ ᠮᠦᠴᠢᠷ ᠨᠢ ᠨᠠᠷᠢᠨ ᠬᠢᠨᠠᠮᠠᠭᠠᠢ ᠬᠠᠷᠢᠭᠤᠴᠠᠵᠣ᠂ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ   ᠶᠢᠨ ᠠᠵᠢᠯ ᠢᠶᠠᠨ ᠪᠦᠬᠦ ᠳᠠᠯ᠎ᠠ ᠪᠠᠷ ᠰᠠᠶᠢᠳᠣᠷ ᠬᠢᠨ᠎ᠡ᠃ ᠪᠦᠬᠦ ᠬᠤᠰᠢᠭᠤᠨ ᠤ ᠨᠠᠮ ᠵᠠᠰᠠᠭ ᠤᠨ ᠪᠠᠶᠢᠭᠤᠯᠭ᠎ᠠ᠂ ᠠᠵᠢᠯ ᠣᠶᠢᠯᠡᠰ ᠤᠨ ᠨᠢᠬᠡᠴᠡ᠂ ᠰᠢᠶᠠᠨ ᠤ ᠳᠠᠰ  ᠤᠨ ᠣᠳᠣᠷᠢᠳᠣᠯᠭ᠎ᠠ᠂ ᠴᠡᠩ ᠴᠢᠩ ᠤᠨ ᠰᠢᠳᠠᠮᠠᠬᠠᠢ ᠬᠡᠢ ᠶᠢᠨ ᠠᠭᠤᠷᠬᠠᠢ ᠶᠢᠨ ᠲᠦᠷᠥᠯ ᠵᠣᠶᠢᠯ ᠤᠨ ᠭᠠᠵᠠᠷ᠂ ᠨᠠᠶᠢᠬᠡᠮ ᠤᠨ ᠪᠦᠯᠬᠦᠮ ᠨᠢ ᠠᠯᠪᠠᠨ ᠵᠢᠷᠣᠮ ᠤᠨ ᠣᠶᠢᠵᠢᠭᠤᠯᠭ᠎ᠠ ᠶᠢᠨ ᠳᠠᠭᠠᠭᠠᠨ ᠠᠪᠣᠭᠰᠠᠨ ᠡᠬᠦᠷᠬᠡ ᠪᠠᠨ ᠪᠠᠶᠠᠯᠠᠬᠦᠯᠥᠨ᠎ᠠ︔ ᠬᠤᠰᠢᠭᠤ ᠣᠢ ᠰᠢᠭᠤᠢ ᠶᠢᠨ ᠳᠣᠪᠴᠢᠶ᠎ᠠ ᠨᠢ ᠠᠯᠪᠡᠨ ᠵᠢᠷᠣᠮ ᠤᠨ ᠣᠶᠢᠵᠢᠭᠤᠯᠭ᠎ᠠ ᠶᠢᠨ ᠰᠠᠭᠤᠷᠢᠨ ᠭᠠᠵᠠᠷ ᠢ ᠰᠣᠩᠭᠤᠬᠤ ᠵᠢᠴᠢ ᠣᠶᠢᠵᠢᠭᠤᠯᠬᠤ ᠬᠠᠮᠢᠶᠠᠷᠣᠯᠳᠠ ᠶᠢᠨ ᠠᠵᠢᠯ ᠢ ᠬᠠᠷᠢᠭᠤᠴᠠᠵᠣ᠂ ᠡᠯ᠎ᠡ ᠪᠠᠶᠢᠭᠤᠯᠭ᠎ᠠ ᠨᠢᠬᠡᠴᠡ ᠲᠠᠢ ᠬᠠᠮᠵᠢᠯᠴᠠᠨ ᠣᠶᠢᠵᠢᠭᠤᠯᠭ᠎ᠠ ᠶᠢᠨ ᠠᠵᠢᠯ ᠢ ᠵᠣᠬᠢᠴᠠᠭᠤᠯᠣᠨ᠎ᠠ ︵ᠭᠤᠣᠯ ᠪᠣᠯᠬᠤ ᠵᠠᠮ ᠬᠠᠷᠢᠯᠴᠠᠭᠠᠨ ᠤ ᠵᠠᠮ ᠱᠤᠭᠤᠮ ᠤᠨ ᠬᠤᠶᠡᠷ ᠳᠠᠯ᠎ᠠ᠂ ᠳᠠᠯᠠᠪᠣᠷ ᠦᠷᠳᠡᠬᠡᠨ ᠤ ᠳᠣᠣᠷ᠎ᠠ ᠣᠨᠠᠯᠳᠠᠳᠣ ᠣᠢ᠂ ᠮᠠᠭᠤᠵᠢᠷᠠᠭᠰᠠᠨ ᠣᠢ ᠶᠢᠨ ᠦᠬᠡᠷᠡᠴᠢᠯᠡᠯᠳᠡ︶︔ ᠬᠤᠰᠢᠭᠤ ᠰᠣᠷᠭᠠᠨ ᠬᠦᠮᠦᠵᠢᠯ ᠤᠨ ᠰᠢᠰᠲ᠋ᠧᠮ ᠨᠢ ᠪᠦᠬᠦ ᠬᠤᠰᠢᠭᠤᠨ ᠤ ᠳᠣᠮᠳᠠ ᠪᠠᠭ᠎ᠠ ᠰᠣᠷᠭᠠᠭᠤᠯᠢ ᠶᠢᠨ ᠬᠦᠷᠢᠶ᠎ᠠ ᠵᠢᠴᠢ ᠬᠠᠵᠠᠭᠤ ᠬᠠᠪᠢ ᠶᠢᠨ ᠨᠣᠭᠤᠭᠠᠷᠠᠭᠤᠯᠣᠯᠳᠠ ᠪᠠ ᠦᠬᠡᠷᠡᠴᠢᠯᠡᠯᠳᠡ ᠶᠢ ᠬᠠᠷᠢᠭᠤᠴᠠᠨ᠎ᠠ︔᠃ ᠬᠤᠰᠢᠭᠤ ᠡᠨᠧᠷᠬᠢ ᠬᠢᠮᠢ ᠶᠢᠨ ᠠᠵᠣ ᠣᠶᠢᠯᠡᠳᠪᠣᠷᠢ ᠶᠢᠨ ᠰᠠᠭᠤᠷᠢᠨ ᠭᠠᠵᠠᠷ ᠤᠨ ᠪᠦᠳᠦᠬᠡᠨ ᠪᠠᠶᠢᠭᠤᠯᠣᠯᠳᠠ ᠶᠢᠨ ᠠᠯᠪᠡᠨ ᠬᠡᠷ ᠨᠢ ᠴᠠᠩ ᠴᠢᠩ ᠤᠨ ᠰᠢᠳᠠᠮᠠᠬᠠᠢ ᠬᠡᠢ ᠶᠢᠨ ᠠᠭᠤᠷᠬᠠᠢ  ᠶᠢᠨ ᠲᠦᠷᠥᠯ ᠵᠣᠶᠢᠯ ᠤᠨ ᠬᠡᠯᠳᠡᠰ ᠤᠨ ᠬᠠᠷᠢᠶᠠᠨ ᠳᠠᠬᠢ ᠠᠵᠣ ᠠᠬᠤᠶᠢᠯᠡᠯ ᠤᠨ ᠠᠵᠢᠯᠳᠠᠨ ᠤ ᠣᠶᠢᠵᠢᠭᠤᠯᠵᠣ ᠨᠣᠭᠤᠭᠠᠷᠠᠭᠤᠯᠬᠤ ᠠᠵᠢᠯ ᠢ ᠵᠢᠯᠣᠭᠤᠳᠬᠤ ᠶᠢ ᠬᠠᠷᠢᠭᠤᠴᠠᠨ᠎ᠠ᠃ ᠬᠤᠰᠢᠭᠤ ᠠᠷᠠᠳ ᠤᠨ ᠵᠠᠪᠰᠡᠭᠳᠣ ᠬᠦᠴᠦᠨ ᠤ ᠬᠡᠯᠳᠡᠰ ᠨᠢ ︽ᠡᠷᠦᠬᠡ ᠶᠢᠨ ᠴᠡᠷᠢᠭ ᠤᠨ ᠣᠢ︾ ᠶᠢᠨ ᠪᠦᠳᠦᠬᠡᠨ ᠪᠠᠶᠢᠭᠤᠯᠣᠯᠳᠠ ᠶᠢ ᠬᠠᠷᠢᠭᠤᠴᠠᠨ᠎ᠠ︔ ᠡᠪ ᠬᠠᠮᠳᠣ ᠵᠠᠯᠠᠭᠤᠴᠣᠳ ᠤᠨ ᠡᠪᠯᠡᠯ ᠤᠨ ᠦᠣᠰᠢᠨ ᠬᠤᠰᠢᠭᠤᠨ ᠤ ᠬᠤᠷᠢᠶ᠎ᠠ ᠨᠢ ︽ᠵᠠᠯᠠᠭᠤᠴᠣᠳ ᠤᠨ ᠣᠢ︾ ᠶᠢᠨ ᠪᠦᠳᠦᠬᠡᠨ ᠪᠠᠶᠢᠭᠤᠯᠣᠯᠣᠳᠠ ᠶᠢ ᠬᠠᠷᠢᠭᠤᠴᠠᠨ᠎ᠠ︔ ᠡᠮᠡᠭᠳᠡᠶᠢᠴᠣᠳ ᠤᠨ ᠬᠤᠯᠪᠣᠭ᠎ᠠ ᠨᠢ ︽3.8 ᠨᠣᠭᠤᠭᠠᠷᠠᠭᠤᠯᠣᠯᠳᠠ ᠶᠢᠨ ᠢᠨᠵᠧᠨᠧᠷᠢᠩ︾ ᠤᠨ ᠳᠠᠭᠤᠷᠢᠶᠠᠯ ᠦᠵᠡᠬᠦᠯᠬᠦ ᠰᠠᠭᠤᠷᠢᠨ ᠭᠠᠵᠠᠷ ᠢ ᠪᠦᠳᠦᠬᠡᠨ ᠪᠠᠶᠢᠭᠤᠯᠬᠤ ᠶᠢ ᠬᠠᠷᠢᠭᠤᠴᠠᠨ᠎ᠠ᠃ ᠨᠢᠬᠡ ᠪᠦᠯᠥᠭ ᠬᠡᠪᠴᠢᠶᠡᠵᠢᠭᠰᠡᠨ᠂ ᠦᠪᠡᠷᠮᠢᠴᠡ ᠣᠨᠴᠠᠯᠢᠭᠳᠣ ︽ᠨᠠᠮ ᠤᠨ ᠬᠡᠰᠢᠬᠦᠨ ᠤ ᠣᠢ︾ ᠪᠠ ︽ᠬᠡᠷ ᠪᠦᠯᠢ ᠶᠢᠨ ᠣᠢ︾ ᠵᠡᠷᠬᠡ ᠣᠶᠢᠵᠢᠭᠤᠯᠭ᠎ᠠ ᠶᠢᠨ ᠰᠠᠭᠤᠷᠢᠨ ᠭᠠᠵᠠᠷ ᠢ ᠪᠠᠶᠢᠭᠤᠯᠣᠨ᠎ᠠ᠃    ︵ᠳᠠᠪᠤ︶ ᠡᠬᠦᠷᠬᠡ ᠶᠢᠨ ᠳᠣᠬᠢᠷᠠᠭᠤᠯᠣᠯᠳᠠ    ⒈ ᠬᠤᠰᠢᠭᠤ ᠰᠢᠭᠤᠳ ᠬᠠᠷᠢᠶ᠎ᠠ ᠪᠠᠶᠢᠭᠤᠯᠭ᠎ᠠ᠃ ᠰᠢᠶᠠᠨ ᠤ ᠳᠠᠰ ᠤᠨ ᠣᠳᠣᠷᠢᠳᠣᠯᠭ᠎ᠠ᠂ ᠴᠠᠩ ᠴᠢᠩ ᠪᠠᠶᠢᠭᠠᠯᠢ ᠶᠢᠨ ᠰᠢᠳᠠᠮᠠᠬᠠᠢ ᠬᠡᠢ ᠶᠢᠨ ᠠᠭᠤᠷᠬᠠᠢ ᠶᠢᠨ ᠲᠦᠷᠥᠯ ᠵᠣᠶᠢᠯ ᠤᠨ ᠬᠡᠯᠳᠡᠰ ᠵᠢᠴᠢ ᠭᠠᠯᠠᠭᠤᠳᠣ ᠪᠠᠯᠭᠠᠰᠣᠨ  ᠳᠤ ᠰᠠᠭᠤᠷᠢᠰᠢᠭ᠎ᠠ ᠭᠤᠣᠯᠳᠠᠯᠭᠠᠳᠣ ᠠᠵᠣ ᠠᠬᠤᠶᠢᠯᠡᠯ ᠨᠢ ᠨᠠᠷᠢᠠᠭᠤᠣᠯ ᠠᠵᠣ ᠣᠶᠢᠯᠡᠳᠪᠣᠷᠢ ᠶᠢᠨ ᠬᠦᠷᠢᠶᠠᠯᠠᠩ ᠤᠨ ᠬᠠᠵᠠᠭᠤ ᠬᠠᠪᠢ ᠶᠢᠨ ᠳᠣᠭᠳᠠᠭᠰᠠᠨ ᠭᠠᠵᠠᠷ ᠣᠷᠣᠨ ᠳᠤ ᠬᠠᠪᠣᠷ ᠤᠨ ᠣᠯᠠᠷᠢᠯ ᠤᠨ ᠠᠯᠪᠡᠨ ᠵᠢᠷᠣᠮ ᠤᠨ ᠣᠶᠢᠵᠢᠭᠤᠯᠭ᠎ᠠ ᠬᠢᠯᠬᠡᠨ᠎ᠠ᠃ ᠬᠤᠰᠢᠭᠤ ᠰᠢᠭᠤᠳ ᠬᠠᠷᠢᠶ᠎ᠠ ᠪᠠᠶᠢᠭᠤᠯᠭ᠎ᠠ ᠪᠣᠯᠣᠨ ᠰᠢᠭᠤᠳ ᠬᠠᠷᠢᠶ᠎ᠠ ᠨᠢᠬᠡᠴᠡ ᠨᠢ ᠣᠯᠠᠭᠠᠠᠳᠣᠯᠣᠭᠠᠢ ᠶᠢᠨ ᠡᠯᠡᠰᠣᠷᠬᠡᠭᠵᠢᠬᠦ ᠶᠢ ᠵᠠᠰᠠᠬᠤ ᠦᠷᠳᠡᠬᠡᠨ ᠤ ᠲᠦᠪᠯᠡᠷᠡᠬᠦᠯᠥᠨ ᠣᠶᠢᠵᠢᠭᠤᠯᠬᠤ ᠠᠵᠢᠯᠯᠠᠭᠠᠨ  ᠳᠤ ᠣᠷᠣᠯᠴᠠᠨ᠎ᠠ᠃ ᠬᠦᠮᠦᠨ ᠪᠦᠷᠢ 14 ᠰᠠᠣᠷᠢ ᠳᠣᠷᠤᠭ ᠮᠣᠳᠣ ᠳᠠᠷᠢᠵᠣ ᠣᠰᠣᠯᠠᠨ᠎ᠠ᠃    ⒉ ᠡᠯ᠎ᠡ ᠰᠣᠮᠣ ᠪᠠᠯᠭᠠᠰᠣ᠂ ᠭᠠᠴᠠᠭ᠎ᠠ ᠳᠣᠰᠬᠤᠨ᠃ ᠡᠯ᠎ᠡ ᠰᠣᠮᠣ ᠪᠠᠯᠭᠠᠰᠣ ᠪᠠ ᠭᠠᠴᠠᠭ᠎ᠠ ᠳᠣᠰᠬᠤᠨ ᠣᠶᠢᠵᠢᠭᠤᠯᠬᠤ ᠭᠠᠵᠠᠷ ᠪᠠᠨ ᠦᠪᠡᠷᠳᠡᠬᠡᠨ ᠳᠣᠭᠳᠠᠭᠠᠵᠣ᠂ ᠰᠣᠮᠣ ᠪᠠᠯᠭᠠᠰᠣ ᠪᠦᠷᠢ ᠶᠢᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠭᠠᠵᠠᠷ ᠤᠨ ᠳᠠᠯᠠᠪᠠᠢ ᠨᠢ 1000 ᠮᠣ᠋︔ ᠭᠠᠴᠠᠭ᠎ᠠ ᠳᠣᠰᠬᠤᠨ ᠪᠣᠯᠭᠠᠨ ᠠᠯᠪᠡᠨ ᠵᠢᠷᠣᠮ ᠤᠨ ᠮᠣᠳᠣ ᠳᠠᠷᠢᠬᠤ ᠳᠠᠯᠠᠪᠡᠢ ᠨᠢ 300 ᠮᠣ᠋᠂ ︽3 +1︾ ᠬᠠᠷᠢᠯᠴᠠᠨ ᠬᠠᠪᠰᠣᠷᠣᠯᠴᠠᠨ ᠳᠡᠳᠬᠦᠬᠦ ᠨᠢᠬᠡᠴᠡ ᠬᠠᠪᠰᠣᠷᠣᠨ ᠪᠡᠶᠡᠯᠡᠬᠦᠯᠵᠣ᠂ ᠣᠶᠢᠵᠢᠭᠤᠯᠬᠤ ᠴᠠᠭ ᠪᠠᠨ ᠦᠪᠡᠷᠳᠡᠬᠡᠨ ᠳᠣᠭᠳᠠᠭᠠᠨ ᠭᠠᠵᠠᠷ ᠢ ᠨᠢ ᠭᠠᠴᠠᠭ᠎ᠠ ᠳᠣᠰᠬᠤᠨ ᠠᠴᠠ ᠬᠠᠷᠢᠭᠤᠴᠠᠨ ᠨᠡᠶᠢᠳᠠᠪᠣᠷᠢᠵᠢᠭᠤᠯᠵᠣ᠂ ᠬᠡᠷᠪᠡ  ᠭᠠᠴᠠᠭ᠎ᠠ ᠳᠣᠰᠬᠤᠨ ᠳᠠᠷᠢᠬᠤ ᠭᠠᠵᠠᠷ ᠦᠬᠡᠢ ᠪᠣᠯ ᠬᠠᠷᠢᠶᠠᠳᠣ ᠵᠠᠰᠠᠭ ᠤᠨ ᠣᠷᠳᠣᠨ ᠲᠠᠢ ᠨᠢ ᠵᠦᠪᠳᠡᠯᠴᠡᠨ᠂  ᠵᠠᠮ ᠤᠨ ᠬᠤᠶᠡᠷ ᠳᠠᠯ᠎ᠠ ᠪᠠᠷ ᠨᠣᠭᠤᠭᠠᠷᠠᠭᠤᠯᠵᠣ᠂ ᠡᠬᠦᠷᠬᠡ ᠶᠢ ᠣᠯᠣᠰ ᠤᠨ ᠣᠶᠢᠵᠢᠭᠤᠯᠭ᠎ᠠ ᠶᠢᠨ ᠲᠦᠷᠢᠮ ᠢᠶᠠᠷ ᠨᠣᠭᠤᠯᠣᠨ ᠪᠣᠳᠣᠨ᠎ᠠ᠃    ⒊ ᠡᠯ᠎ᠡ ᠠᠵᠣ ᠠᠬᠤᠢ ᠶᠢᠨ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ ᠵᠢᠴᠢ ᠬᠠᠷᠢᠶᠠᠳᠣ ᠠᠵᠣ ᠠᠬᠤᠶᠢᠯᠡᠯ᠃ ᠰᠣᠪᠣᠷᠭ᠎ᠠ ᠠᠵᠣ ᠠᠬᠤᠢ ᠶᠢᠨ ᠨᠡᠬᠡᠬᠡᠯᠳᠡ ᠶᠢᠨ ᠳᠣᠭᠤᠷᠢᠭ ᠤᠨ ᠬᠠᠮᠢᠶᠠᠷᠣᠯᠳᠠ ᠶᠢᠨ ᠵᠦᠪᠯᠡᠯ᠂ ᠨᠠᠷᠢᠠᠭᠤᠣᠯ ᠠᠵᠣ ᠣᠶᠢᠯᠡᠳᠪᠣᠷᠢ ᠶᠢᠨ ᠬᠦᠷᠢᠶᠠᠯᠠᠩ ᠤᠨ ᠬᠠᠮᠢᠶᠠᠷᠣᠯᠳᠠ ᠶᠢᠨ ᠵᠦᠪᠯᠡᠯ᠂ ᠰᠢᠷᠬᠤᠰᠣ ᠰᠣᠶᠣᠯ ᠵᠢᠭᠤᠯᠴᠢᠯᠠᠯ ᠤᠨ ᠨᠡᠬᠡᠬᠡᠯᠳᠡ ᠶᠢᠨ ᠳᠣᠭᠤᠷᠢᠭ ᠤᠨ ᠬᠠᠮᠢᠶᠠᠷᠣᠯᠳᠠ ᠶᠢᠨ ᠵᠦᠪᠯᠡᠯ ︵ᠰᠢᠷᠬᠤᠰᠣ ᠨᠣᠭᠤ ᠭᠠᠵᠠᠷ ᠤᠨ ᠴᠡᠴᠡᠷᠯᠢᠭ ᠤᠨ ᠬᠠᠮᠠᠭᠠᠯᠠᠯᠳᠠ ᠬᠠᠮᠢᠶᠠᠷᠣᠯᠳᠠ ᠶᠢᠨ ᠳᠣᠪᠴᠢᠶ᠎ᠠ︶ ᠠᠯᠪᠡᠨ ᠵᠢᠷᠣᠮ  ᠤᠨ ᠣᠶᠢᠵᠢᠭᠤᠯᠭ᠎ᠠ ᠶᠢ 1000 ᠮᠤ᠋ ᠪᠠᠶᠠᠯᠡᠬᠦᠯᠥᠨ᠎ᠠ᠂ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠵᠢᠴᠢ ᠬᠠᠷᠢᠶᠠᠨ ᠳᠠᠬᠢ ᠠᠵᠣ ᠠᠬᠤᠶᠢᠯᠡᠯ ᠤᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠭᠠᠵᠠᠷ ᠢ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ ᠨᠢ ᠰᠠᠭᠤᠭ᠎ᠠ ᠭᠠᠵᠠᠷ ᠤᠨ ᠰᠣᠮᠣ ᠪᠠᠯᠭᠠᠰᠣ ᠲᠠᠢ ᠵᠦᠪᠳᠡᠯᠴᠡᠨ ᠨᠠᠶᠢᠳᠠᠪᠣᠷᠢᠵᠢᠭᠤᠯᠣᠨ᠎ᠠ᠃    ⒋ ᠡᠯ᠎ᠡ ᠰᠣᠮᠣ ᠪᠠᠯᠭᠠᠰᠣᠨ ᠤ ᠣᠢ ᠰᠢᠭᠤᠢ ᠶᠢᠨ ᠠᠵᠢᠯ ᠤᠨ ᠦᠷᠳᠡᠭᠡ᠃ ᠡᠯ᠎ᠡ ᠰᠣᠮᠣ ᠪᠠᠯᠭᠠᠰᠣᠨ ᠤ ᠤᠢ ᠰᠢᠭᠤᠢ ᠶᠢᠨ ᠠᠵᠢᠯ ᠤᠨ ᠦᠷᠳᠡᠭᠡ ᠣᠶᠢᠵᠢᠭᠤᠯᠬᠤ ᠭᠠᠵᠠᠷ ᠣᠷᠣᠨ ᠪᠠᠨ ᠦᠪᠡᠷᠳᠡᠬᠡᠨ ᠳᠣᠭᠳᠠᠭᠠᠵᠣ᠂ ᠰᠣᠶᠤᠭ᠎ᠠ ᠮᠣᠳᠣ ᠶᠢ ᠬᠤᠰᠢᠭᠤ ᠣᠢ ᠰᠢᠭᠤᠢ ᠶᠢᠨ ᠳᠣᠪᠴᠢᠶᠠᠨ ᠠᠴᠠ ᠨᠢᠬᠡᠳᠣᠯᠳᠡᠢ ᠬᠠᠩᠭᠠᠵᠣ᠂ ᠰᠣᠮᠣ ᠪᠠᠯᠭᠠᠰᠣ ᠪᠣᠯᠭᠠᠨ ᠤ ᠣᠢ ᠰᠢᠭᠤᠢ ᠶᠢᠨ ᠠᠵᠢᠯ ᠤᠨ ᠦᠷᠳᠡᠬᠡᠨ ᠤ ᠠᠯᠪᠠᠨ ᠵᠢᠷᠣᠮ ᠤᠨ ᠣᠶᠢᠵᠢᠭᠤᠯᠭ᠎ᠠ ᠶᠢᠨ ᠳᠠᠯᠠᠪᠠᠢ ᠨᠢ 1000 ᠮᠣ᠋ ᠪᠠᠶᠢᠵᠣ᠂ 2340 ᠮᠣ᠋ ᠪᠣᠳᠠ ᠮᠣᠳᠣ ᠶᠢ ᠰᠠᠭᠤᠯᠭᠠᠵᠣ᠂ ᠭᠠᠯᠠᠭᠤᠳᠣ ᠣᠢ ᠰᠢᠭᠤᠢ ᠶᠢᠨ ᠦᠷᠳᠡᠭᠡ ᠭᠠᠭᠴᠠᠭᠠᠷ  ᠢᠶᠠᠨ 1 ᠲᠦᠮᠡᠨ ᠮᠣ᠋ ᠪᠣᠳᠠ ᠮᠣᠳᠣ ᠰᠠᠭᠤᠯᠭᠠᠨ᠎ᠠ᠃ ᠡᠯ᠎ᠡ ᠣᠢ ᠰᠢᠭᠤᠢ ᠶᠢᠨ ᠦᠷᠳᠡᠭᠡ ᠣᠶᠢᠵᠢᠭᠤᠯᠬᠤ ᠭᠠᠵᠠᠷ  ᠪᠠᠨ ᠵᠣᠬᠢᠰᠳᠡᠢ ᠰᠣᠩᠭᠤᠵᠣ᠂ ᠣᠯᠣᠰ ᠤᠨ ᠣᠶᠢᠵᠢᠭᠤᠯᠬᠤ ᠲᠦᠷᠢᠮ ᠪᠠᠷ ᠰᠢᠯᠭᠠᠨ ᠬᠤᠷᠢᠶᠠᠵᠣ ᠬᠢᠷᠢ ᠳᠠᠩᠴᠡᠪᠠᠯ ᠲᠦᠷᠥᠯ ᠵᠣᠶᠢᠯ ᠤᠨ ᠮᠦᠩᠬᠦ ᠶᠢ ᠦᠭᠬᠦᠨ᠎ᠠ᠃ ᠠᠮᠠᠨᠴᠢᠷᠠᠭ᠎ᠠ ᠠᠴᠠ ᠪᠠᠭ᠎ᠠ ᠬᠤᠭᠤᠯᠠᠶᠢᠳᠣ ᠬᠦᠷᠬᠦ ᠵᠠᠰᠠᠮᠠᠯ ᠵᠠᠮ ᠤᠨ ᠱᠤᠭᠤᠮ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠳᠠᠭᠤᠷᠢᠶᠠᠯ ᠰᠠᠭᠤᠷᠢᠨ ᠭᠠᠵᠠᠷ ᠢ 1 ᠪᠠᠶᠢᠭᠤᠯᠵᠣ᠂ ᠦᠣᠰᠢᠨᠵᠣᠣ ᠣᠢ ᠰᠢᠭᠤᠢ ᠶᠢᠨ ᠦᠷᠳᠡᠭᠡ ᠪᠠ ᠳᠤᠭ ᠣᠢ ᠰᠢᠭᠤᠢ ᠶᠢᠨ ᠦᠷᠳᠡᠭᠡ ᠠᠴᠠ ᠣᠢ ᠬᠠᠮᠠᠭᠠᠯᠠᠭᠴᠢ ᠪᠠ ᠳᠣᠬᠠᠢ ᠶᠢᠨ ᠭᠠᠵᠠᠷ ᠤᠨ ᠮᠠᠯᠴᠢᠨ ᠳᠠᠷᠢᠶᠠᠴᠢᠨ ᠢ ᠵᠣᠬᠢᠶᠠᠨ ᠪᠠᠶᠢᠭᠤᠯᠣᠨ ᠬᠠᠮᠳᠣᠪᠡᠷ ᠣᠶᠢᠵᠢᠭᠤᠯᠣᠨ᠎ᠠ᠃    ⒌ ᠡᠯ᠎ᠡ ᠣᠯᠣᠰ ᠤᠨ ᠦᠮᠴᠢᠯᠡᠯᠳᠣ ᠣᠢ ᠰᠢᠭᠤᠢ ᠶᠢᠨ ᠳᠠᠯᠠᠪᠣᠷ ᠦᠷᠳᠡᠭᠡ᠃ ᠡᠯ᠎ᠡ ᠤᠨ ᠣᠯᠣᠰ ᠤᠨ ᠦᠮᠴᠢᠯᠡᠯᠳᠣ ᠣᠢ ᠰᠢᠭᠤᠢ ᠶᠢᠨ ᠳᠠᠯᠠᠪᠣᠷ ᠦᠷᠳᠡᠭᠡ ᠠᠴᠠ ᠳᠠᠯᠠᠪᠣᠷ ᠦᠷᠳᠡᠬᠡᠨ ᠤ ᠳᠣᠳᠣᠷ ᠬᠡᠰᠡᠭ ᠤᠨ ᠮᠠᠭᠤᠵᠢᠷᠠᠭᠰᠠᠨ ᠣᠢ ᠶᠢ ᠦᠬᠡᠷᠡᠴᠢᠯᠡᠨ ᠰᠠᠶᠢᠵᠢᠷᠠᠭᠤᠯᠵᠣ᠂ ᠨᠠᠷᠢᠠᠭᠤᠣᠯ ᠣᠢ ᠰᠢᠭᠤᠢ ᠶᠢᠨ ᠳᠠᠯᠠᠪᠣᠷ᠂ ᠣᠯᠠᠭᠠᠳᠣᠯᠣᠭᠠᠢ ᠡᠯᠡᠰᠣᠷᠬᠡᠭᠵᠢᠬᠦ ᠶᠢ ᠵᠠᠰᠠᠬᠤ ᠦᠷᠳᠡᠭᠡ᠂ ᠦᠣᠰᠢᠨᠵᠣᠣ ᠡᠯᠡᠰᠦᠷᠬᠡᠭᠵᠢᠬᠦ ᠶᠢ ᠵᠠᠰᠠᠬᠤ ᠦᠷᠳᠡᠭᠡ ᠳᠣᠰᠪᠣᠷᠢ 1 ᠲᠦᠮᠡᠨ ᠮᠣ᠋ ᠨᠣᠭᠤᠭᠠᠷᠠᠭᠤᠯᠵᠣ᠂ ᠡᠬᠦᠨ ᠳᠤ ᠦᠣᠰᠢᠨᠵᠣᠣ ᠡᠯᠡᠰᠣᠷᠬᠡᠭᠵᠢᠬᠦ ᠶᠢ ᠵᠠᠰᠠᠬᠤ ᠦᠷᠳᠡᠭᠡ 7000 ᠮᠣ᠋ ᠣᠳᠠ ᠮᠣᠳᠣ ᠰᠠᠭᠤᠯᠭᠠᠨ᠎ᠠ᠃    ⒍ ᠨᠢᠬᠡ ᠪᠦᠯᠥᠭ ᠦᠵᠡᠰᠬᠦᠯᠡᠩᠳᠣ ᠰᠠᠶᠢᠬᠠᠨ ᠭᠠᠴᠠᠭ᠎ᠠ ᠳᠣᠰᠬᠤᠨ ᠪᠠ ᠳᠠᠭᠤᠷᠢᠶᠠᠯ ᠡᠷᠦᠬᠡ ᠶᠢ ᠪᠦᠳᠦᠬᠡᠨ ᠪᠠᠶᠢᠭᠤᠯᠣᠨ᠎ᠠ᠃ ᠠᠮᠢ ᠠᠬᠤᠢ ᠶᠢᠨ ᠪᠣᠯᠪᠠᠰᠣᠨ᠂ ᠦᠣᠰᠢᠨ ᠬᠤᠰᠢᠭᠤᠨ ᠤ ᠪᠦᠬᠦ ᠣᠷᠣᠨ ᠬᠡᠪᠴᠢᠶᠠᠨ ᠤ ᠵᠢᠭᠤᠯᠴᠢᠯᠡᠯ ᠪᠠ ᠦᠵᠡᠰᠬᠦᠯᠡᠩᠳᠣ ᠰᠠᠶᠢᠬᠠᠨ ᠬᠦᠳᠡᠭᠡ ᠳᠣᠰᠬᠤᠨ ᠤ ᠪᠠᠶᠢᠭᠤᠯᠣᠯᠳᠠ ᠲᠠᠢ ᠣᠶᠠᠯᠳᠣᠭᠤᠯᠣᠨ ᠠᠮᠢ ᠠᠬᠤᠢ ᠶᠢᠨ ᠣᠢ᠂ ᠦᠵᠡᠮᠵᠢ ᠶᠢᠨ ᠣᠢ᠂ ᠠᠵᠣ ᠠᠬᠤᠢ ᠶᠢᠨ ᠣᠢ ᠶᠢ ᠶᠡᠬᠡᠪᠡᠷ ᠬᠡᠷᠡᠭᠵᠢᠬᠦᠯᠥᠨ ᠵᠡᠬᠦᠨ ᠬᠡᠰᠡᠭ ᠣᠷᠣᠨ ᠳᠤ ᠳᠡᠵᠢᠬᠡᠯ ᠪᠣᠷᠳᠣᠭᠠᠨ ᠣᠢ ᠢ ᠭᠤᠣᠯᠳᠠᠯᠭᠠᠳᠠᠢ ᠬᠦᠭᠵᠢᠬᠦᠯᠵᠣ᠂ ᠣᠢ ᠮᠠᠯᠵᠢᠯ ᠤᠨ ᠵᠦᠷᠢᠴᠡᠯ ᠢ ᠰᠢᠢᠳᠪᠣᠷᠢᠯᠡᠨ᠎ᠡ︔ ᠪᠠᠷᠠᠭᠤᠨ ᠬᠡᠰᠡᠭ ᠣᠷᠣᠨ ᠳᠤ ᠠᠵᠣ ᠠᠬᠤᠢ ᠶᠢᠨ ᠣᠢ ᠶᠢ ᠭᠤᠣᠯᠳᠠᠯᠭᠠᠳᠠᠢ ᠬᠦᠭᠵᠢᠬᠦᠯᠵᠣ᠂ ᠠᠵᠣ ᠣᠶᠢᠯᠡᠰ ᠤᠨ ᠪᠦᠳᠦᠴᠡ ᠶᠢ ᠳᠣᠬᠢᠷᠠᠭᠤᠯᠣᠨ ᠰᠢᠷᠬᠤᠰᠣᠨ ᠭᠤᠣᠯ ᠤᠨ ᠰᠠᠪᠠ ᠭᠠᠵᠠᠷ ᠤᠨ ᠦᠪᠡᠷᠮᠢᠴᠡ ᠣᠨᠴᠠᠯᠢᠭᠳᠣ ᠣᠢ ᠵᠢᠮᠢᠰ ᠤᠨ ᠰᠠᠭᠤᠷᠢᠨ ᠭᠠᠵᠠᠷ ᠢ ᠪᠠᠶᠢᠭᠤᠯᠣᠨ ᠸᠠᠩ ᠶᠣᠣ ᠸᠠᠨ ᠳᠣᠰᠬᠤᠨ ᠤ ᠨᠣᠭᠤᠭᠠᠷᠠᠭᠤᠯᠣᠯᠳᠠ ᠭᠤᠶᠣᠵᠢᠭᠤᠯᠣᠯᠳᠠ ᠶᠢᠨ ᠪᠠᠶᠢᠭᠤᠯᠣᠯᠳᠠ ᠶᠢ ᠲᠦᠪᠯᠡᠷᠡᠬᠦᠯᠥᠨ ᠠᠬᠢᠭᠤᠯᠬᠤ ᠶᠢᠨ ᠬᠠᠮᠳᠣ ᠪᠦᠬᠦ ᠬᠤᠰᠢᠭᠤᠨ ᠤ ᠮᠠᠯᠵᠢᠬᠤ ᠳᠠᠷᠢᠶᠠᠯᠠᠬᠤ ᠣᠷᠣᠨ ᠤ ᠭᠠᠴᠠᠭ᠎ᠠ ᠳᠣᠰᠬᠤᠨ ᠤ ᠨᠣᠭᠤᠭᠠᠷᠠᠭᠤᠯᠣᠯᠳᠠ ᠭᠤᠶᠣᠵᠢᠭᠤᠯᠣᠯᠳᠠ  ᠶᠢᠨ ᠬᠡᠯᠪᠠᠷᠢ ᠵᠠᠭᠪᠣᠷ ᠤᠨ ᠳᠣᠰᠬᠤᠨ ᠪᠣᠯᠭᠠᠵᠣ᠂ ᠨᠢᠬᠡ ᠵᠣᠷᠪᠣᠰ ᠵᠠᠮ ᠨᠢᠬᠡ ᠦᠵᠡᠮᠵᠢ ᠶᠢᠨ ᠪᠦᠰᠠ ᠨᠢᠬᠡ ᠬᠦᠷᠢᠶ᠎ᠠ ᠬᠠᠰᠢᠶ᠎ᠠ ᠨᠢᠬᠡ ᠵᠢᠮᠢᠰ ᠤᠨ ᠬᠦᠷᠢᠶᠠᠯᠠᠩ ᠪᠣᠯᠭᠠᠨ᠎ᠠ᠃ ᠡᠷᠦᠬᠡ ᠪᠠᠷ ᠨᠢᠬᠡᠴᠡ ᠪᠣᠯᠭᠠᠨ ᠳᠣᠭᠤᠷ ᠤᠨ ᠬᠦᠷᠢᠶᠠᠯᠠᠩ᠂ ᠬᠦᠢᠯᠡᠰᠣ ᠶᠢᠨ ᠬᠦᠷᠢᠶᠠᠯᠠᠩ᠂ ᠵᠢᠮᠢᠰ ᠤᠨ ᠬᠦᠷᠢᠶᠠᠯᠩ᠂ ᠠᠯᠢᠮ᠎ᠠ ᠶᠢᠨ ᠬᠦᠷᠢᠶᠠᠯᠩ᠂ ᠦᠵᠦᠮ ᠤᠨ ᠬᠦᠷᠢᠶᠠᠯᠠᠩ ᠪᠠ ᠵᠢᠭᠤᠯᠴᠢᠯᠠᠬᠤ ᠬᠦᠷᠢᠶᠠᠯᠩ ᠤᠨ ︽ᠵᠢᠷᠭᠤᠭᠠᠨ ᠪᠠᠭ᠎ᠠ ᠬᠦᠷᠢᠶᠠᠯᠠᠩ︾ ᠢ ᠪᠦᠳᠦᠬᠡᠨ ᠪᠠᠶᠢᠭᠤᠯᠵᠣ᠂ ᠬᠠᠪᠢ ᠵᠡᠷᠬᠡᠯᠡᠳᠡᠭᠡ ᠣᠷᠣᠨ ᠤ ᠬᠦᠮᠦᠰ ᠤᠨ ᠠᠮᠠᠷᠠᠨ ᠰᠣᠪᠢᠯᠠᠬᠤ ᠬᠦᠷᠢᠶᠠᠯᠩ ᠪᠠ ᠨᠣᠭᠤᠭ᠎ᠠ ᠵᠢᠮᠢᠰ ᠤᠨ ᠳᠡᠬᠦᠬᠦ ᠬᠦᠷᠢᠶᠠᠯᠠᠩ ᠢ ᠴᠢᠷᠮᠡᠶᠢᠨ ᠪᠠᠶᠢᠭᠤᠯᠣᠨ᠎ᠠ᠃ ᠡᠬᠦᠨ ᠤ ᠬᠠᠮᠳᠣ ᠨᠦᠬᠦᠴᠡᠯ ᠰᠡᠶᠢᠳᠡᠢ ᠮᠠᠯᠴᠢᠨ ᠳᠠᠷᠢᠶᠠᠴᠢᠨ ᠡᠷᠦᠬᠡ ᠠᠮᠢ ᠠᠬᠤᠢ ᠶᠢᠨ ᠨᠣᠭᠤᠭᠠᠷᠠᠭᠤᠯᠣᠯᠳᠠ ᠶᠢᠨ ᠬᠡᠷ ᠪᠦᠯᠢ ᠶᠢᠨ ᠳᠠᠭᠤᠷᠢᠶᠠᠯ ᠡᠷᠦᠬᠡ ᠶᠢ ᠪᠠᠶᠢᠭᠤᠯᠣᠨ᠎ᠠ᠃    ⒎ ᠣᠯᠠᠨ ᠣᠯᠣᠰ ᠤᠨ ᠬᠤᠯᠪᠣᠭᠠᠳᠣ ᠪᠠᠶᠢᠭᠤᠯᠭ᠎ᠠ ᠶᠢᠨ ᠡᠯᠡᠰᠣᠷᠬᠡᠭᠵᠢᠬᠦ ᠶᠢ ᠵᠠᠰᠠᠬᠤ ᠨᠡᠶᠢᠳᠠ ᠶᠢᠨ ᠬᠡᠷ᠎ᠡ  ᠶᠢᠨ 13 ᠣᠳᠠᠭᠠᠨ ᠤ ᠬᠡᠷ᠎ᠡ ᠪᠠᠶᠢᠭᠤᠯᠣᠭᠴᠢ ᠳᠠᠯ᠎ᠠ ᠶᠢᠨ ᠶᠡᠭᠡ ᠬᠤᠷᠠᠯ ᠤᠨ ᠳᠣᠭᠤᠷᠢᠨ ᠦᠵᠡᠬᠦ ᠪᠡᠯᠡᠳᠬᠡᠯ ᠴᠡᠭ ᠵᠢᠴᠢ ᠵᠠᠮ ᠳᠠᠭᠠᠣ ᠶᠢᠨ ᠨᠣᠭᠤᠭᠠᠷᠠᠭᠤᠯᠣᠯᠳᠠ᠃ ᠨᠢᠬᠡ ᠳᠤ ᠣᠯᠠᠭᠠᠠᠳᠣᠯᠣᠭᠠᠢ ᠶᠢᠨ ᠡᠯᠡᠰᠣᠬᠡᠭᠵᠢᠬᠦ ᠶᠢ ᠵᠠᠰᠠᠬᠤ ᠦᠷᠳᠡᠭᠡ ᠪᠣᠯ ᠮᠠᠨ ᠤ ᠬᠤᠰᠢᠭᠤᠨ ᠤ ᠡᠯᠡᠰᠣᠷᠬᠡᠭᠵᠢᠬᠦ ᠶᠢ ᠰᠡᠷᠬᠡᠶᠢᠯᠡᠨ ᠡᠯᠡᠰᠣᠷᠬᠡᠭᠵᠢᠬᠦ ᠶᠢ ᠵᠠᠰᠠᠬᠤ ᠦᠷ᠎ᠡ ᠪᠦᠳᠣᠮᠵᠢ ᠶᠢᠨ ᠴᠢᠬᠤᠯᠠ ᠴᠣᠩᠬᠤᠪᠴᠢ ᠪᠠᠶᠢᠵᠣ᠂ ᠣᠯᠣᠰ ᠤᠨ ᠣᠢ ᠰᠢᠭᠤᠢ ᠶᠢᠨ ᠳᠣᠪᠴᠢᠶ᠎ᠠ ᠣᠢ ᠶᠢᠨ ᠣᠶᠢᠯᠡᠰ  ᠤᠨ ᠠᠵᠣ ᠣᠶᠢᠯᠡᠳᠪᠣᠷᠢ ᠶᠢᠨ ᠲᠥᠯᠥᠪᠵᠢᠬᠦᠯᠬᠡ ᠶᠢᠨ ᠵᠢᠷᠤᠭ ᠲᠥᠯᠥᠪᠯᠡᠭᠡ ᠶᠢᠨ ᠬᠦᠷᠢᠶᠠᠯᠠᠩ ᠤᠨ ᠲᠥᠯᠥᠪᠵᠢᠬᠦᠯᠬᠡ ᠶᠢᠨ ᠰᠠᠨᠠᠯ ᠢ ᠦᠨᠳᠣᠰᠣᠯᠡᠨ ᠵᠠᠭᠪᠣᠷ ᠤᠨ ᠠᠷ ᠪᠠ ᠮᠣᠷᠦᠢ ᠱᠤᠭᠤᠮ ᠤᠨ ᠪᠠᠶᠢᠳᠠᠯ ᠪᠠᠷ ᠡᠯᠡᠰᠣᠨ ᠨᠣᠭᠤᠭᠠᠷᠠᠭᠤᠯᠣᠯᠳᠠ ᠶᠢᠨ ᠦᠵᠡᠮᠵᠢ ᠶᠢ ᠣᠷᠠᠯᠢᠭ ᠪᠠᠷ ᠢᠯᠡᠳᠬᠡᠨ ᠣᠷᠭᠤᠮᠠᠯ ᠤᠨ ᠦᠵᠡᠮᠵᠢ ᠶᠢ ᠴᠢᠨᠠᠭᠰᠢᠳᠠ ᠳᠡᠬᠦᠯᠳᠡᠷᠵᠢᠬᠦᠯᠵᠣ᠂ ᠤᠷᠭᠤᠮᠠᠯ ᠤᠨ ᠲᠦᠷᠥᠯ ᠵᠣᠶᠢᠯ ᠢ ᠨᠡᠮᠡᠭᠳᠡᠬᠦᠯᠥᠨ ᠰᠣᠨᠢᠷᠬᠠᠯ ᠤᠨ ᠬᠡᠮᠵᠢᠶ᠎ᠠ ᠶᠢ ᠳᠡᠬᠡᠭᠰᠢᠯᠡᠬᠦᠯᠵᠣ᠂ ᠳᠣᠭᠤᠷᠢᠨ ᠰᠣᠨᠢᠷᠬᠠᠬᠤ ᠵᠠᠮ᠂ ᠭᠠᠯ ᠰᠠᠷᠬᠡᠶᠢᠯᠡᠬᠦ ᠵᠠᠮ ᠪᠠ ᠭᠠᠯ ᠰᠠᠷᠬᠡᠶᠢᠯᠡᠬᠦ ᠳᠣᠰᠠᠭᠠᠷᠯᠠᠯ ᠤᠨ ᠪᠦᠰᠠ ᠶᠢ ᠲᠦᠬᠦᠷᠵᠢᠬᠦᠯᠥᠨ ᠪᠠᠶᠢᠭᠤᠯᠣᠨ᠎ᠠ᠃ ᠬᠤᠶᠠᠷ ᠲᠤ ᠦᠣᠰᠢᠨ ᠬᠤᠰᠢᠭᠤᠨ ᠤ ᠣᠯᠣᠰ ᠤᠨ ᠦᠮᠴᠢᠯᠠᠯᠳᠣ ᠳᠠᠪᠴᠠᠭ ᠪᠠᠯᠭᠠᠰᠣᠨ ᠤ ᠰᠣᠶᠤᠭ᠎ᠠ ᠮᠣᠳᠣᠨ ᠬᠦᠷᠢᠶᠠᠯᠠᠩ ᠪᠣᠯ ᠮᠠᠨ ᠤ ᠬᠤᠰᠢᠭᠤᠨ ᠤ ᠡᠯᠡᠰᠣᠨ ᠠᠵᠣ ᠣᠶᠢᠯᠡᠰ  ᠤᠨ ᠴᠢᠬᠤᠯᠠ ᠴᠣᠩᠬᠤᠪᠴᠢ ᠪᠠᠶᠢᠵᠣ᠂ ᠰᠣᠶᠤᠭ᠎ᠠ ᠮᠣᠳᠣ ᠣᠶᠢᠯᠡᠳᠪᠣᠷᠢᠯᠡᠬᠦ᠂ ᠵᠠᠶᠢᠯᠠᠨ ᠳᠠᠷᠢᠬᠤ᠂ ᠪᠣᠶᠢᠵᠢᠭᠤᠥᠯᠬᠤ ᠰᠠᠭᠤᠷᠢᠨ ᠳᠡᠬᠡᠷ᠎ᠡ ᠪᠡᠯᠡᠷ ᠡᠯᠡᠰᠣᠨ ᠣᠷᠴᠢᠨ ᠳᠣᠭᠤᠷᠢᠨ ᠤ ᠰᠣᠶᠤᠭ᠎ᠠ ᠮᠣᠳᠣᠨ ᠬᠦᠷᠢᠶᠠᠯᠠᠩ ᠤᠨ ᠦᠵᠡᠮᠵᠢ ᠪᠣᠢ ᠪᠣᠯᠭᠠᠨ᠎ᠠ᠃ ᠭᠤᠷᠪᠠ ᠳᠤ S215 ᠰᠣᠭᠤᠮ ᠤᠨ ᠭᠠᠯᠠᠭᠤᠳᠣ ᠠᠴᠠ ᠲᠦᠩᠽ ᠬᠦᠷᠬᠦ ᠵᠠᠰᠠᠮᠠᠯ ᠵᠠᠮ ᠤᠨ ᠬᠡᠰᠡᠭ  ᠤᠨ ᠳᠣᠮᠳᠠᠬᠢ ᠳᠣᠰᠠᠭᠠᠷᠯᠠᠯ ᠤᠨ ᠪᠦᠰᠠ ᠪᠠ ᠳᠣᠯᠢ ᠠᠴᠠ ᠨᠠᠩᠰᠣ ᠬᠦᠷᠬᠦ ᠱᠤᠭᠤᠮ ᠤᠨ ᠬᠤᠶᠠᠷ ᠳᠠᠯ᠎ᠠ ᠪᠠᠷ ᠨᠣᠭᠤᠭᠠᠷᠠᠭᠤᠯᠵᠣ᠂ ᠠᠮᠠᠨᠴᠢᠷᠠᠭ᠎ᠠ ᠳᠠᠳ ᠪᠠᠭ᠎ᠠ ᠬᠤᠭᠤᠯᠠᠶᠢᠳᠣ ᠬᠦᠷᠬᠦ ︵ᠦᠣᠰᠢᠨᠵᠣᠣ ᠠᠴᠠ ᠳᠤᠭ ᠬᠦᠷᠬᠦ ᠬᠡᠰᠡᠭ ︶ ᠵᠠᠰᠠᠮᠠᠯ ᠵᠠᠮ ᠤᠨ ᠳᠣᠮᠳᠠᠬᠢ ᠳᠣᠰᠠᠭᠠᠷᠯᠠᠯ ᠤᠨ ᠪᠦᠰᠠ ᠪᠠ ᠵᠠᠮ ᠤᠨ ᠬᠤᠶᠠᠷ ᠳᠠᠯ᠎ᠠ ᠪᠠᠷ ᠨᠣᠭᠤᠭᠠᠷᠠᠭᠤᠯᠣᠨ ᠭᠤᠶᠣᠵᠢᠭᠤᠯᠣᠨ᠎ᠠ᠃ ᠵᠠᠰᠠᠮᠠᠯ ᠵᠠᠮ ᠳᠠᠭᠠᠣ ᠶᠢᠨ ᠣᠶᠢᠵᠢᠭᠤᠯᠣᠯᠳᠠ ᠨᠣᠭᠤᠭᠠᠷᠠᠭᠤᠯᠣᠯᠳᠠ ᠨᠢ ᠳᠣᠬᠠᠢ ᠶᠢᠨ ᠭᠠᠵᠠᠷ  ᠤᠨ ᠪᠣᠳᠠᠳᠣ ᠪᠠᠶᠢᠳᠠᠯ ᠢ  ᠦᠨᠳᠣᠰᠣᠯᠡᠨ ᠳᠣᠷᠤᠭ ᠮᠣᠳᠣ ᠳᠠᠷᠢᠵᠣ ᠪᠣᠯᠪᠠᠯ ᠳᠣᠷᠤᠭ ᠮᠣᠳᠣ ᠳᠠᠷᠢᠵᠣ᠂ ᠪᠣᠳᠠ ᠮᠣᠳᠣ ᠳᠠᠷᠢᠵᠣ ᠪᠣᠯᠪᠠᠯ ᠪᠣᠳᠠ ᠮᠣᠳᠣ ᠳᠠᠷᠢᠵᠣ᠂ ᠦᠵᠡᠮᠵᠢ ᠪᠠ ᠠᠮᠢ ᠠᠬᠤᠢ ᠶᠢᠨ ᠦᠷ᠎ᠡ ᠪᠦᠳᠣᠮᠵᠢ ᠶᠢ ᠬᠠᠮᠳᠣ  ᠳᠤᠨᠢ ᠴᠢᠬᠤᠯᠠᠴᠢᠯᠠᠨ ᠬᠦᠳᠡᠭᠡ ᠨᠣᠳᠤᠭ ᠤᠨ ᠮᠣᠳᠣᠨ ᠲᠦᠷᠥᠯ ᠪᠠᠷ ᠭᠤᠣᠯᠯᠠᠭᠤᠯᠵᠣ᠂ ᠪᠡᠯᠴᠢᠬᠡᠷᠯᠡᠬᠦᠯᠬᠦ ᠶᠢ ᠬᠤᠷᠢᠭᠯᠠᠬᠤ ᠲᠤ ᠬᠦᠴᠢᠷᠳᠡᠢ ᠬᠡᠰᠡᠭ ᠣᠷᠣᠨ ᠳᠤ ᠰᠠᠷᠬᠡᠶᠢᠯᠡᠨ ᠬᠠᠮᠠᠭᠠᠯᠠᠬᠤ ᠳᠣᠣᠷ ᠢ ᠳᠣᠬᠢᠷᠠᠭᠤᠯᠵᠣ᠂ ᠠᠳᠣᠭᠤᠰᠣ ᠮᠠᠯ ᠰᠣᠶᠤᠭ᠎ᠠ ᠮᠣᠳᠣ ᠢᠳᠡᠬᠦ ᠠᠴᠠ ᠰᠡᠷᠬᠡᠶᠢᠯᠡᠨ᠎ᠠ᠃    ᠲᠦᠷᠪᠠ᠂ ᠮᠡᠷᠬᠡᠵᠢᠯ ᠤᠨ ᠱᠠᠭᠠᠷᠳᠠᠯᠭ᠎ᠠ    ︵ᠨᠢᠬᠡ︶ ᠮᠣᠳᠣᠨ ᠲᠦᠷᠥᠯ ᠰᠣᠩᠭᠤᠬᠤ᠃ ᠭᠠᠵᠠᠷ ᠣᠷᠣᠨ ᠳᠤᠨᠢ ᠳᠣᠬᠢᠷᠠᠭᠤᠯᠣᠨ ᠮᠣᠳᠣ ᠳᠠᠷᠢᠬᠤ ᠵᠠᠷᠴᠢᠮ  ᠢ ᠪᠠᠷᠢᠮᠳᠠᠯᠠᠵᠣ᠂ ᠳᠣᠬᠠᠢ ᠶᠢᠨ ᠭᠠᠵᠠᠷ ᠤᠨ ᠨᠦᠬᠦᠴᠡᠯ ᠢ ᠦᠨᠳᠣᠰᠣᠯᠡᠨ ᠣᠷᠣᠨ ᠨᠣᠳᠤᠭ ᠤᠨ ᠮᠣᠳᠣᠨ ᠤ ᠲᠦᠷᠥᠯ  ᠢ ᠰᠣᠩᠭᠤᠵᠣ᠂ ᠳᠣᠷᠤᠭ ᠮᠣᠳᠣ ᠳᠠᠷᠢᠬᠤ ᠳᠤ ᠳᠣᠬᠢᠷᠠᠮᠵᠢᠳᠡᠢ ᠪᠣᠯ ᠳᠣᠷᠤᠭ ᠮᠣᠳᠣ ᠳᠠᠷᠢᠵᠣ᠂ ᠪᠣᠳᠠ ᠮᠣᠳᠣ ᠳᠠᠷᠢᠬᠤ ᠳᠣᠬᠢᠷᠠᠮᠵᠢᠳᠡᠢ ᠪᠣᠯ ᠪᠣᠳᠠ ᠮᠣᠳᠣ ᠳᠠᠷᠢᠵᠣ᠂ ᠪᠣᠳᠣ ᠮᠣᠳᠣ ᠪᠠᠷ ᠭᠤᠣᠯ ᠪᠣᠯᠭᠠᠨ ᠳᠠᠷᠦᠢ ᠳᠣᠷᠯᠤᠭ᠂ ᠬᠠᠷᠭᠠᠨ᠎ᠠ᠂ ᠬᠦᠷᠡᠩ ᠬᠤᠩᠭᠤᠷᠴᠣᠭᠳᠣ ᠪᠠ ᠪᠣᠷᠭᠠᠰᠣ ᠵᠡᠷᠬᠡ ᠪᠠᠶᠢᠵᠣ᠂ ᠣᠰᠣᠯᠠᠬᠤ ᠨᠦᠬᠦᠴᠡᠯ ᠲᠠᠢ ᠪᠣᠯ ᠳᠣᠷᠤᠭ ᠮᠣᠳᠣ ᠳᠠᠷᠢᠵᠣ ᠳᠠᠷᠦᠢ ᠵᠡᠷᠯᠢᠭ ᠳᠣᠭᠤᠷ᠂ ᠬᠡᠬᠡᠷ᠎ᠡ ᠶᠢᠨ ᠬᠦᠢᠯᠡᠰᠣ᠂ ᠣᠳᠠ ᠮᠣᠳᠣ᠂ ᠬᠠᠶᠢᠯᠡᠷ ᠨᠠᠷᠠᠰᠣ᠂ ᠭᠠᠴᠣᠷ᠎ᠠ ᠂ ᠬᠠᠶᠢᠯᠠᠰᠣ ᠵᠡᠷᠬᠡ ᠪᠠᠶᠢᠨ᠎ᠠ᠃    ︵ᠬᠤᠶᠡᠷ︶ ᠰᠣᠶᠤᠭ᠎ᠠ ᠮᠣᠳᠣᠨ ᠤ ᠬᠠᠩᠭᠠᠯᠳᠠ᠃ ᠬᠤᠰᠢᠭᠤ ᠰᠢᠭᠤᠳ ᠬᠠᠷᠢᠶ᠎ᠠ ᠪᠠᠶᠢᠭᠤᠯᠭ᠎ᠠ ᠨᠢᠬᠡᠴᠡ᠂ ᠰᠢᠶᠠᠨ ᠤ ᠳᠠᠰ ᠤᠨ ᠣᠳᠣᠷᠢᠳᠣᠯᠭ᠎ᠠ ᠵᠢᠴᠢ ᠭᠠᠯᠠᠭᠤᠳᠣ ᠪᠠᠯᠭᠠᠰᠣᠨ ᠳᠤ ᠰᠠᠭᠤᠷᠢᠰᠢᠭ᠎ᠠ ᠭᠤᠣᠯᠳᠠᠯᠭᠠᠳᠣ ᠠᠵᠣ ᠠᠬᠤᠶᠢᠯᠡᠯ ᠤᠨ ᠬᠡᠷᠡᠭᠰᠡᠬᠦ ᠰᠣᠶᠤᠭ᠎ᠠ ᠮᠣᠳᠣ ᠶᠢ ᠬᠤᠰᠢᠭᠤ ᠣᠢ ᠰᠢᠭᠤᠢ ᠶᠢᠨ ᠳᠣᠪᠴᠢᠶ᠎ᠠ ᠨᠢᠬᠡᠳᠣᠯᠳᠡᠢ ᠬᠠᠩᠭᠠᠨ᠎ᠠ︔ ᠬᠤᠰᠢᠭᠤ ᠰᠢᠭᠤᠳ ᠬᠠᠷᠢᠶ᠎ᠠ ᠪᠠᠶᠢᠭᠤᠯᠭ᠎ᠠ᠂ ᠰᠢᠭᠤᠳ ᠬᠠᠷᠢᠶ᠎ᠠ ᠨᠢᠬᠡᠴᠡ ᠵᠡᠷᠬᠡ ︽3 +1︾ ᠬᠠᠷᠢᠯᠴᠠᠨ ᠬᠠᠪᠰᠣᠷᠣᠯᠴᠠᠨ ᠳᠡᠳᠬᠦᠬᠦ ᠴᠡᠭ ᠲᠤ ᠠᠯᠪᠠᠨ ᠵᠢᠷᠣᠮ ᠤᠨ ᠣᠶᠢᠵᠢᠭᠤᠯᠭ᠎ᠠ ᠬᠢᠬᠦ ᠰᠣᠶᠤᠭ᠎ᠠ ᠮᠣᠳᠣ ᠶᠢ ᠦᠪᠡᠷᠳᠡᠬᠡᠨ ᠪᠡᠯᠡᠳᠬᠡᠵᠣ᠂ ᠲᠦᠪᠯᠡᠷᠡᠬᠦᠯᠥᠨ ᠠᠯᠪᠠᠨ ᠵᠢᠷᠣᠮ ᠤᠨ ᠣᠶᠢᠵᠢᠭᠤᠯᠭ᠎ᠠ ᠬᠢᠬᠦ ᠳᠤ ᠬᠤᠰᠢᠭᠤ ᠣᠢ ᠰᠢᠭᠤᠢ ᠶᠢᠨ ᠳᠣᠪᠴᠢᠶᠠᠨ ᠠᠴᠠ ᠰᠣᠶᠤᠭ᠎ᠠ ᠮᠣᠳᠣ ᠶᠢ ᠨᠢᠬᠡᠳᠣᠯᠳᠡᠢ ᠬᠠᠩᠭᠠᠨ᠎ᠠ︔ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠰᠣᠮᠣ ᠪᠠᠯᠭᠠᠰᠣ᠂ ᠴᠠᠩ ᠴᠢᠩ ᠤᠨ ᠰᠢᠳᠠᠮᠠᠬᠠᠢ ᠬᠡᠢ ᠶᠢᠨ ᠠᠭᠤᠷᠬᠠᠢ ᠶᠢᠨ ᠲᠦᠷᠥᠯ ᠵᠣᠶᠢᠯ ᠤᠨ ᠭᠠᠵᠠᠷ ᠬᠡᠷᠡᠭᠰᠡᠬᠦ ᠰᠣᠶᠤᠭ᠎ᠠ ᠮᠣᠳᠣ ᠶᠢ ᠦᠪᠡᠷᠰᠡᠳ ᠢᠶᠠᠨ ᠪᠡᠯᠡᠳᠬᠡᠨ᠎ᠡ᠃ ᠣᠶᠢᠷ᠎ᠡ ᠬᠠᠪᠢ ᠶᠢᠨ ᠭᠠᠵᠠᠷ ᠠᠴᠠ ᠰᠣᠶᠤᠭ᠎ᠠ ᠮᠣᠳᠣ ᠠᠪᠴᠢᠷᠠᠵᠣ᠂ ᠬᠤᠰᠢᠭᠤᠨ ᠭᠠᠳᠠᠨ᠎ᠠ ᠠᠴᠠ ᠰᠣᠶᠤᠭ᠎ᠠ ᠮᠣᠳᠣ ᠠᠪᠴᠢᠷᠠᠬᠤ ᠶᠢ ᠡᠷᠡᠰ ᠬᠤᠷᠢᠭᠯᠠᠵᠣ᠂ ᠶᠡᠭᠡ ᠮᠣᠳᠣ ᠶᠢ ᠰᠢᠯᠵᠢᠬᠦᠯᠥᠨ ᠵᠠᠶᠢᠯᠠᠬᠤ ᠶᠢ ᠡᠷᠡᠰ ᠬᠤᠷᠢᠭᠯᠠᠨ᠎ᠠ᠃ ᠰᠣᠶᠤᠭ᠎ᠠ ᠮᠣᠰᠣᠨ ᠤ ᠬᠢᠵᠢᠭ ᠢ ᠪᠠᠶᠢᠴᠠᠭᠠᠬᠤ ᠠᠵᠢᠯ ᠢᠶᠠᠨ ᠴᠢᠩᠭᠠᠳᠬᠠᠵᠣ᠂ ᠬᠢᠵᠢᠭ ᠲᠠᠢ ᠣᠷᠣᠨ ᠠᠴᠠ ᠰᠣᠶᠤᠭ᠎ᠠ ᠮᠣᠳᠣ ᠠᠪᠴᠢᠷᠠᠬᠤ ᠶᠢ ᠡᠷᠡᠰ ᠬᠤᠷᠢᠭᠯᠠᠨ᠎ᠠ᠃    ︵ᠭᠤᠷᠪᠠ︶ ᠰᠣᠶᠤᠭ᠎ᠠ ᠮᠣᠳᠣᠨ ᠤ ᠪᠠᠷᠢᠮᠵᠢᠶ᠎ᠠ᠃ ᠦᠷᠬᠡᠨ ᠨᠠᠪᠴᠢᠳᠣ ᠳᠣᠷᠤᠭ ᠮᠣᠳᠣᠨ ᠲᠦᠷᠥᠯ ᠨᠢ ᠡᠰᠢ ᠠᠰᠬᠠᠨ᠂ ᠦᠨᠳᠣᠰᠣ ᠨᠢ ᠪᠦᠷᠢᠨ ᠪᠦᠳᠣᠨ ᠪᠠᠶᠢᠬᠤ ᠬᠡᠷᠡᠭᠳᠡᠢ︔ ᠰᠢᠯᠮᠣᠰᠣᠳᠣ ᠮᠣᠳᠣᠨ ᠲᠦᠷᠥᠯ ᠤᠨ ᠣᠷᠣᠢ ᠶᠢᠨ ᠨᠠᠬᠢᠶ᠎ᠠ ᠳᠡᠬᠦᠯᠳᠡᠷ ᠪᠠᠶᠢᠵᠣ᠂ ᠳᠠᠪᠬᠤᠷᠭ᠎ᠠ ᠶᠢᠨ ᠵᠠᠢ ᠨᠢ ᠳᠣᠬᠢᠷᠠᠮᠵᠢᠳᠡᠢ᠂ ᠮᠣᠳᠣᠨ ᠰᠠᠷᠠᠪᠴᠢ ᠪᠦᠷᠢᠨ ᠪᠦᠳᠣᠨ᠂ ᠮᠠᠰᠢᠨ ᠠᠴᠠ ᠪᠣᠯᠣᠭᠰᠠᠨ ᠰᠢᠷᠬ᠎ᠠ ᠦᠬᠡᠢ᠂ ᠡᠪᠡᠳᠴᠢᠯᠡᠵᠣ ᠬᠤᠷᠣᠬᠠᠶᠢᠳᠣᠭᠰᠠᠨ ᠦᠬᠡᠢ᠂ ᠦᠨᠳᠣᠰᠣ ᠶᠢ ᠨᠢ ᠰᠢᠷᠦᠢ ᠲᠠᠢ ᠪᠠᠭᠯᠠᠭᠰᠠᠨ ᠰᠣᠶᠤᠭ᠎ᠠ ᠮᠣᠳᠣ ᠪᠠᠶᠢᠬᠤ ᠬᠡᠷᠡᠭᠳᠡᠢ᠂ ᠪᠠᠭᠯᠠᠭᠰᠠᠨ ᠰᠢᠷᠦᠢ ᠶᠢ ᠴᠦᠮ ᠵᠠᠳᠠᠯᠵᠣ ᠪᠣᠯᠬᠤ ᠮᠡᠲ᠋ᠧᠷᠢᠶᠠᠯ ᠢᠶᠠᠷ ᠪᠠᠭᠯᠠᠨ᠎ᠠ᠃    ︵ᠲᠦᠷᠪᠡ︶ ᠳᠠᠷᠢᠬᠤ ᠪᠠᠷᠢᠮᠵᠢᠶ᠎ᠠ᠃ ᠳᠣᠷᠤᠭ ᠮᠣᠳᠣ ᠶᠢᠨ ᠬᠤᠭᠤᠷᠣᠨᠳᠣᠬᠢ ᠵᠠᠢ ᠶᠢ 2×3 ᠮᠧᠲᠷ ᠪᠠᠶᠢᠯᠭᠠᠵᠣ᠂ ᠶᠡᠭᠡ ᠰᠣᠶᠤᠭ᠎ᠠ ᠮᠣᠳᠣ ᠶᠢ ᠰᠠᠭᠤᠯᠭᠠᠬᠤ ᠳᠤ᠄ ᠨᠦᠬᠡᠨ ᠤ ᠳ᠋ᠢᠶᠠᠮᠧᠲᠷ ᠨᠢ 0.6m — 1.0m᠂ ᠬᠦᠨᠴᠡ ᠨᠢ 0.6m —0.8m᠂ ᠨᠦᠬᠡ ᠶᠢ ᠣᠬᠤᠭᠰᠠᠨ ᠰᠢᠷᠦᠢ ᠪᠠᠷ ᠨᠢ ᠪᠣᠯᠠᠨ᠎ᠠ︔ ᠪᠠᠭ᠎ᠠ ᠰᠣᠶᠤᠭ᠎ᠠ ᠮᠣᠳᠣ ᠰᠠᠭᠤᠯᠭᠠᠬᠤ ᠳᠤ᠄ ᠨᠦᠬᠡᠨ  ᠳ᠋ᠢᠢᠶᠠᠮᠧᠲᠷ ᠨᠢ 0.3m —0.4m᠂ ᠬᠦᠨᠴᠡ ᠨᠢ 0.4m᠂ ᠨᠦᠬᠡ ᠣᠬᠤᠭᠰᠠᠨ ᠰᠢᠷᠦᠢ ᠪᠠᠷ ᠨᠢ ᠪᠣᠯᠠᠨ᠎ᠠ︔ ᠳᠣᠷᠤᠭ ᠮᠣᠳᠣ ᠶᠢ ᠮᠣ᠋ ᠪᠦᠷᠢ ᠳᠤ 111 ᠭᠠᠷᠦᠢ ᠨᠦᠬᠡ ︵2×3︶ ᠮᠠᠯᠳᠠᠵᠣ᠂ ᠪᠣᠳᠠ ᠮᠣᠳᠣ ᠶᠢ ᠮᠣ᠋ ᠪᠦᠷᠢ ᠳᠤ 111 ᠭᠠᠷᠦᠢ ᠨᠦᠬᠡ ︵1×6︶ ᠮᠠᠯᠳᠠᠨ᠎ᠠ᠃ ᠪᠣᠳᠠ ᠮᠣᠳᠣ ᠳᠠᠷᠢᠬᠤ ᠭᠠᠵᠠᠷ  ᠲᠤ ᠡᠷᠬᠡᠪᠰᠢ ᠡᠯᠡᠰᠣᠨ ᠬᠠᠰᠢᠯᠭ᠎ᠠ ᠪᠠᠷᠢᠵᠣ᠂ ᠴᠡᠴᠡᠷᠯᠢᠭᠵᠢᠬᠦᠯᠥᠯᠳᠡ ᠦᠵᠡᠮᠵᠢ ᠶᠢᠨ ᠣᠢ ᠶᠢᠨ ᠰᠣᠶᠤᠭ᠎ᠠ ᠮᠣᠳᠣ ᠳᠠᠷᠢᠬᠤ ᠵᠠᠢ ᠶᠢ ᠪᠣᠳᠠᠳᠣ ᠪᠠᠶᠢᠳᠠᠯ ᠢ ᠦᠨᠳᠣᠰᠣᠯᠡᠨ ᠳᠣᠭᠳᠠᠭᠠᠨ᠎ᠠ᠃    ᠳᠠᠪᠤ᠂ ᠪᠠᠳᠣᠯᠠᠬᠤ ᠠᠷᠭ᠎ᠠ ᠪᠠᠷᠢᠯ    ︵ᠨᠢᠬᠡ︶  ᠣᠳᠣᠷᠢᠳᠣᠯᠭ᠎ᠠ ᠶᠢ ᠴᠢᠩᠭᠠᠳᠬᠠᠨ ᠪᠣᠳᠠᠳᠣ ᠪᠦᠳᠣᠮᠵᠢ ᠶᠢ ᠪᠠᠳᠣᠯᠠᠨ᠎ᠠ᠃ ᠭᠤᠣᠯᠳᠠᠯᠭᠠᠳᠣ ᠣᠷᠣᠨ  ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠠᠵᠢᠯ ᠣᠷᠣᠭᠰᠢᠳᠡᠢ ᠶᠠᠪᠣᠭᠳᠠᠭᠤᠯᠬᠤ ᠶᠢᠨ ᠳᠣᠰᠠᠳᠠ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠬᠤᠪᠢᠶᠠᠷᠢᠯᠠᠨ ᠬᠠᠷᠢᠭᠤᠴᠠᠬᠤ ᠤᠳᠣᠷᠢᠳᠣᠯᠭ᠎ᠠ ᠳᠣᠭᠤᠶᠢᠯᠠᠩ ᠤᠨ ᠳᠠᠷᠤᠭ᠎ᠠ ᠶᠢᠨ ᠳᠣᠰᠢᠶᠠᠯ ᠬᠠᠪᠰᠣᠷᠭᠠᠵᠣ᠂ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠡᠯ᠎ᠡ ᠰᠣᠮᠣ ᠪᠠᠯᠭᠠᠰᠣ᠂ ᠬᠤᠰᠢᠭᠤ ᠰᠢᠭᠤᠳ ᠬᠠᠷᠢᠶ᠎ᠠ ᠬᠤᠯᠪᠣᠭᠳᠠᠯ ᠪᠦᠬᠦᠢ ᠪᠠᠶᠢᠭᠤᠯᠭ᠎ᠠ ᠨᠢᠬᠡᠴᠡ ᠶᠢᠨ ᠭᠤᠣᠯ ᠬᠠᠷᠢᠭᠤᠴᠠᠯᠭᠠᠳᠠᠨ ᠢᠶᠠᠷ ᠪᠦᠷᠢᠯᠳᠦᠬᠦᠨ ᠪᠣᠯᠭᠠᠵᠣ ᠂ᠣᠳᠣᠷᠢᠳᠬᠤ ᠪᠠᠭ᠎ᠠ ᠳᠣᠭᠤᠶᠢᠯᠠᠩ ᠤᠨ ᠠᠯᠪᠡᠨ ᠬᠡᠷ ᠭᠠᠷᠭᠠᠵᠣ᠂ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠠᠵᠢᠯ ᠢ ᠵᠣᠬᠢᠶᠠᠨ ᠪᠠᠶᠢᠭᠤᠯᠣᠨ ᠵᠣᠬᠢᠴᠠᠭᠤᠯᠵᠣ᠂ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶᠂ ᠡᠯ᠎ᠡ ᠰᠣᠮᠣ ᠪᠠᠯᠭᠠᠰᠣ᠂ ᠡᠯ᠎ᠡ ᠰᠠᠯᠠᠭ᠎ᠠ ᠮᠦᠴᠢᠷ ᠤᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭᠠᠨ ᠢ ᠵᠣᠬᠢᠶᠠᠨ ᠪᠠᠶᠢᠭᠤᠯᠵᠣ ᠵᠣᠬᠢᠴᠠᠭᠤᠯᠬᠤ ᠶᠢ ᠪᠣᠳᠠᠳᠠᠢ ᠬᠠᠷᠢᠭᠤᠴᠠᠨ᠂ ᠣᠳᠣᠷᠢᠳᠬᠤ ᠳᠣᠭᠤᠶᠢᠯᠠᠩ ᠤᠨ ᠠᠯᠪᠡᠨ ᠬᠡᠷ ᠢ ᠬᠤᠰᠢᠭᠤ ᠣᠢ ᠰᠢᠭᠤᠢ ᠶᠢᠨ ᠳᠣᠪᠴᠢᠶᠠᠨ ᠳᠤ ᠭᠠᠷᠭᠠᠵᠣ᠂ ᠠᠯᠪᠡᠨ ᠬᠡᠷ ᠤᠨ ᠡᠷᠬᠢᠯᠡᠭᠴᠢ ᠶᠢ ᠹᠠᠨ ᠺᠦᠨ ᠳᠣᠰᠢᠶᠠᠯ ᠬᠠᠪᠰᠣᠷᠭᠠᠵᠣ᠂ ᠬᠤᠰᠢᠭᠤ ᠰᠢᠭᠤᠳ ᠬᠠᠷᠢᠶ᠎ᠠ ᠪᠠᠶᠢᠭᠤᠯᠭ᠎ᠠ ᠨᠢᠬᠡᠴᠡ᠂ ᠡᠯ᠎ᠡ ᠰᠣᠮᠣ ᠪᠠᠯᠭᠠᠰᠣᠨ᠂ ᠡᠯ᠎ᠡ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶᠂ ᠡᠯ᠎ᠡ ᠳᠣᠭᠤᠶᠢᠯᠠᠩ ᠢ ᠵᠣᠬᠢᠴᠠᠭᠤᠯᠬᠤ ᠶᠢ ᠪᠣᠳᠠᠳᠠᠢ ᠬᠠᠷᠢᠭᠤᠴᠠᠨ᠎ᠠ᠃    ᠣᠳᠣᠷᠢᠳᠬᠤ ᠪᠠᠭ᠎ᠠ ᠳᠣᠭᠤᠶᠢᠯᠠᠩ ᠤᠨ ᠳᠣᠣᠷ᠎ᠠ ᠲᠦᠷᠪᠡᠨ ᠠᠵᠢᠯᠯᠠᠬᠤ ᠪᠠᠭ᠎ᠠ ᠳᠣᠭᠤᠶᠢᠯᠠᠩ ᠪᠠᠶᠢᠭᠤᠯᠵᠣ ᠭᠤᠣᠯᠳᠠᠯᠭᠠᠳᠣ ᠣᠷᠣᠨ ᠤ ᠨᠣᠭᠤᠭᠠᠷᠠᠭᠤᠯᠣᠯᠳᠠ ᠪᠠ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠣᠶᠢᠵᠢᠭᠤᠯᠭ᠎ᠠ ᠶᠢᠨ ᠠᠵᠢᠯ ᠢ ᠪᠣᠳᠠᠳᠠᠢ ᠬᠠᠷᠢᠭᠤᠴᠠᠨ᠎ᠠ᠄    ⒈ ᠮᠡᠷᠬᠡᠵᠢᠯ ᠤᠨ ᠣᠶᠢᠯᠡᠴᠢᠯᠡᠬᠡᠨ ᠤ ᠳᠣᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠣᠢ ᠰᠢᠭᠤᠢ  ᠶᠢᠨ ᠳᠣᠪᠴᠢᠶ᠎ᠠ᠃ ᠭᠤᠣᠯ ᠬᠠᠷᠢᠭᠤᠴᠠᠯᠭ᠎ᠠ᠄ ᠰᠣᠶᠤᠭ᠎ᠠ ᠮᠣᠳᠣᠨ ᠤ ᠴᠢᠨᠡᠷ ᠴᠢᠨᠰᠠᠭ᠎ᠠ ᠪᠠᠷᠢᠮᠵᠢᠶ᠎ᠠ ᠵᠡᠷᠬᠡ ᠶᠢ ᠪᠠᠶᠢᠴᠠᠭᠠᠬᠤ᠂ ᠮᠡᠷᠬᠡᠵᠢᠯ ᠤᠨ ᠵᠢᠯᠣᠭᠤᠳᠣᠯᠭ᠎ᠠ ᠬᠠᠩᠭᠠᠬᠤ᠂ ᠪᠠᠶᠢᠴᠠᠭᠠᠨ ᠦᠵᠡᠵᠣ ᠰᠢᠯᠭᠠᠨ ᠬᠤᠷᠢᠶᠠᠨ᠎ᠠ᠃    ⒉ ᠣᠬᠠᠭᠤᠯᠣᠨ ᠮᠡᠳᠡᠬᠡᠯᠡᠬᠦ ᠳᠣᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠨᠠᠮ ᠤᠨ ᠬᠤᠷᠢᠶᠠᠨ  ᠤ ᠣᠬᠠᠭᠤᠯᠬᠤ ᠬᠡᠯᠳᠡᠰ᠂ ᠬᠤᠰᠢᠭᠤ ᠷᠠᠳᠢᠤ᠋ ᠲᠧᠯᠸᠢᠰ ᠤᠨ ᠣᠶᠢᠯᠡᠴᠢᠯᠡᠬᠡᠨ ᠤ ᠲᠦᠪ᠂ ᠦᠣᠰᠢᠨ ᠰᠣᠨᠢᠨ ᠬᠤᠷᠢᠶ᠎ᠠ ᠃ ᠭᠤᠣᠯ ᠬᠠᠷᠢᠭᠤᠴᠠᠯᠭ᠎ᠠ᠄ ᠪᠦᠬᠦ ᠬᠤᠰᠢᠭᠤᠨ ᠤ ᠠᠯᠪᠡᠨ ᠵᠢᠷᠣᠮ ᠤᠨ ᠣᠶᠢᠵᠢᠭᠤᠯᠭ᠎ᠠ ᠶᠢ ᠣᠬᠠᠭᠤᠯᠣᠨ ᠮᠡᠳᠡᠬᠡᠯᠡᠬᠦ    ⒊ ᠵᠠᠮ ᠬᠠᠷᠢᠯᠴᠠᠭᠠᠨ ᠤ ᠠᠵᠢᠯ ᠢ ᠬᠠᠷᠢᠭᠤᠴᠠᠬᠤ ᠳᠣᠭᠤᠶᠢᠯᠠᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠳᠣᠳᠣᠭᠠᠳᠣ ᠶᠢ ᠬᠠᠮᠠᠭᠠᠯᠠᠬᠤ ᠪᠠᠶᠢᠭᠤᠯᠭ᠎ᠠ᠂ ᠵᠠᠮ ᠬᠠᠷᠢᠯᠴᠠᠭᠠᠨ ᠤ ᠬᠠᠮᠢᠶᠠᠷᠣᠯᠳᠠ ᠶᠢᠨ ᠶᠡᠭᠡ ᠠᠩᠬᠢ᠃ ᠭᠤᠣᠯ ᠬᠠᠷᠢᠭᠤᠴᠠᠯᠭ᠎ᠠ᠄ ᠣᠶᠢᠵᠢᠭᠤᠯᠬᠤ ᠵᠠᠮ ᠱᠤᠭᠤᠮ ᠳᠠᠭᠠᠤ ᠶᠢᠨ ᠵᠠᠮ ᠬᠠᠷᠢᠯᠴᠠᠭᠠᠨ ᠤ ᠠᠶᠣᠯᠬᠦᠢ ᠶᠢ ᠪᠠᠳᠣᠯᠠᠬᠤ᠃    ⒋ ᠬᠢᠨᠡᠨ ᠪᠠᠶᠢᠴᠠᠭᠠᠬᠤ ᠳᠣᠭᠤᠶᠢᠠᠯᠩ᠃ ᠬᠠᠷᠢᠭᠤᠴᠠᠬᠤ ᠪᠠᠶᠢᠭᠤᠯᠭ᠎ᠠ᠄ ᠬᠤᠰᠢᠭᠤ ᠣᠢ ᠰᠢᠭᠤᠢ ᠶᠢᠨ ᠳᠣᠪᠴᠢᠶ᠎ᠠ᠂ ᠨᠠᠮ ᠤᠨ ᠬᠤᠷᠢᠶᠠᠨ ᠤ ᠱᠠᠭᠠᠷᠳᠠᠨ ᠪᠠᠶᠢᠴᠠᠭᠠᠬᠤ ᠳᠠᠰᠤᠭ᠂ ᠬᠤᠰᠢᠭᠤ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠳᠠᠰᠤᠭ  ᠃ ᠭᠤᠣᠯ ᠬᠠᠷᠢᠭᠤᠴᠠᠯᠭ᠎ᠠ᠄ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭᠠᠨ ᠢ ᠬᠢᠨᠡᠨ ᠪᠠᠶᠢᠴᠠᠭᠠᠬᠤ᠃    ︵ᠬᠤᠶᠡᠷ︶ ᠪᠠᠷᠢᠮᠵᠢᠶ᠎ᠠ ᠶᠢ ᠪᠠᠷᠢᠮᠳᠠᠯᠠᠨ ᠴᠢᠨᠡᠷ ᠴᠢᠨᠰᠠᠭ᠎ᠠ ᠶᠢ ᠴᠢᠩᠭᠠᠳᠬᠠᠨ᠎ᠠ᠃ ᠣᠶᠢᠵᠢᠭᠤᠯᠭ᠎ᠠ ᠶᠢᠨ ᠡᠬᠦᠷᠬᠡ ᠲᠠᠢ ᠡᠯ᠎ᠡ ᠨᠢᠬᠡᠴᠡ ᠣᠶᠢᠵᠢᠭᠤᠯᠭ᠎ᠠ ᠨᠣᠭᠤᠭᠠᠷᠠᠭᠤᠯᠣᠯᠳᠠ ᠶᠢᠨ ᠠᠵᠢᠯ ᠤᠨ ᠮᠡᠷᠬᠡᠵᠢᠯ ᠤᠨ ᠱᠠᠭᠠᠷᠳᠠᠯᠭ᠎ᠠ ᠪᠠᠷᠢᠮᠵᠢᠶ᠎ᠠ  ᠶᠣᠰᠣᠭᠠᠷ ᠣᠶᠢᠵᠢᠭᠤᠯᠣᠯᠳᠠ ᠨᠣᠭᠤᠭᠠᠷᠠᠭᠤᠯᠣᠯᠳᠠ ᠶᠢᠨ ᠠᠵᠢᠯ ᠤᠨ ᠪᠦᠬᠦ ᠶᠠᠪᠣᠴᠠ ᠳᠤ ᠳᠣᠣᠱᠯᠠᠭᠤᠯᠵᠣ ᠮᠡᠷᠬᠡᠵᠢᠯ ᠤᠨ ᠣᠶᠢᠯᠡᠴᠢᠯᠡᠬᠡᠨ ᠤ ᠳᠣᠭᠤᠶᠢᠯᠠᠩ ᠡᠯ᠎ᠡ ᠭᠠᠵᠠᠷ ᠣᠷᠣᠨ ᠤ ᠨᠣᠭᠤᠭᠠᠷᠠᠭᠤᠯᠣᠯᠳᠠ ᠣᠶᠢᠵᠢᠭᠤᠯᠣᠯᠳᠠ ᠶᠢᠨ ᠳᠣᠬᠠᠢ ᠶᠢᠨ ᠭᠠᠵᠠᠷ ᠲᠤ ᠮᠡᠷᠬᠡᠵᠢᠯ ᠤᠨ ᠵᠢᠯᠣᠭᠤᠳᠣᠯᠭ᠎ᠠ ᠬᠢᠨ᠎ᠠ᠃ ᠡᠯ᠎ᠡ ᠭᠠᠵᠠᠷ ᠣᠷᠣᠨ᠂ ᠡᠯ᠎ᠡ ᠪᠠᠶᠢᠭᠤᠯᠭ᠎ᠠ ᠨᠢᠬᠡᠴᠡ ᠨᠢ ᠴᠠᠭ ᠳᠣᠬᠠᠢ ᠳᠤᠨᠢ ᠣᠶᠢᠵᠢᠭᠤᠯᠣᠭᠰᠠᠨ ᠮᠣᠳᠣ ᠰᠣᠶᠤᠭ᠎ᠠ ᠪᠠᠨ ᠣᠰᠣᠯᠠᠵᠣ᠂ ︽ᠬᠡᠨ ᠳᠠᠷᠢᠪᠠᠯ ᠬᠡᠨ ᠣᠰᠣᠯᠠᠵᠣ᠂ ᠬᠡᠨ ᠠᠷᠠᠴᠢᠯᠠᠬᠤ︾ ᠵᠠᠷᠴᠢᠮ ᠢ ᠬᠡᠷᠡᠭᠵᠢᠬᠦᠯᠵᠣ᠂ ᠠᠯᠪᠡᠨ ᠵᠢᠷᠣᠮ ᠤᠨ ᠣᠶᠢᠵᠢᠭᠤᠯᠭ᠎ᠠ   ᠶᠢ ᠬᠤᠶᠠᠷ ᠣᠳᠠᠭ᠎ᠠ ᠰᠢᠯᠭᠠᠨ ᠬᠤᠷᠢᠶᠠᠵᠣ᠂ ᠠᠯᠪᠡᠨ ᠵᠢᠷᠣᠮ ᠤᠨ ᠣᠶᠢᠵᠢᠭᠤᠯᠭ᠎ᠠ ᠶᠢᠨ ᠠᠵᠢᠯᠯᠠᠭᠠᠨ ᠳᠠᠭᠤᠰᠣᠭᠰᠠᠨ ᠤ ᠳᠠᠷᠠᠭ᠎ᠠ ᠣᠶᠢᠵᠢᠭᠤᠯᠭ᠎ᠠ ᠶᠢᠨ ᠳᠠᠯᠠᠪᠠᠢ ᠪᠠ ᠴᠢᠨᠡᠷ ᠴᠢᠨᠰᠠᠭ᠎ᠠ ᠶᠢ ᠬᠢᠨᠡᠨ ᠪᠠᠶᠢᠴᠠᠭᠠᠵᠣ ᠰᠢᠯᠭᠠᠨ ᠬᠤᠷᠢᠶᠠᠭᠠᠳ ᠠᠵᠢᠯ ᠤᠨ ᠡᠴᠣᠰ ᠶᠢ ᠰᠣᠶᠤᠭ᠎ᠠ ᠮᠣᠳᠣᠨ ᠣᠷᠭᠤᠭᠰᠠᠨ ᠬᠡᠮᠵᠢᠶᠠᠨ ᠳᠤ ᠳᠠᠬᠢᠨ ᠰᠢᠯᠭᠠᠨ ᠪᠠᠶᠢᠴᠠᠭᠠᠯᠳᠠ ᠬᠢᠵᠣ᠂ ᠵᠠᠰᠠᠮᠠᠯ ᠵᠠᠮ ᠤᠨ ᠬᠤᠶᠠᠷ ᠳᠠᠯ᠎ᠠ ᠶᠢᠨ ᠣᠷᠭᠤᠭᠰᠠᠨ ᠬᠡᠮᠵᠢᠶ᠎ᠠ ᠶᠢ 90% ᠬᠦᠷᠬᠡᠵᠣ᠂ ᠪᠣᠰᠣᠳ ᠣᠷᠣᠨ ᠤ ᠣᠷᠭᠤᠯᠳᠠ ᠶᠢᠨ ᠬᠡᠮᠵᠢᠶ᠎ᠠ ᠶᠢ 75% ᠬᠦᠷᠬᠡᠬᠦ ᠶᠢᠨ ᠬᠠᠮᠳᠣ ᠪᠦᠬᠦ ᠬᠤᠰᠢᠭᠤᠨ  ᠤ ᠵᠢᠯ ᠤᠨ ᠪᠣᠳᠠᠳᠣ ᠪᠦᠳᠣᠮᠵᠢ ᠶᠢᠨ ᠰᠢᠯᠭᠠᠨ ᠬᠢᠨᠠᠯᠳᠠ ᠳᠤ ᠣᠷᠣᠭᠤᠯᠣᠨ᠎ᠠ᠃    ︵ᠭᠤᠷᠪᠠ︶  ᠳᠣᠭᠳᠠᠯᠴᠠᠭ᠎ᠠ ᠶᠢ ᠳᠡᠬᠦᠯᠳᠡᠷᠵᠢᠬᠦᠯᠥᠨ ᠬᠠᠮᠳᠣᠷᠠᠨ ᠠᠵᠢᠯᠠᠯᠠᠨ᠎ᠠ᠃ ︽ᠮᠦᠩᠬᠦ ᠵᠠᠷᠣᠨ ᠠᠮᠢᠳᠣ ᠮᠣᠳᠣ ᠬᠤᠳᠠᠯᠳᠣᠨ ᠠᠪᠬᠤ︾ ᠠᠷᠭ᠎ᠠ ᠶᠢ ᠦᠨᠳᠣᠰᠣᠯᠡᠨ ᠣᠷᠢᠳᠠᠪᠠᠷ ᠣᠶᠢᠵᠢᠭᠤᠯᠵᠣ ᠳᠠᠷᠠᠭ᠎ᠠ ᠨᠢ ᠨᠦᠬᠦᠪᠦᠷᠢᠯᠡᠬᠦ  ᠶᠢ ᠶᠡᠬᠡᠪᠡᠷ ᠰᠠᠨᠠᠭᠠᠴᠢᠯᠡᠨ ᠣᠯᠣᠰ ᠤᠨ ᠣᠶᠢᠵᠢᠭᠤᠯᠭ᠎ᠠ ᠶᠢᠨ ᠲᠦᠷᠢᠮ ᠳᠣᠭᠳᠠᠭᠠᠯ ᠶᠢ ᠦᠨᠳᠣᠰᠣᠯᠡᠨ ᠲᠦᠪᠯᠡᠷᠡᠬᠦᠯᠥᠨ ᠣᠶᠢᠵᠢᠭᠤᠯᠣᠭᠰᠠᠨ ᠳᠠᠯᠠᠪᠠᠢ ᠨᠢ 50 ᠮᠣ᠋ ᠠᠴᠠ ᠳᠡᠭᠡᠭᠰᠢ ᠪᠣᠯᠣᠭᠰᠠᠨ ᠮᠠᠯᠴᠢᠨ ᠳᠠᠷᠢᠶᠠᠴᠢᠨ ᠡᠷᠦᠬᠡ᠂ ᠨᠡᠶᠢᠬᠡᠮ ᠤᠨ ᠪᠦᠯᠬᠦᠮ᠂ ᠠᠵᠣ ᠠᠬᠤᠶᠢᠯᠡᠯ᠂ ᠬᠤᠪᠢ ᠬᠦᠮᠦᠨ ᠨᠢ ᠬᠤᠰᠢᠭᠤ ᠣᠢ ᠰᠢᠭᠤᠢ ᠶᠢᠨ ᠳᠣᠪᠴᠢᠶ᠎ᠠ ᠣᠶᠢᠵᠢᠭᠤᠯᠣᠭᠰᠠᠨ ᠬᠡᠰᠡᠭ ᠢ ᠨᠢ ᠰᠢᠯᠭᠠᠨ ᠬᠤᠷᠢᠶᠠᠵᠣ ᠬᠢᠷᠢ ᠳᠠᠩᠴᠡᠭᠰᠡᠨ ᠤ ᠳᠠᠷᠠᠭ᠎ᠠ ᠣᠯᠣᠰ ᠤᠨ ᠳᠣᠭᠳᠠᠭᠠᠯ ᠤᠨ ᠣᠢ ᠰᠢᠭᠤᠢ ᠶᠢᠨ ᠲᠦᠷᠥᠯ ᠵᠣᠶᠢᠯ ᠤᠨ ᠱᠠᠭᠠᠷᠳᠠᠯᠭ᠎ᠠ ᠳᠤ ᠨᠡᠶᠢᠴᠡᠭᠰᠡᠨ ᠣᠶᠢᠵᠢᠭᠤᠯᠣᠯᠳᠠ ᠶᠢᠨ ᠭᠤᠣᠯ ᠴᠣᠭᠴᠠ ᠶᠢ ᠬᠤᠰᠢᠭᠤ ᠣᠢ ᠰᠢᠭᠤᠢ ᠶᠢᠨ ᠳᠣᠪᠴᠢᠶ᠎ᠠ ᠠᠴᠠ ᠳᠠᠩᠰᠠᠯᠠᠨ ᠳᠡᠪᠳᠡᠷᠯᠡᠵᠣ᠂ ᠣᠯᠣᠰ ᠤᠨ ᠣᠢ ᠰᠢᠭᠤᠢ ᠠᠮᠢ ᠠᠬᠤᠢ ᠶᠢᠨ ᠲᠦᠷᠥᠯ ᠵᠣᠶᠢᠯ ᠳᠤ ᠣᠷᠣᠭᠤᠯᠵᠣ ᠪᠡᠯᠡ ᠮᠦᠩᠬᠦᠨ ᠳᠡᠮᠵᠢᠯᠬᠡ ᠣᠯᠭᠤᠨ᠎ᠠ᠃    ︵ᠲᠦᠷᠪᠠ︶ ᠳᠠᠩᠰᠠ ᠡᠪᠬᠡᠮᠡᠯ ᠢ ᠲᠦᠷᠢᠮᠵᠢᠬᠦᠯᠥᠨ ᠬᠠᠮᠢᠶᠠᠷᠣᠯᠳᠠ ᠶᠢ ᠴᠢᠩᠭᠠᠳᠬᠠᠨ᠎ᠠ᠃ ᠡᠯ᠎ᠡ ᠨᠡᠬᠡᠬᠡᠯᠳᠡ  ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ᠂ ᠡᠯ᠎ᠡ ᠰᠣᠮᠣ ᠪᠠᠯᠭᠠᠰᠣᠨ ᠨᠢ ᠣᠶᠢᠵᠢᠭᠤᠯᠬᠤ ᠭᠠᠵᠠᠷ ᠣᠷᠣᠨ ᠢᠶᠠᠨ ᠰᠣᠩᠭᠤᠨ ᠳᠣᠭᠳᠠᠭᠠᠭᠰᠠᠨ ᠤ ᠳᠠᠷᠠᠭ᠎ᠠ 4 ᠰᠠᠷ᠎ᠠ ᠶᠢᠨ 5 ᠤ ᠡᠳᠦᠷ ᠠᠴᠠ ᠡᠮᠣᠨ᠎ᠠ ᠬᠤᠰᠢᠭᠤ ᠣᠶᠢᠵᠢᠭᠤᠯᠭ᠎ᠠ ᠶᠢᠨ ᠵᠦᠪᠯᠡᠯ ᠤᠨ ᠠᠯᠪᠡᠨ ᠬᠡᠷ ᠲᠤ ᠮᠡᠳᠡᠬᠦᠯᠵᠣ᠂ ᠪᠣᠢ ᠪᠦᠬᠦᠢ ᠳᠠᠩᠰᠠ ᠡᠪᠬᠡᠮᠡᠯ ᠤᠨ ᠮᠡᠲ᠋ᠧᠷᠢᠶᠠᠯ᠂ ᠠᠵᠢᠯᠯᠠᠬᠤ ᠵᠢᠷᠤᠭ ᠲᠥᠯᠥᠪᠯᠡᠭᠡ ᠶᠢ ᠬᠤᠰᠢᠭᠤ ᠣᠶᠢᠵᠢᠭᠤᠯᠭ᠎ᠠ ᠶᠢᠨ ᠵᠦᠪᠯᠡᠯ ᠤᠨ ᠠᠯᠪᠡᠨ ᠬᠡᠷ ᠳᠠᠩᠰᠠᠯᠠᠨ ᠳᠡᠪᠳᠡᠷᠯᠡᠨ᠎ᠠ᠃ᠴᠢᠮᠡᠭᠡ ᠵᠠᠩᠬᠢ ᠶᠢᠨ ᠮᠡᠳᠡᠬᠦᠯᠥᠯᠳᠡ ᠶᠢᠨ ᠠᠵᠢᠯ ᠢᠶᠠᠨ ᠴᠢᠩᠭᠠᠳᠬᠠᠵᠣ᠂ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠦᠴᠢᠷ ᠲᠥᠪᠯᠡᠷᠡᠬᠦᠯᠢᠨ ᠣᠶᠢᠵᠢᠭᠤᠯᠭ᠎ᠠ ᠬᠢᠬᠦ ᠱᠠᠳᠣᠨ ᠳᠤ ᠡᠳᠦᠷ ᠪᠦᠷᠢ ᠶᠢᠨ ᠦᠳᠡ  ᠶᠢᠨ ᠬᠤᠶᠢᠨᠡᠬᠢ 4 ᠴᠠᠭ ᠠᠴᠠ ᠡᠮᠣᠨ᠎ᠠ ᠠᠵᠢᠯ ᠤᠨ ᠠᠬᠢᠴᠡ ᠶᠢᠨ ᠳᠣᠬᠠᠢ ᠮᠡᠳᠡᠭᠡ ᠪᠠᠨ ᠨᠢᠬᠡ ᠣᠳᠠᠭ᠎ᠠ ᠮᠡᠳᠡᠬᠦᠯᠵᠣ᠂ ᠮᠡᠳᠡᠭᠡ ᠵᠠᠩᠬᠢ ᠨᠢ ᠳᠤᠭ᠎ᠠ ᠪᠠᠷᠢᠮᠳᠠ ᠲᠠᠢ᠂ ᠳᠠᠨᠢᠯᠴᠠᠭᠤᠯᠭ᠎ᠠ ᠲᠠᠢ᠂ ᠵᠢᠷᠤᠭ ᠰᠠᠬᠦᠳᠡᠷ ᠲᠠᠢ ᠪᠠᠶᠢᠬᠤ ᠬᠡᠷᠡᠭᠳᠡᠢ᠃ ᠡᠯ᠎ᠡ ᠰᠣᠮᠣ ᠪᠠᠯᠭᠠᠰᠣ 4 ᠰᠠᠷ᠎ᠠ ᠶᠢᠨ 28 ᠡᠳᠦᠷ ᠤᠨ ᠦᠳᠡ ᠶᠢᠨ ᠬᠤᠶᠢᠨ᠎ᠠ ᠶᠢᠨ 17 ᠴᠠᠭ ᠠᠴᠠ ᠡᠮᠣᠨ᠎ᠠ ᠴᠢᠮᠡᠬᠡᠯᠡᠭᠴᠢ᠂ ᠬᠠᠷᠢᠭᠤᠴᠠᠯᠭᠠᠳᠠᠨ ᠤ ᠨᠠᠷ᠎ᠠ ᠣᠪᠣᠭ ᠵᠢᠴᠢ ᠬᠠᠷᠢᠯᠴᠠᠬᠤ ᠣᠳᠠᠰᠣᠨ ᠵᠡᠷᠬᠡ ᠶᠢ ᠬᠤᠰᠢᠭᠤ ᠣᠶᠢᠵᠢᠭᠤᠯᠭ᠎ᠠ ᠶᠢᠨ ᠠᠵᠢᠯ ᠤᠨ ᠵᠦᠪᠯᠡᠯ ᠤᠨ ᠠᠯᠪᠡᠨ ᠬᠡᠷ ᠲᠤ ᠮᠡᠳᠡᠬᠦᠯᠥᠨ᠎ᠠ᠃ ᠬᠠᠷᠢᠯᠴᠠᠬᠤ ᠬᠦᠮᠦᠨ᠄ ᠦ᠋ ᠯᠧ ᠶᠣᠣ᠂ ᠬᠠᠷᠢᠯᠴᠠᠬᠤ ᠣᠳᠠᠰᠣ᠄ 7582469᠂18747729025᠃ ᠢᠮᠧᠯ 1048846392@qq.com    ︵ ᠳᠠᠪᠤ︶ ᠱᠠᠭᠠᠷᠳᠠᠨ ᠪᠠᠶᠢᠴᠠᠭᠠᠵᠣ ᠨᠠᠶᠢᠳᠠᠪᠣᠷᠢᠵᠢᠭᠤᠯᠣᠭᠰᠠᠨ ᠪᠠᠨ ᠴᠢᠩᠭᠠᠳᠬᠠᠨ᠎ᠠ᠃ ᠣᠶᠢᠵᠢᠭᠤᠯᠭ᠎ᠠ ᠶᠢᠨ ᠬᠤᠭᠤᠴᠠᠭᠠᠨ ᠳᠤ ᠬᠤᠰᠢᠭᠤ ᠨᠠᠮ ᠤᠨ ᠬᠤᠷᠢᠶᠠᠨ ᠤ ᠱᠠᠭᠠᠷᠳᠠᠨ ᠪᠠᠶᠢᠴᠠᠭᠠᠬᠤ ᠳᠠᠰᠤᠭ᠂ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠳᠠᠰᠤᠭ᠂ ᠬᠤᠰᠢᠭᠤ ᠣᠢ ᠰᠢᠭᠤᠢ ᠶᠢᠨ ᠳᠣᠪᠴᠢᠶ᠎ᠠ᠂ ᠬᠤᠰᠢᠭᠤ ᠣᠶᠢᠵᠢᠭᠤᠯᠬᠤ ᠵᠦᠪᠯᠡᠯ  ᠤᠨ ᠠᠯᠪᠡᠨ ᠬᠡᠷ ᠬᠠᠮᠳᠣᠷᠠᠨ ᠱᠠᠭᠠᠷᠳᠠᠨ ᠪᠠᠶᠢᠴᠠᠭᠠᠬᠤ ᠳᠣᠭᠤᠶᠢᠯᠠᠩ ᠪᠠᠶᠢᠭᠤᠯᠵᠣ᠂ ᠣᠶᠢᠵᠢᠭᠤᠯᠭ᠎ᠠ ᠶᠢᠨ ᠡᠬᠦᠷᠬᠡ  ᠶᠢ ᠳᠣᠣᠱᠯᠠᠭᠤᠯᠣᠭᠰᠠᠨ ᠪᠠᠶᠢᠳᠠᠯ ᠢ ᠭᠤᠣᠯᠳᠠᠯᠭᠠᠳᠠᠢ ᠪᠠᠶᠢᠴᠠᠭᠠᠵᠣ᠂ ᠪᠠᠶᠢᠴᠠᠭᠠᠯᠳᠠ ᠶᠢᠨ ᠮᠡᠳᠡᠭᠡ ᠶᠢ ᠴᠠᠭ ᠳᠣᠬᠠᠢ  ᠳᠤᠨᠢ ᠨᠠᠶᠢᠳᠠᠯᠠᠨ᠎ᠠ᠃ ᠰᠠᠶᠢᠳᠣᠷ ᠵᠣᠬᠢᠶᠠᠨ ᠪᠠᠶᠢᠭᠤᠯᠣᠭᠰᠠᠨ ᠦᠬᠡᠢ ᠬᠤᠳᠠᠯ ᠬᠠᠭᠤᠷᠮᠠᠭ ᠮᠡᠳᠡᠬᠦᠯᠦᠭᠰᠡᠨ᠂ ᠡᠬᠦᠷᠬᠡ  ᠪᠠᠨ ᠪᠡᠶᠠᠯᠡᠬᠦᠯᠦᠭᠰᠡᠨ ᠦᠬᠡᠢ ᠪᠠᠶᠢᠭᠤᠯᠭ᠎ᠠ ᠶᠢ ᠳᠠᠶᠠᠭᠠᠷ ᠲᠤ ᠨᠠᠶᠢᠳᠠᠯᠠᠨ ᠰᠢᠬᠦᠮᠵᠢᠯᠡᠬᠦ ᠶᠢᠨ ᠬᠠᠮᠳᠣ ᠬᠤᠭᠤᠴᠠᠭ᠎ᠠ ᠳᠣᠭᠳᠠᠨ ᠵᠠᠯᠠᠷᠠᠭᠤᠯᠣᠨ ᠵᠠᠰᠠᠬᠤ ᠪᠠᠷ ᠱᠠᠭᠠᠷᠳᠠᠨ᠎ᠠ᠃ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠦᠴᠢᠷ ᠣᠯᠠᠨ ᠲᠦᠷᠥᠯ ᠤᠨ ᠠᠷᠭ᠎ᠠ ᠬᠡᠯᠪᠠᠷᠢ ᠪᠠᠷ ᠰᠣᠨᠢᠨ ᠮᠡᠳᠡᠭᠡ ᠵᠠᠭᠤᠴᠢᠯᠠᠭᠤᠷ ᠢ ᠠᠰᠢᠭᠯᠠᠨ ᠦᠷᠬᠡᠨ ᠢᠶᠠᠷ ᠣᠬᠠᠭᠤᠯᠣᠨ ᠮᠡᠳᠡᠬᠡᠯᠡᠵᠣ᠂ ᠪᠦᠬᠦ ᠠᠷᠠᠳ ᠤᠨ ᠣᠶᠢᠵᠢᠭᠤᠯᠣᠯᠳᠠ ᠨᠣᠭᠤᠭᠠᠷᠠᠭᠤᠯᠣᠯᠳᠠ ᠶᠢ ᠬᠠᠮᠠᠭᠠᠯᠠᠬᠤ ᠰᠠᠶᠢᠨ ᠰᠠᠶᠢᠬᠠᠨ ᠠᠭᠤᠷ ᠠᠮᠢᠰᠬᠤᠯ ᠢ ᠶᠡᠬᠡᠪᠡᠷ ᠪᠣᠢ ᠪᠣᠯᠭᠠᠨ᠎ᠠ᠃    ᠳᠠᠭᠠᠯᠳᠣᠭᠤᠯᠣᠯ᠄   ⒈2017 ᠣᠨ ᠤ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠲᠦᠪᠯᠡᠷᠡᠬᠦᠯᠥᠨ ᠣᠶᠢᠵᠢᠭᠤᠯᠬᠤ ᠡᠬᠦᠷᠬᠡ ᠶᠢᠨ ᠵᠠᠳᠠᠯᠣᠯᠣᠳᠠ ᠶᠢᠨ ᠬᠦᠰᠦᠨᠦᠭ    ⒉2017 ᠣᠨ ᠤ ᠬᠠᠪᠣᠷ ᠤᠨ ᠣᠯᠠᠷᠢᠯ ᠤᠨ ᠠᠯᠪᠡᠨ ᠵᠢᠷᠣᠮ ᠤᠨ ᠣᠶᠢᠵᠢᠭᠤᠯᠭ᠎ᠠ ᠶᠢᠨ ᠡᠯ᠎ᠡ ᠠᠵᠣ ᠠᠬᠤᠢ  ᠶᠢᠨ ᠨᠡᠬᠡᠬᠡᠯᠳᠡ ᠶᠢᠨ ᠳᠣᠭᠤᠷᠢᠭ ︵ᠬᠦᠷᠢᠶᠠᠯᠠᠩ︶ ᠤᠨ ᠬᠠᠮᠢᠶᠠᠷᠣᠯᠳᠠ ᠶᠢᠨ ᠵᠦᠪᠯᠡᠯ ᠵᠢᠴᠢ ᠡᠯ᠎ᠡ ᠰᠣᠮᠣ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠤ ᠡᠬᠦᠷᠬᠡ ᠶᠢᠨ ᠵᠠᠳᠠᠯᠣᠯᠳᠠ ᠶᠢᠨ ᠬᠦᠰᠦᠨᠦᠭ    ⒈2017 ᠣᠨ ᠤ ᠬᠠᠪᠣᠷ ᠤᠨ ᠣᠯᠠᠷᠢᠯ ᠤᠨ ᠠᠯᠪᠠᠨ ᠵᠢᠷᠣᠮ ᠤᠨ ᠲᠦᠪᠯᠡᠷᠡᠬᠦᠯᠥᠨ ᠣᠶᠢᠵᠢᠭᠤᠯᠬᠤ ᠡᠬᠦᠷᠬᠡ  ᠶᠢᠨ ᠵᠠᠳᠠᠯᠣᠯᠣᠳᠠ ᠶᠢᠨ ᠬᠦᠰᠦᠨᠦᠭ
   
     
   
   
     
     
     
 
ᠢᠷᠡᠯᠲᠡ᠄ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠡᠨ ᠬᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号