ᠪᠦᠬᠦ ᠬᠤᠰᠢᠭᠤᠨ ᠤ 2017 ᠣᠨ ᠤ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠳᠤ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠤ ᠨᠦᠬᠦᠪᠦᠷᠢ ᠣᠯᠭᠤᠬᠤ ᠠᠵᠢᠯ ᠤᠨ ᠬᠡᠷᠡᠭᠵᠢᠬᠦᠯᠬᠦ ᠲᠦᠰᠥᠯ ᠢ ᠳᠡᠷᠣᠮᠠᠯᠯᠠᠨ ᠳᠠᠷᠬᠠᠭᠠᠬᠤ ᠳᠣᠬᠠᠢ ᠦᠣᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠬᠡᠷ ᠤᠨ ᠮᠡᠳᠡᠭᠳᠡᠯ
ᠨᠡᠶᠢᠲᠡᠯᠡᠭᠰᠡᠨ ᠴᠠᠭ᠄
2018-04-10
ᠡᠯ᠎ᠡ ᠰᠣᠮᠣ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠰᠢᠭᠤᠳ ᠬᠠᠷᠢᠶ᠎ᠠ ᠬᠤᠯᠪᠣᠭᠳᠠᠯ ᠪᠦᠬᠦᠢ ᠡᠯ᠎ᠡ ᠰᠠᠯᠠᠭ᠎ᠠ ᠮᠦᠴᠢᠷ᠄    ︽ᠪᠦᠬᠦ ᠬᠤᠰᠢᠭᠤᠨ ᠤ 2017 ᠣᠨ ᠤ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠳᠤ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠤ ᠨᠦᠬᠦᠪᠦᠷᠢ ᠣᠯᠭᠤᠬᠤ ᠠᠵᠢᠯ ᠤᠨ ᠬᠡᠷᠡᠭᠵᠢᠬᠦᠯᠬᠦ ᠲᠦᠰᠥᠯ︾ ᠨᠢ ᠬᠤᠰᠢᠭᠤ ᠠᠷᠠᠳ ᠤᠨ ᠵᠠᠰᠠᠭ ᠤᠨ ᠣᠷᠳᠣᠨ ᠤ ᠵᠦᠪᠰᠢᠶᠠᠷᠠᠯ ᠪᠠᠷ ᠳᠠᠮᠵᠢᠨ ᠡᠳᠦᠬᠡ ᠳᠠᠨᠠᠷ ᠲᠤ ᠳᠠᠷᠣᠮᠠᠯᠯᠠᠨ ᠳᠠᠷᠬᠠᠭᠠᠪᠠ᠂ ᠨᠠᠷᠢᠨ ᠬᠢᠨᠠᠮᠠᠭᠠᠢ ᠵᠣᠬᠢᠶᠠᠨ ᠪᠠᠶᠢᠭᠤᠯᠣᠨ ᠬᠡᠷᠡᠭᠵᠢᠬᠦᠯᠥᠬᠡᠷᠡᠢ᠃               ᠦᠣᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠡᠨ ᠬᠡᠷ                                                          2017 ᠣᠨ ᠤ 9 ᠰᠠᠷ᠎ᠠ ᠶᠢᠨ 15 ᠤ ᠡᠳᠦᠷᠪᠦᠬᠦ ᠬᠤᠰᠢᠭᠤᠨ ᠤ 2017 ᠣᠨ ᠤ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠳᠤ ᠡᠪᠣᠯ ‍ᠤᠨ‌ᠣᠯᠠᠷᠢᠯ  ᠤᠨ ᠳᠣᠯᠠᠭᠠᠯᠠᠯᠭ᠎ᠠ ᠳᠤ ᠬᠡᠷᠡᠭᠰᠡᠬᠦ ᠨᠠᠬᠦᠷᠡᠰᠣᠨ ᠤ ᠨᠦᠬᠦᠪᠦᠷᠢ ᠣᠯᠭᠤᠬᠤ ᠠᠵᠢᠯ ᠤᠨ ᠬᠡᠷᠡᠭᠵᠢᠬᠦᠯᠬᠦ ᠲᠦᠰᠥᠯ      ᠮᠠᠯᠴᠢᠨ ᠳᠠᠷᠢᠶᠠᠴᠢᠨ ᠤ ᠣᠶᠢᠯᠡᠳᠪᠣᠷᠢᠯᠡᠯ ᠠᠮᠢᠳᠣᠷᠠᠯ ᠤᠨ ᠨᠦᠬᠦᠴᠡᠯ ᠢ ᠰᠠᠶᠢᠵᠢᠷᠠᠭᠤᠯᠵᠣ᠂ ᠮᠠᠨ ᠤ ᠬᠤᠰᠢᠭᠤᠨ ᠤ 2017 ᠣᠨ ᠤ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠤ ᠨᠦᠬᠦᠪᠦᠷᠢ ᠣᠯᠭᠤᠬᠤ ᠠᠵᠢᠯ ᠢ ᠴᠢᠨᠠᠭᠰᠢᠳᠠ ᠰᠠᠶᠢᠳᠣᠷ ᠬᠢᠬᠦ ᠶᠢᠨ ᠳᠣᠰᠠᠳᠠ ︽ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠤ ᠨᠦᠬᠦᠪᠦᠷᠢ ᠣᠯᠭᠤᠬᠤ ᠠᠵᠢᠯ ᠢ ᠰᠠᠶᠢᠳᠣᠷ ᠬᠢᠬᠦ ᠳᠣᠬᠠᠢ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠵᠣ ᠠᠬᠤᠢ ᠪᠡ ᠴᠢᠮᠡᠭᠡ ᠵᠠᠩᠬᠢᠵᠢᠯᠳᠠ ᠶᠢᠨ ᠵᠦᠪᠯᠡᠯ ᠤᠨ ᠠᠯᠪᠠᠨ ᠲᠢᠩᠬᠢᠮ ᠤᠨ ᠮᠡᠳᠡᠭᠳᠡᠯ︾ ︵ᠦᠪᠣᠷ ᠠᠵᠣ ᠴᠢᠮᠡᠭᠡ ᠨᠡᠬᠦᠷᠠᠰᠣ ᠵᠠᠰᠠᠭ ᠬᠠᠮᠢᠶᠠᠷᠣᠯᠳᠠ ᠦᠰᠦᠭ〔2017〕56 ᠳ᠋ᠣᠭᠠᠷ ᠳᠣᠭᠠᠳᠣ︶᠂ ︽ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ  ᠳᠤ ᠬᠡᠷᠡᠭᠰᠡᠬᠦ ᠨᠡᠬᠦᠷᠠᠰᠣᠨ ᠨᠦᠬᠦᠪᠦᠷᠢ ᠣᠯᠭᠤᠬᠤ ᠠᠵᠢᠯ ᠢ ᠰᠠᠶᠢᠳᠣᠷ ᠬᠢᠬᠦ ᠳᠣᠬᠠᠢ ᠣᠷᠳᠣᠰ ᠬᠤᠳᠠ ᠶᠢᠨ ᠠᠷᠠᠳ  ᠤᠨ ᠵᠠᠰᠠᠭ ᠤᠨ ᠣᠷᠳᠣᠨ ᠤ ᠠᠯᠪᠡᠨ ᠲᠢᠩᠬᠢᠮ ᠤᠨ ᠮᠡᠳᠡᠭᠳᠡᠯ︾ ︵ᠣᠷᠳᠣᠰ ᠵᠠᠰᠠᠭ ᠠᠯᠪᠠᠨ ᠳᠠᠷᠬᠠᠭᠠᠭᠰᠠᠨ〔2017〕128 ᠳ᠋ᠣᠭᠠᠷ︶ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠶᠢ ᠦᠨᠳᠣᠰᠣᠯᠡᠨ ᠮᠠᠨ ᠤ ᠬᠤᠰᠢᠭᠤᠨ ᠤ ᠪᠣᠳᠠᠳᠣ ᠪᠠᠶᠢᠳᠠᠯ ᠲᠠᠢ ᠣᠶᠠᠯᠳᠣᠭᠤᠯᠵᠣ᠂ ᠳᠣᠰ ᠲᠦᠰᠥᠯ ᠢ ᠳᠣᠭᠳᠠᠭᠠᠪᠠ᠃    ᠨᠢᠬᠡ᠂ ᠵᠢᠯᠣᠭᠤᠳᠬᠤ ᠦᠵᠡᠯ ᠰᠠᠨᠠᠭ᠎ᠠᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ ᠶᠠᠷᠢᠶᠠᠨ ᠤ ᠵᠣᠷᠢᠭ ᠰᠠᠨᠠᠭ᠎ᠠ ᠪᠠᠷ ᠵᠢᠯᠣᠭᠤᠳᠣᠯᠭ᠎ᠠ ᠪᠣᠯᠭᠠᠨ ᠬᠦᠮᠦᠨ ᠢᠶᠠᠷ ᠦᠨᠳᠣᠰᠣ ᠪᠣᠯᠭᠠᠨ ᠡᠶ᠎ᠡ ᠵᠣᠬᠢᠴᠠᠯᠳᠣ ᠨᠡᠶᠢᠬᠡᠮ ᠢ ᠪᠠᠶᠢᠭᠤᠯᠬᠤ ᠲᠦᠷᠦ ᠶᠢᠨ ᠪᠣᠳᠣᠯᠭ᠎ᠠ ᠴᠢᠭᠯᠡᠯᠳᠠ ᠶᠢ ᠨᠠᠷᠢᠨ ᠬᠢᠨᠠᠮᠠᠭᠠᠢ ᠳᠣᠣᠱᠯᠠᠭᠤᠯᠣᠨ ᠨᠠᠶᠢᠳᠠᠪᠣᠷᠢᠵᠢᠭᠤᠯᠵᠣ ᠠᠵᠣ ᠣᠶᠢᠯᠡᠳᠪᠣᠷᠢ ᠪᠠᠷ ᠳᠠᠷᠢᠶᠠᠯᠠᠩ ᠠᠵᠣ ᠠᠬᠤᠢ ᠶᠢᠨ ᠬᠤᠬᠢᠷᠠᠯ ᠢ ᠨᠦᠬᠦᠪᠦᠷᠢᠯᠠᠵᠣ ᠣᠯᠠᠨ ᠲᠦᠮᠡᠨ ᠢ ᠬᠠᠷᠠᠭᠠᠯᠵᠠᠬᠤ ᠶᠢ ᠪᠠᠷᠢᠮᠳᠠᠯᠠᠨ ᠪᠦᠬᠦ ᠬᠤᠰᠢᠭᠤᠨ ᠤ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ  ᠳᠤ ᠬᠡᠷᠡᠭᠰᠡᠬᠦ ᠨᠡᠬᠦᠷᠠᠰᠣᠨ ᠤ ᠨᠦᠬᠦᠪᠦᠷᠢ ᠶᠢ ᠣᠯᠭᠤᠵᠣ᠂ ᠦᠷᠬᠡᠨ ᠣᠯᠠᠨ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠠᠰᠠᠭᠤᠳᠠᠯ ᠢ ᠬᠠᠪᠰᠣᠷᠣᠨ ᠰᠢᠢᠳᠪᠣᠷᠢᠯᠡᠨ᠎ᠠ᠃    ᠬᠤᠶᠠᠷ᠂ ᠨᠦᠬᠦᠪᠦᠷᠢ ᠬᠦᠷᠳᠡᠬᠦ ᠡᠳᠡᠬᠡᠳ ᠵᠢᠴᠢ ᠪᠠᠷᠢᠮᠵᠢᠶ᠎ᠠ    ᠮᠠᠨ ᠤ ᠬᠤᠰᠢᠭᠤᠨ ᠤ 2017 ᠣᠨ ᠤ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠨᠦᠬᠦᠪᠦᠷᠢ ᠣᠯᠭᠤᠬᠤ ᠡᠳᠡᠬᠡᠳ ᠪᠣᠯ ᠦᠣᠰᠢᠨ ᠬᠤᠰᠢᠭᠤᠨ ᠤ ᠬᠠᠷᠢᠶᠠᠳᠣ ᠪᠠᠶᠢᠩᠭᠤ ᠰᠠᠭᠤᠵᠣ ᠪᠠᠶᠢᠭ᠎ᠠ ᠮᠠᠯᠴᠢᠨ ᠳᠠᠷᠢᠶᠠᠴᠢᠨ ᠡᠷᠦᠬᠡ ᠪᠠᠶᠢᠵᠣ᠂ ᠡᠷᠦᠬᠡ ᠪᠦᠷᠢ ᠳᠤ 600 ᠲᠦᠬᠦᠷᠢᠭ ᠤᠨ ᠪᠡᠯᠡ ᠮᠦᠩᠬᠦ ᠣᠯᠭᠤᠨ ᠬᠤᠰᠢᠭᠤ ᠡᠳ᠋  ᠤᠨ ᠵᠠᠰᠠᠭ ᠤᠨ ᠳᠣᠪᠴᠢᠶ᠎ᠠ ᠠᠴᠠ ᠨᠡᠬᠦᠷᠠᠰᠣ ᠬᠠᠩᠭᠠᠬᠤ ᠡᠳᠡᠭᠡᠳ ᠤᠨ ︽ᠪᠦᠬᠦᠨ ᠳᠤ ᠳᠣᠬᠢᠷᠠᠬᠤ ᠺᠠᠷᠲ︾ ᠶᠢᠨ ᠳᠠᠩᠰᠠᠨ ᠳᠤ ᠰᠢᠭᠤᠳ ᠣᠷᠣᠭᠤᠯᠣᠨ᠎ᠠ᠃ ︽ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣ ᠬᠠᠩᠭᠠᠬᠤ ᠠᠵᠢᠯ ᠢ ᠰᠠᠶᠢᠳᠣᠷ ᠬᠢᠬᠦ ᠳᠣᠬᠠᠢ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠮᠡᠳᠡᠭᠳᠡᠯ︾ ︵ᠦᠪᠣᠷ ᠵᠠᠰᠠᠭ ᠳᠠᠷᠬᠠᠭᠠᠭᠰᠠᠨ ᠴᠠᠬᠢᠯᠭᠠᠨ〔2013〕23 ᠳ᠋ᠣᠭᠠᠷ ᠳᠣᠭᠠᠳᠣ︶᠂ ︽ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣ ᠬᠠᠩᠭᠠᠬᠤ ᠠᠵᠢᠯ ᠢ ᠰᠠᠶᠢᠳᠣᠷ ᠬᠢᠬᠦ ᠳᠣᠬᠠᠢ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ  ᠤ ᠠᠯᠪᠠᠨ ᠲᠢᠩᠬᠢᠮ ᠤᠨ ᠮᠡᠳᠡᠭᠳᠡᠯ︾︵ᠦᠪᠣᠷ ᠵᠠᠰᠠᠭ ᠠᠯᠪᠠᠨ ᠳᠠᠷᠬᠠᠭᠠᠭᠰᠠᠨ〔2014〕43 ᠳ᠋ᠣᠭᠠᠷ ᠳᠣᠭᠠᠳᠣ︶ ᠪᠢᠴᠢᠭ ᠮᠠᠲ᠋ᠧᠷᠢᠶᠠᠯ ᠢ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢ ᠬᠢᠨᠠᠨ ᠬᠠᠷᠠᠭᠤᠭᠤᠯᠵᠣ ᠳᠣᠭᠳᠠᠭᠠᠨ᠎ᠠ᠃    ᠭᠤᠷᠪᠠ᠂ ᠪᠡᠯᠡ ᠮᠦᠩᠬᠦᠨ ᠤ ᠢᠷᠡᠯᠳᠡ    2017 ᠣᠨ ᠤ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠨᠦᠬᠦᠪᠦᠷᠢ ᠶᠢ ᠦᠪᠡᠷᠳᠡᠬᠡᠨ ᠵᠠᠰᠠᠬᠤ ᠣᠷᠣᠨ᠂ ᠬᠤᠳᠠ ᠪᠠ ᠬᠤᠰᠢᠭᠤ ᠳᠣᠭᠤᠷᠢᠭ ᠤᠨ ᠭᠤᠷᠪᠠᠨ ᠱᠠᠳᠣᠨ ᠤ ᠡᠳ᠋ ᠤᠨ ᠵᠠᠰᠠᠭ ᠠᠴᠠ ᠬᠠᠮᠳᠣᠪᠠᠷ ᠦᠷᠬᠦᠯᠵᠢᠯᠡᠨ ᠡᠬᠦᠷᠬᠡᠯᠡᠵᠣ ᠦᠪᠡᠷᠳᠡᠬᠡᠨ ᠵᠠᠰᠠᠬᠤ ᠣᠷᠣᠨ ᠠᠴᠠ113 ᠲᠦᠮᠡᠨ ᠲᠦᠬᠦᠷᠢᠭ ᠨᠦᠬᠦᠪᠦᠷᠢᠯᠡᠵᠣ ᠬᠤᠳᠠ ᠶᠢᠨ ᠱᠠᠳᠣᠨ  ᠠᠴᠠ 551 ᠲᠥᠮᠡᠨ ᠲᠦᠬᠦᠷᠢᠭ ᠨᠦᠬᠦᠪᠦᠷᠢᠯᠡᠵᠣ ᠦᠯᠡᠳᠡᠭᠰᠡᠨ ᠨᠦᠬᠦᠪᠦᠷᠢ ᠮᠦᠩᠬᠦ ᠶᠢ ᠨᠢ ᠬᠤᠰᠢᠭᠤ ᠡᠳ᠋ ᠤᠨ ᠵᠠᠰᠠᠭ ᠠᠴᠠ ᠬᠠᠷᠢᠭᠤᠴᠠᠨ᠎ᠠ᠃ ᠨᠦᠬᠦᠪᠦᠷᠢᠯᠡᠬᠦ ᠡᠷᠦᠬᠡ ᠶᠢᠨ ᠳᠤᠭ᠎ᠠ ᠶᠢ ᠡᠯ᠎ᠡ ᠰᠣᠮᠣ ᠪᠠᠯᠭᠠᠰᠣᠨ ᠤ ᠬᠠᠮᠤᠭ ᠡᠴᠣᠰ  ᠤᠨ ᠬᠢᠨᠠᠨ  ᠳᠣᠭᠳᠠᠭᠠᠵᠣ ᠮᠡᠳᠡᠬᠦᠯᠥᠭᠰᠡᠨ ᠳᠤᠭ᠎ᠠ ᠪᠠᠷ ᠪᠠᠷᠢᠮᠵᠢᠶ᠎ᠠ ᠪᠣᠯᠭᠠᠨ᠎ᠠ᠃    ᠲᠦᠷᠪᠠ᠂ ᠨᠦᠬᠦᠪᠦᠷᠢ ᠣᠯᠭᠤᠬᠤ ᠴᠠᠭ ᠬᠤᠭᠤᠴᠠᠭ᠎ᠠ    ᠦᠨᠣᠳᠣᠷ ᠠᠴᠠ ᠡᠬᠢᠯᠡᠵᠣ 2017 ᠣᠨ ᠤ 9 ᠰᠠᠷ᠎ᠠ ᠶᠢᠨ 30 ᠤ ᠡᠳᠦᠷ ᠠᠴᠠ ᠡᠮᠣᠨ᠎ᠠ ᠨᠦᠬᠦᠪᠦᠷᠢ ᠶᠢ ᠣᠯᠭᠤᠵᠣ ᠳᠠᠭᠤᠰᠬᠠᠨ᠎ᠠ᠃    ᠳᠠᠪᠤ᠂ ᠠᠵᠢᠯ ᠤᠨ ᠶᠠᠪᠣᠴᠠ    ︵ᠨᠢᠬᠡ︶ ᠭᠠᠴᠠᠭ᠎ᠠ ᠳᠣᠰᠬᠤᠨ ᠱᠠᠭᠠᠷᠳᠠᠯᠭ᠎ᠠ ᠶᠣᠰᠣᠭᠠᠷ ᠨᠦᠬᠦᠴᠡᠯ ᠳᠤ ᠨᠡᠶᠢᠴᠡᠭᠰᠡᠨ ᠨᠡᠬᠦᠷᠡᠰᠣ ᠬᠠᠩᠭᠠᠬᠤ ᠡᠳᠡᠭᠡᠳ ᠢ ᠰᠢᠯᠭᠠᠨ ᠰᠣᠩᠭᠤᠵᠣ ᠬᠢᠨᠡᠨ ᠬᠠᠷᠠᠭᠤᠯᠣᠭᠠᠳ᠂ ᠨᠠᠷ᠎ᠠ᠂ ᠪᠠᠶ᠎ᠠ ᠶᠢᠨ ᠦᠨᠡᠮᠯᠡᠯ ᠤᠨ ᠨᠣᠮᠧᠷ᠂ ᠪᠦᠬᠦᠨ  ᠳᠤ ᠳᠣᠬᠢᠷᠠᠬᠤ ᠺᠡᠷᠲ ᠶᠢᠨ ᠨᠣᠮᠧᠷ᠂ ᠬᠠᠷᠢᠯᠴᠠᠬᠤ ᠣᠳᠠᠰᠣ ᠵᠡᠷᠬᠡ ᠪᠠᠶᠢᠳᠠᠯ ᠢ 7 ᠡᠳᠦᠷ ᠨᠡᠶᠢᠳᠠᠯᠡᠵᠣ᠂ ᠰᠠᠨᠠᠯ ᠦᠬᠡᠢ ᠪᠣᠯ ᠰᠣᠮᠣ ᠪᠠᠯᠭᠠᠰᠣᠨ ᠳᠤ ᠮᠡᠳᠡᠬᠦᠯᠥᠨ᠎ᠠ᠃    ︵ᠬᠤᠶᠡᠷ︶ ᠰᠣᠮᠣ ᠪᠠᠯᠭᠠᠰᠣ ᠭᠠᠴᠠᠭ᠎ᠠ ᠳᠣᠰᠬᠤᠨ ᠤ ᠮᠡᠳᠡᠬᠦᠯᠥᠨ ᠠᠪᠴᠢᠷᠠᠭᠰᠠᠨ ᠨᠡᠬᠦᠷᠠᠰᠣ ᠬᠠᠩᠭᠠᠬᠤ ᠡᠳᠡᠭᠡᠳ ᠢ ᠬᠢᠨᠡᠨ ᠬᠠᠷᠠᠭᠤᠯᠬᠤ ᠠᠵᠢᠯ ᠢ ᠬᠠᠷᠢᠭᠤᠴᠠᠬᠤ ᠶᠢᠨ ᠬᠠᠮᠳᠣ ᠭᠤᠣᠯ ᠪᠣᠯᠬᠤ ᠣᠳᠣᠷᠢᠳᠣᠯᠭ᠎ᠠ ᠭᠠᠷ ᠤᠨ ᠦᠰᠦᠭ ᠵᠢᠷᠣᠵᠣ ᠳᠠᠮᠠᠭ᠎ᠠ ᠳᠠᠷᠣᠭᠰᠠᠨ ᠤ ᠳᠠᠷᠠᠭ᠎ᠠ ᠨᠢᠬᠡᠳᠣᠯᠳᠡᠢ ᠳ᠋ᠦᠩᠨᠡᠨ ᠬᠤᠷᠢᠶᠠᠩᠭᠤᠶᠢᠯᠠᠵᠣ ᠬᠤᠰᠢᠭᠤ ᠨᠡᠬᠦᠷᠠᠰᠣᠨ ᠳᠣᠪᠴᠢᠶᠠᠨ ᠳᠤ ᠮᠡᠳᠡᠬᠦᠯᠥᠨ᠎ᠠ᠃    ︵ᠭᠤᠷᠪᠠ︶ ᠬᠤᠰᠢᠭᠤ ᠨᠡᠬᠦᠷᠠᠰᠣᠨ ᠳᠣᠪᠴᠢᠶ᠎ᠠ ᠰᠣᠮᠣ ᠪᠠᠯᠭᠠᠰᠣᠨ ᠤ ᠮᠡᠳᠡᠬᠦᠯᠥᠨ ᠬᠦᠷᠬᠡᠵᠣ ᠠᠪᠴᠢᠷᠠᠭᠰᠠᠨ ᠳᠤᠭ᠎ᠠ ᠶᠢ ᠨᠢᠬᠡᠳᠣᠯᠳᠡᠢ ᠬᠤᠷᠢᠶᠠᠩᠭᠤᠶᠢᠯᠡᠨ ᠳ᠋ᠦᠩᠨᠡᠬᠦ ᠶᠢᠨ ᠬᠠᠮᠳᠣ ᠨᠡᠶᠢᠳᠡᠯᠡᠵᠣ᠂ ᠰᠠᠨᠠᠯ ᠦᠬᠡᠢ ᠪᠣᠯ ᠬᠤᠰᠢᠭᠤ ᠠᠷᠠᠳ ᠤᠨ ᠵᠠᠰᠠᠭ ᠤᠨ ᠣᠷᠳᠣᠨ ᠳᠤ ᠮᠡᠳᠡᠬᠦᠯᠥᠨ ᠬᠢᠨᠡᠨ ᠳᠣᠭᠳᠠᠭᠠᠭᠰᠠᠨ ᠤ ᠳᠠᠷᠠᠭ᠎ᠠ ᠬᠤᠰᠢᠭᠤ ᠡᠳ᠋ ᠤᠨ ᠵᠠᠰᠠᠭ  ᠤᠨ ᠳᠣᠪᠴᠢᠶ᠎ᠠ ᠳᠤ ᠮᠡᠳᠡᠬᠦᠯᠥᠨ ᠴᠠᠭ ᠳᠣᠬᠠᠢ ᠳᠤᠨᠢ ᠰᠠᠯᠭᠠᠨ ᠦᠭᠬᠦᠨ᠎ᠡ᠃    ᠵᠢᠷᠭᠤᠭ᠎ᠠ᠂ ᠵᠣᠬᠢᠶᠠᠨ ᠪᠠᠶᠢᠭᠤᠯᠣᠯᠳᠠ ᠶᠢᠨ ᠣᠳᠣᠷᠢᠳᠣᠯᠭ᠎ᠠ    ᠨᠡᠬᠦᠷᠠᠰᠣ ᠬᠠᠩᠭᠠᠬᠤ ᠠᠵᠢᠯ ᠤᠨ ᠣᠷᠣᠭᠰᠢᠳᠡᠢ ᠶᠠᠪᠣᠭᠳᠠᠬᠤ ᠶᠢ ᠪᠠᠳᠣᠯᠠᠬᠤ ᠶᠢᠨ ᠳᠣᠰᠠᠳᠠ ᠬᠤᠰᠢᠭᠤ ᠠᠷᠠᠳ  ᠤᠨ ᠵᠠᠰᠠᠭ ᠤᠨ ᠣᠷᠳᠣᠨ ᠪᠦᠬᠦ ᠬᠤᠰᠢᠭᠤᠨ ᠤ 2017 ᠣᠨ ᠤ ᠳᠣᠣᠷ᠎ᠠ ᠣᠷᠣᠯᠭᠠᠳᠣ ᠮᠠᠯᠴᠢᠨ ᠳᠠᠷᠢᠶᠠᠴᠢᠨ ᠡᠷᠦᠬᠡ ᠶᠢᠨ ᠡᠪᠣᠯ ᠤᠨ ᠣᠯᠠᠷᠢᠯ ᠤᠨ ᠳᠣᠯᠠᠭᠠᠯᠠᠯᠭ᠎ᠠ ᠳᠤ ᠬᠡᠷᠡᠭᠰᠡᠬᠦ ᠨᠡᠬᠦᠷᠠᠰᠣᠨ ᠨᠦᠬᠦᠪᠦᠷᠢ ᠣᠯᠭᠤᠬᠤ ᠠᠵᠢᠯ ᠤᠨ ᠣᠳᠣᠷᠢᠳᠬᠤ ᠪᠠᠭ᠎ᠠ ᠳᠣᠭᠤᠶᠢᠯᠠᠩ ᠢ ᠪᠠᠶᠢᠭᠤᠯᠵᠣ᠂ ᠳᠣᠣᠷᠠᠬᠢ ᠮᠠᠳᠣ᠄    ᠳᠣᠭᠤᠶᠢᠯᠠᠩ ᠤᠨ ᠳᠠᠷᠤᠭ᠎ᠠ᠄        ᠵᠠᠩ ᡁᠢ ᠰᠢᠦ᠋ᠩ        ᠬᠤᠰᠢᠭᠤ ᠬᠤᠷᠢᠶᠠᠨ ᠤ ᠪᠠᠶᠢᠩᠭᠤ ᠶᠢᠨ ᠬᠡᠰᠢᠬᠦᠨ᠂ ᠬᠤᠰᠢᠭᠤ ᠠᠷᠠᠳ ᠤᠨ ᠵᠠᠰᠠᠭ ᠤᠨ ᠣᠷᠳᠣᠨ ᠤ ᠬᠤᠰᠢᠭᠤ ᠳᠡᠳ᠋ ᠳᠠᠷᠤᠭ᠎ᠠ    ᠳᠣᠭᠤᠶᠢᠯᠡᠩ ᠤᠨ ᠳᠡᠳ᠋ ᠳᠠᠷᠤᠭ᠎ᠠ᠄  ᠦ᠋ ᠵᠢᠶᠠᠨ ᠭᠥᠸᠧ         ᠬᠤᠰᠢᠭᠤ ᠨᠡᠬᠦᠷᠠᠰᠣᠨ ᠳᠣᠪᠴᠢᠶᠠᠨ ᠤ ᠳᠣᠪᠴᠢᠶᠠᠨ ᠳᠠᠷᠤᠭ᠎ᠠ    ᠪᠦᠷᠢᠯᠳᠦᠬᠦᠨ ᠬᠡᠰᠢᠬᠦᠨ᠄           ᠪᠠᠶᠠᠠᠴᠡᠩᠬᠡᠯ            ᠬᠤᠰᠢᠭᠤ ᠡᠳ᠋ ᠤᠨ ᠵᠠᠰᠠᠭ ᠤᠨ ᠳᠣᠪᠴᠢᠶᠠᠨ ᠤ ᠳᠣᠪᠴᠢᠶᠠᠨ ᠳᠠᠷᠤᠭ᠎ᠠ                                    ᠭᠥᠸᠧ ᠱᠧᠩ           ᠬᠤᠰᠢᠭᠤ ᠳᠤᠭ᠎ᠠ ᠪᠦᠷᠢᠳᠬᠡᠯ ᠤᠨ ᠳᠣᠪᠴᠢᠶᠠᠨ ᠤ ᠳᠣᠪᠴᠢᠶᠠᠨ ᠳᠠᠷᠤᠭ᠎ᠠ                                    ᠴᠢᠯᠠᠭᠤᠠᠪᠠᠭᠠᠳᠣᠷ        ᠬᠤᠰᠢᠭᠤ ᠠᠷᠠᠳ ᠤᠨ ᠶᠠᠪᠣᠳᠠᠯ ᠤᠨ ᠳᠣᠪᠴᠢᠶᠠᠨ ᠤ ᠳᠣᠪᠴᠢᠶᠠᠨ ᠳᠠᠷᠤᠭ᠎ᠠ                                    ᠮᠡᠷᠬᠡᠨ                ᠬᠤᠰᠢᠭᠤ ᠨᠠᠮ ᠤᠨ ᠬᠤᠷᠢᠶᠠᠨ ᠤ ᠣᠬᠠᠭᠤᠯᠬᠤ ᠬᠡᠯᠳᠡᠰ ᠤᠨ ᠳᠡᠳ᠋ ᠳᠠᠷᠤᠭ᠎ᠠ                                    ᠵᠠᠩ ᠷᠦᠢ ᠹᠧᠩ        ᠬᠤᠰᠢᠭᠤ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠠᠯᠪᠡᠨ ᠬᠡᠷ ᠤᠨ ᠡᠷᠬᠢᠯᠡᠭᠴᠢ                                    ᠰᠠᠴᠠᠨᠪᠢᠯᠢᠭ᠌           ᠬᠤᠰᠢᠭᠤ ᠶᠠᠳᠠᠭᠤ ᠶᠢ ᠳᠡᠳᠬᠦᠵᠣ ᠨᠡᠬᠡᠬᠡᠯᠳᠠ ᠬᠢᠬᠦ ᠲᠦᠪ ᠤᠨ ᠡᠷᠬᠢᠯᠡᠭᠴᠢ                                    ᠣᠯᠠᠭᠠᠠᠬᠦᠦ            ᠬᠤᠰᠢᠭᠤ ᠷᠠᠳᠢᠣ᠋ ᠨᠡᠪᠳᠡᠷᠡᠬᠦᠯᠬᠡ ᠲᠧᠯᠸᠢᠰ ᠤᠨ ᠳᠣᠪᠴᠢᠶᠠᠨ ᠤ ᠳᠣᠪᠴᠢᠶᠠᠨ ᠳᠠᠷᠤᠭ᠎ᠠ                                      ᠨᠠᠷᠠᠰᠣ               ᠭᠠᠯᠠᠭᠤᠳᠣ ᠪᠠᠯᠭᠠᠰᠣᠨ ᠤ ᠪᠠᠯᠭᠠᠰᠣᠨ ᠤ ᠳᠠᠷᠤᠭ᠎ᠠ                                    ᠹᠠᠨ ᠵᠠᠨ ᠵᠢᠶᠦ᠋ᠨ      ᠰᠢᠷᠬᠤᠰᠣᠨ ᠪᠠᠯᠭᠠᠰᠣᠨ ᠤ ᠪᠠᠯᠭᠠᠰᠣᠨ ᠳᠠᠷᠤᠭ᠎ᠠ                                    ᠵᠢᠷᠠᠨᠪᠠᠶᠠᠷ         ᠰᠦᠯᠳᠠ ᠰᠣᠮᠣᠨ ᠤ ᠰᠣᠮᠣᠨ ᠳᠠᠷᠤᠭ᠎ᠠ                                    ᠬᠠᠨ ᠹᠧᠢ         ᠣᠯᠠᠭᠠᠠᠳᠣᠯᠣᠭᠠᠢ ᠪᠠᠯᠭᠠᠰᠣᠨ ᠤ ᠪᠠᠯᠭᠠᠰᠣᠨ ᠳᠠᠷᠤᠭ᠎ᠠ                                    ᠬᠠᠰᠴᠢᠮᠡᠭ        ᠳᠤᠭ ᠪᠠᠯᠭᠠᠰᠣᠨ ᠤ ᠪᠠᠯᠭᠠᠰᠣᠨ ᠤ ᠳᠠᠷᠤᠭ᠎ᠠ                                    ᠺᠠᠩ ᠷᠦᠢ         ᠦᠣᠰᠢᠨᠵᠣᠣ ᠪᠠᠯᠭᠠᠰᠣᠨ ᠤ ᠪᠠᠯᠭᠠᠰᠣᠨ ᠳᠠᠷᠤᠭ᠎ᠠ    ᠣᠳᠣᠷᠢᠳᠬᠤ ᠪᠠᠭ᠎ᠠ ᠳᠣᠭᠤᠶᠢᠯᠠᠩ ᠤᠨ ᠳᠣᠣᠷ᠎ᠠ ᠠᠯᠪᠠᠨ ᠬᠡᠷ ᠭᠠᠷᠭᠠᠵᠣ᠂ ᠠᠯᠪᠡᠨ ᠬᠡᠷ ᠢ ᠬᠤᠰᠢᠭᠤ ᠨᠡᠬᠦᠷᠠᠰᠣᠨ ᠳᠣᠪᠴᠢᠶᠠᠨ ᠳᠤ ᠳᠣᠬᠢᠷᠠᠭᠤᠯᠵᠣ᠂ ᠠᠯᠪᠠᠨ ᠬᠡᠷ ᠤᠨ ᠡᠷᠬᠢᠯᠡᠭᠴᠢ ᠶᠢ ᠦ᠋ ᠵᠢᠶᠠᠨ ᠭᠥᠸᠧ ᠨᠦᠬᠦᠷ ᠳᠣᠰᠢᠶᠠᠯ ᠬᠠᠪᠰᠣᠷᠭᠠᠨ᠎ᠠ᠃    ᠳᠠᠪᠤ᠂ ᠠᠵᠢᠯ ᠤᠨ ᠱᠠᠭᠠᠷᠳᠠᠯᠭ᠎ᠠ    ︵ᠨᠢᠬᠡ︶ ᠳᠡᠭᠡᠳᠣ ᠬᠡᠮᠵᠢᠶ᠎ᠠ ᠪᠠᠷ ᠴᠢᠬᠤᠯᠠᠴᠢᠯᠡᠨ ᠨᠢᠭ᠌ᠳᠡ ᠬᠠᠮᠵᠢᠯᠴᠡᠨ᠎ᠠ᠃ ᠬᠤᠰᠢᠭᠤ ᠨᠡᠬᠦᠷᠡᠰᠣᠨ ᠳᠣᠪᠴᠢᠶ᠎ᠠ ᠳᠣᠯᠣᠭᠠᠶᠢᠯᠠᠭᠴᠢ ᠣᠶᠢᠯᠡᠳᠣᠯ ᠢ ᠬᠦᠢᠴᠡᠳ ᠪᠠᠳᠠᠷᠠᠭᠤᠯᠵᠣ᠂ ᠬᠤᠯᠪᠣᠭᠳᠠᠯ ᠪᠦᠬᠦᠢ ᠣᠴᠢᠷ ᠶᠠᠪᠣᠳᠠᠯ ᠢ ᠨᠢᠬᠡᠳᠣᠯᠳᠡᠢ ᠲᠥᠯᠥᠪᠵᠢᠬᠦᠯᠥᠨ ᠵᠣᠬᠢᠴᠠᠭᠤᠯᠬᠤ ᠶᠢᠨ ᠬᠠᠮᠳᠣ ᠬᠤᠰᠢᠭᠤ ᠠᠷᠠᠳ ᠤᠨ ᠵᠠᠰᠠᠭ ᠤᠨ ᠣᠷᠳᠣᠨ ᠪᠠ ᠳᠡᠬᠡᠳᠣ ᠱᠠᠳᠣᠨ ᠤ ᠬᠤᠯᠪᠣᠭᠳᠠᠯ ᠪᠦᠬᠦᠢ ᠰᠠᠯᠠᠭ᠎ᠠ ᠮᠦᠴᠢᠷ ᠲᠤ ᠬᠤᠯᠪᠣᠭᠳᠠᠯ ᠪᠦᠬᠦᠢ ᠮᠡᠲ᠋ᠧᠷᠢᠶᠠᠯ ᠤᠨ ᠳᠤᠭ᠎ᠠ ᠮᠠᠭᠠᠳ ᠪᠠ ᠠᠬᠢᠴᠠ ᠶᠢᠨ ᠪᠠᠶᠢᠳᠠᠯ ᠢ ᠮᠡᠳᠡᠬᠦᠯᠥᠨ᠎ᠠ︔ ᠬᠤᠰᠢᠭᠤ ᠡᠳ᠋ ᠤᠨ ᠵᠠᠰᠠᠭ ᠤᠨ ᠳᠣᠪᠴᠢᠶ᠎ᠠ ᠳᠡᠭᠡᠳᠣ ᠱᠠᠳᠣᠨ ᠤ ᠨᠦᠬᠦᠪᠦᠷᠢ ᠮᠦᠩᠬᠦ ᠶᠢ ᠢᠳᠡᠪᠬᠢᠳᠡᠢ ᠣᠯᠵᠣ᠂ ᠡᠳ᠋ ᠤᠨ ᠬᠦᠴᠦᠨ ᠤ ᠪᠠᠳᠣᠯᠠᠭ᠎ᠠ ᠶᠢ ᠴᠢᠩᠭᠠᠳᠬᠠᠨ᠎ᠠ᠃ ᠡᠯ᠎ᠡ ᠰᠣᠮᠣ ᠪᠠᠯᠭᠠᠰᠣᠨ ᠤ ᠨᠢᠬᠡᠳᠣᠬᠡᠷ ᠭᠠᠷ ᠨᠡᠬᠦᠷᠠᠰᠣ ᠬᠠᠩᠭᠠᠬᠤ ᠡᠳᠡᠭᠡᠳ ᠢ ᠳᠣᠭᠳᠠᠭᠠᠬᠤ᠂ ᠬᠦᠮᠦᠨ ᠤ ᠳᠤᠭ᠎ᠠ  ᠶᠢ ᠬᠢᠨᠡᠨ ᠬᠠᠷᠠᠭᠤᠯᠬᠤ᠂ ᠶᠠᠪᠣᠴᠠ ᠶᠢ ᠮᠡᠳᠡᠬᠦᠯᠬᠦ ᠵᠡᠷᠬᠡ ᠳᠠᠯ᠎ᠠ ᠶᠢ ᠪᠠᠶ᠎ᠠ ᠪᠠᠷ ᠢᠶᠠᠨ ᠴᠢᠩᠭ᠎ᠠ ᠠᠳᠬᠤᠨ ᠬᠢᠨᠡᠮᠠᠭᠠᠢ ᠬᠠᠷᠢᠭᠤᠴᠠᠵᠣ᠂ ᠪᠣᠳᠠᠳᠣ ᠠᠵᠢᠯ ᠢ ᠰᠠᠶᠢᠳᠣᠷ ᠬᠢᠨ᠎ᠡ᠃ ᠡᠯ᠎ᠡ ᠬᠤᠯᠪᠣᠭᠳᠠᠯ ᠪᠦᠬᠦᠢ ᠪᠠᠶᠢᠭᠤᠯᠭ᠎ᠠ ᠳᠣᠰ ᠠᠵᠢᠯ ᠢ ᠣᠳᠣᠬᠠᠨ ᠤ ᠨᠢᠬᠡ ᠲᠦᠷᠥᠯ ᠤᠨ ᠴᠢᠬᠤᠯᠠ ᠡᠬᠦᠷᠬᠡ ᠪᠣᠯᠭᠠᠨ ᠠᠳᠬᠤᠬᠤ ᠶᠢᠨ ᠬᠠᠮᠳᠣ ᠰᠠᠯᠠᠭ᠎ᠠ ᠮᠦᠴᠢᠷ ᠤᠨ ᠡᠬᠦᠷᠬᠡ ᠬᠠᠷᠢᠭᠤᠴᠠᠯᠭ᠎ᠠ ᠪᠠ ᠳᠣᠭᠳᠠᠭᠠᠭᠰᠠᠨ ᠶᠠᠪᠣᠴᠠ ᠪᠠᠷ ᠬᠤᠯᠪᠣᠭᠳᠠᠯ ᠪᠦᠬᠦᠢ ᠠᠵᠢᠯ ᠢ ᠦᠷᠨᠢᠬᠦᠯᠵᠣ᠂ ᠡᠬᠦᠷᠬᠡ ᠬᠠᠷᠢᠭᠤᠴᠠᠯᠭ᠎ᠠ ᠪᠠᠨ ᠬᠠᠷᠢᠯᠴᠠᠨ ᠲᠥᠯᠬᠢᠯᠴᠡᠬᠦ ᠦᠬᠡᠢ ᠪᠠᠶᠢᠵᠣ᠂ ᠠᠵᠢᠯ ᠤᠨ ᠡᠬᠦᠷᠬᠡ ᠶᠢ ᠳᠠᠬᠦᠰ ᠠᠮᠵᠢᠯᠳᠠᠳᠠᠢ ᠪᠠᠶᠡᠯᠡᠬᠦᠯᠬᠦ ᠶᠢ ᠪᠠᠳᠣᠯᠠᠨ᠎ᠠ᠃    ︵ᠬᠤᠶᠡᠷ︶ ᠣᠬᠠᠭᠤᠯᠭ᠎ᠠ ᠶᠢ ᠴᠢᠩᠭᠠᠳᠬᠠᠨ ᠢᠯᠡ ᠨᠡᠶᠢᠳᠠᠯᠡᠨ ᠢᠯᠡ ᠳᠣᠳᠣ ᠪᠠᠶᠢᠯᠭᠠᠨ᠎ᠠ᠃ ᠬᠤᠰᠢᠭᠤ ᠣᠬᠠᠭᠤᠯᠬᠤ ᠬᠡᠯᠳᠡᠰ᠂ ᠷᠠᠳᠢᠤ᠋ ᠨᠡᠪᠳᠡᠷᠡᠬᠦᠯᠬᠡ ᠲᠧᠯᠸᠢᠰ ᠤᠨ ᠳᠣᠪᠴᠢᠶ᠎ᠠ ᠨᠢ ᠲᠧᠯᠸᠢᠰ᠂ ᠰᠦᠯᠵᠢᠶ᠎ᠠ᠂ ᠣᠬᠤᠷ ᠮᠡᠳᠡᠭᠡ ᠵᠡᠷᠬᠡ ᠳᠠᠪᠴᠠᠩ ᠢ ᠠᠰᠢᠭᠯᠠᠨ ᠨᠡᠬᠦᠷᠡᠰᠣ ᠬᠠᠩᠭᠠᠬᠤ ᠲᠦᠷᠦ ᠶᠢᠨ ᠪᠣᠳᠣᠯᠭ᠎ᠠ᠂ ᠡᠳᠡᠭᠡᠳ᠂ ᠶᠠᠪᠣᠴᠠ᠂ ᠪᠠᠷᠢᠮᠵᠢᠶ᠎ᠠ ᠶᠢ ᠣᠬᠠᠭᠤᠯᠣᠨ᠎ᠠ᠃ ᠨᠡᠬᠦᠷᠠᠰᠣᠨ ᠳᠣᠪᠴᠢᠶ᠎ᠠ ᠵᠢᠴᠢ ᠡᠯ᠎ᠡ ᠰᠣᠮᠣ ᠪᠠᠯᠭᠠᠰᠣ ᠮᠠᠳᠠᠭ ᠳᠠᠭᠠᠮᠠᠭᠯᠠᠯ ᠲᠠᠢ ᠠᠰᠠᠭᠤᠳᠠᠯ ᠳᠤ ᠬᠠᠷᠢᠭᠤᠯᠳᠠ ᠬᠢᠬᠦ ᠠᠵᠢᠯ ᠢ ᠪᠦᠬᠦ ᠳᠠᠯ᠎ᠠ ᠪᠠᠷ ᠰᠠᠶᠢᠳᠣᠷ ᠬᠢᠵᠣ᠂ ᠲᠦᠷᠦ ᠶᠢᠨ ᠪᠣᠳᠣᠯᠭ᠎ᠠ ᠶᠢᠨ ᠣᠬᠠᠭᠤᠯᠭ᠎ᠠ ᠶᠢ ᠰᠠᠶᠢᠳᠣᠷ ᠬᠢᠬᠦ ᠶᠢ ᠪᠠᠳᠣᠯᠠᠨ᠎ᠠ᠃    ︵ᠭᠤᠷᠪᠠ︶ ᠬᠢᠨᠠᠯᠳᠠ ᠶᠢ ᠴᠢᠩᠭᠠᠷᠠᠭᠤᠯᠣᠨ ᠪᠣᠳᠠᠳᠠᠢ ᠪᠦᠳᠣᠮᠵᠢ ᠶᠢ ᠬᠦᠬᠡᠬᠡᠴᠡᠯᠳᠣᠨ᠎ᠠ᠃ ᠬᠤᠰᠢᠭᠤ ᠪᠠᠶᠢᠴᠠᠭᠠᠬᠤ ᠳᠣᠪᠴᠢᠶ᠎ᠠ᠂ ᠵᠠᠰᠠᠭ ᠤᠨ ᠣᠷᠳᠣᠨ ᠤ ᠱᠠᠭᠠᠷᠳᠠᠨ ᠪᠠᠶᠢᠴᠠᠭᠠᠬᠤ ᠠᠯᠪᠠᠨ ᠬᠡᠷ᠂ ᠨᠡᠬᠦᠷᠠᠰᠣᠨ ᠳᠣᠪᠴᠢᠶ᠎ᠠ ᠴᠠᠭ ᠳᠣᠬᠠᠢ ᠳᠤᠨᠢ ᠱᠠᠭᠠᠷᠳᠠᠨ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠣᠨ ᠦᠷᠨᠢᠬᠦᠯᠵᠣ᠂ ᠨᠡᠬᠦᠷᠠᠰᠣ ᠬᠠᠩᠭᠠᠬᠤ ᠶᠠᠪᠣᠴᠠ ᠳᠤ ᠳᠣᠬᠢᠶᠠᠯᠳᠣᠭᠰᠠᠨ ᠠᠰᠠᠭᠤᠳᠠᠯ ᠢ ᠴᠠᠭ ᠳᠣᠬᠠᠢ ᠳᠤᠨᠢ ᠴᠡᠭᠴᠡᠯᠡᠨ ᠬᠤᠷᠢᠶᠠᠩᠭᠤᠶᠢᠯᠡᠨ ᠳ᠋ᠦᠩᠨᠡᠬᠦ ᠶᠢᠨ ᠬᠠᠮᠳᠣ ᠰᠢᠢᠳᠪᠣᠷᠢᠯᠡᠬᠦ ᠰᠠᠨᠠᠯ ᠰᠠᠨᠠᠭᠤᠯᠭ᠎ᠠ ᠶᠢ ᠳᠣᠷᠠᠳᠣᠨ ᠬᠤᠰᠢᠭᠤ ᠠᠷᠠᠳ  ᠤᠨ ᠵᠠᠰᠠᠭ ᠤᠨ ᠣᠷᠳᠣᠨ ᠳᠤ ᠮᠡᠳᠡᠬᠦᠯᠥᠨ ᠯᠠᠪᠯᠡᠮᠵᠢ ᠪᠣᠯᠭᠠᠨ᠎ᠠ︔ ᠰᠠᠶᠢᠳᠣᠷ ᠵᠣᠬᠢᠶᠠᠨ ᠪᠠᠶᠢᠭᠤᠯᠬᠤ ᠦᠬᠡᠢ᠂ ᠴᠢᠩᠭ᠎ᠠ ᠬᠡᠷᠡᠭᠵᠢᠬᠦᠯᠬᠦ ᠦᠬᠡᠢ᠂ ᠡᠬᠦᠷᠬᠡ ᠬᠠᠷᠢᠭᠤᠴᠠᠯᠭ᠎ᠠ ᠪᠠᠨ ᠠᠯᠳᠠᠨ ᠳᠣᠰᠢᠶᠠᠯ ᠢᠶᠠᠨ ᠭᠤᠳᠣᠭᠠᠵᠣ᠂ ᠬᠤᠳᠠᠯ ᠬᠠᠭᠤᠷᠮᠠᠭᠯᠠᠭᠰᠠᠨ ᠪᠠᠶᠢᠭᠤᠯᠭ᠎ᠠ ᠪᠠ ᠬᠤᠪᠢ ᠬᠦᠮᠦᠨ ᠢ ᠬᠠᠣᠯᠢ ᠲᠦᠷᠢᠮ᠂ ᠰᠠᠬᠢᠯᠭ᠎ᠠ ᠪᠠᠳᠣ ᠶᠢᠨ ᠳᠣᠭᠳᠠᠭᠠᠯ ᠶᠣᠰᠣᠭᠠᠷ ᠬᠤᠯᠪᠣᠭᠳᠠᠯ ᠪᠦᠬᠦᠢ ᠬᠠᠷᠢᠭᠤᠴᠠᠯᠭ᠎ᠠ ᠶᠢ ᠨᠡᠬᠡᠮᠵᠢᠯᠠᠨ᠎ᠠ᠃
 
ᠢᠷᠡᠯᠲᠡ᠄ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠡᠨ ᠬᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号