ᠲᠠᠷᠢᠶᠠᠯᠠᠩ ᠮᠠᠯ ᠠᠵᠤ ᠠᠬᠤᠶᠢᠯᠠᠯ ᠤᠨ ᠮᠠᠰᠢᠨ ᠲᠤᠨᠤᠭᠯᠠᠯ ᠤᠨ ᠨᠦᠬᠦᠪᠦᠷᠢ ᠬᠦᠢᠴᠡᠳᠬᠡᠬᠦ ᠶᠠᠪᠤᠴᠠ
ᠨᠡᠶᠢᠲᠡᠯᠡᠭᠰᠡᠨ ᠴᠠᠭ᠄
2018-04-18
     ⒈ ᠨᠦᠬᠦᠪᠦᠷᠢ ᠭᠦᠢᠴᠡᠳᠬᠡᠭᠴᠢ ᠨᠢ ᠡᠷᠬᠡᠪᠡᠰᠢ ᠮᠠᠰᠢᠨ ᠲᠤᠨᠤᠭᠯᠠᠯ ᠬᠤᠳᠠᠯᠳᠤᠨ ᠠᠪᠤᠭᠴᠢ ᠲᠤᠰ ᠬᠦᠮᠦᠨ ᠪᠠᠶᠢᠬᠤ ᠬᠡᠷᠡᠭᠲᠠᠢ᠃ ᠲᠠᠷᠢᠶᠠᠯᠠᠩ ᠤᠨ ᠮᠠᠰᠢᠨ ᠤ ᠲᠤᠪᠴᠢᠶ᠎ᠠ ᠠᠯᠢᠪᠠ ᠠᠵᠤ ᠠᠬᠤᠶᠢᠯᠠᠯ ᠪᠤᠯᠤᠨ ᠬᠤᠪᠢ ᠬᠦᠮᠦᠨ ᠤ ᠤᠷᠤᠯᠠᠵᠤ ᠭᠤᠶᠤᠪᠴᠢᠯᠠᠭᠰᠠᠨ ᠡᠷᠭᠦᠳᠡᠯ ᠢ ᠭᠦᠯᠢᠶᠡᠨ ᠠᠪᠴᠤ ᠰᠢᠢᠳᠪᠤᠷᠢᠯᠡᠭᠦ ᠦᠭᠡᠢ᠃      ⒉ ᠭᠠᠨᠴᠠ ᠡᠷᠤᠬᠡ ᠪᠤᠯ ᠭᠤᠶᠤᠪᠴᠢᠯᠠᠭᠴᠢ ᠶᠢᠨ ᠪᠡᠶ᠎ᠡ ᠶᠢᠨ ᠦᠨᠡᠮᠯᠡᠯ᠂ ᠡᠷᠤᠬᠡ ᠠᠮᠠ ᠶᠢᠨ ᠲᠡᠪᠲᠡᠷ᠂ ᠪᠦᠬᠦᠨ ᠳᠤ ᠲᠤᠬᠢᠷᠠᠬᠤ ᠺᠠᠷᠲ᠂ ᠮᠠᠰᠢᠨ ᠲᠤᠨᠤᠭᠯᠠᠯ ᠬᠤᠳᠠᠯᠳᠤᠨ ᠠᠪᠤᠭᠰᠠᠨ ᠪᠠᠷᠢᠮᠲᠠ᠂ ᠮᠠᠰᠢᠨ ᠲᠤᠨᠤᠭᠯᠠᠯ ᠤᠨ ᠦᠨᠳᠦᠰᠦᠨ ᠴᠢᠮᠡᠭᠡ ᠵᠠᠩᠭᠢ ᠶᠢᠨ ᠬᠠᠭᠤᠳᠠᠰᠤ ᠵᠡᠷᠭᠡ ᠪᠠᠨ ᠠᠪᠬᠤ ᠬᠡᠷᠡᠭᠲᠠᠢ᠃ ᠲᠠᠷᠢᠶᠠᠯᠠᠩ ᠮᠠᠯ ᠠᠵᠤ ᠠᠬᠤᠶᠢᠯᠠᠯ ᠎ ᠤᠨ ᠮᠠᠰᠢᠨ ᠲᠤᠨᠤᠭᠯᠠᠯ ᠬᠤᠳᠠᠯᠳᠤᠨ ᠠᠪᠬᠤ ᠳᠤ ᠨᠤᠲᠤᠭ ᠪᠡᠯᠴᠢᠭᠡᠷ ᠤᠨ ᠦᠨᠡᠮᠯᠡᠯ ᠪᠠ ᠭᠠᠴᠠᠭ᠎ᠠ ᠲᠤᠰᠬᠤᠨ ᠤ ᠭᠡᠷᠡᠴᠢ ᠪᠢᠴᠢᠭ ᠲᠤᠰᠢᠶᠠᠬᠤ ᠬᠡᠷᠡᠭᠲᠠᠢ᠃ ᠳᠡᠭᠡᠷᠡᠬᠢ ᠮᠠᠲ᠋ᠧᠷᠢᠶᠠᠯ ᠪᠦᠷ ᠤᠭ ᠪᠢᠴᠢᠭ ᠪᠠ ᠬᠠᠭᠤᠯᠪᠤᠷᠢ ᠪᠢᠴᠢᠭ ᠲᠤᠰᠪᠦᠷᠢ ᠨᠢᠭᠡ ᠬᠤᠪᠢ᠃      ⒊ ᠲᠠᠷᠢᠶᠠᠯᠠᠩ ᠮᠠᠯ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠲᠠ ᠪᠤᠯ ᠡᠵᠡᠩᠨᠡᠯᠳᠡ ᠶᠢᠨ ᠦᠨᠡᠮᠯᠡᠯ᠂ ᠳᠠᠩᠰᠠᠯᠠᠭᠰᠠᠨ ᠪᠠᠩᠬᠢ ᠶᠢᠨ ᠵᠦᠪᠰᠢᠶᠡᠷᠡᠭᠰᠡᠨ ᠦᠨᠡᠮᠯᠡᠯ᠂ ᠬᠠᠤᠯᠢ ᠶᠢᠨ ᠡᠷᠬᠡᠲᠡᠨ ᠎ ᠤ ᠪᠡᠶ᠎ᠡ ᠶᠢᠨ ᠦᠨᠡᠮᠯᠡᠯ᠂ ᠠᠯᠪᠠᠨ ᠲᠠᠮᠠᠭ᠎ᠠ᠂ ᠮᠠᠰᠢᠨ ᠬᠤᠳᠠᠯᠳᠤᠨ ᠠᠪᠤᠭᠰᠠᠨ ᠪᠠᠷᠢᠮᠲᠠ᠂ ᠮᠠᠰᠢᠨ ᠲᠤᠨᠤᠭᠯᠠᠯ ᠤᠨ ᠦᠨᠳᠦᠰᠦᠨ ᠴᠢᠮᠡᠭᠡ ᠵᠠᠩᠭᠢ ᠶᠢᠨ ᠤᠭ ᠪᠢᠴᠢᠭ ᠵᠢᠴᠢ ᠠᠯᠪᠠᠨ ᠲᠠᠮᠠᠭ᠎ᠠ ᠲᠠᠢ ᠨᠢᠭᠡ ᠬᠠᠭᠤᠯᠪᠤᠷᠢ ᠪᠢᠴᠢᠭ ᠶᠢ ᠭᠤᠷᠪᠠᠨ ᠬᠤᠪᠢ ᠲᠤᠰᠢᠶᠠᠬᠤ ᠬᠡᠷᠡᠭᠲᠠᠢ᠃         ⒋ ᠭᠦᠢᠳᠴᠡᠭᠡᠬᠦ ᠠᠯᠬᠤᠮ ᠳᠠᠷᠠᠭ᠎ᠠ ᠨᠢ ᠵᠠᠰᠠᠭ ᠤᠨ ᠤᠷᠳᠤᠨ ᠤ ᠳᠦᠰᠦᠪ ᠪᠤᠯᠤᠨ ᠮᠠᠰᠢᠨ ᠲᠤᠨᠤᠭᠯᠠᠯ ᠬᠤᠳᠠᠯᠳᠤᠨ ᠠᠪᠤᠭᠰᠠᠨ ᠪᠠᠷᠢᠮᠲᠠ ᠭᠠᠷᠭᠠᠭᠰᠠᠨ ᠴᠠᠭ ᠢᠶᠠᠷ ᠴᠢᠩᠭ᠎ᠠ ᠬᠡᠷᠡᠭᠵᠢᠭᠦᠯᠦᠭᠰᠡᠨ ᠪᠠᠶᠢᠬᠤ ᠬᠡᠷᠡᠭᠲᠠᠢ᠃           ⒌ ᠤᠯᠤᠰ ᠪᠤᠯᠤᠨ ᠤᠷᠤᠨ ᠨᠤᠲᠤᠭ ᠤᠨ ᠵᠠᠰᠠᠭ ᠤᠨ ᠤᠷᠳᠤᠨ ᠤ ᠡᠳ᠋ ᠤᠨ ᠵᠠᠰᠠᠭ ᠤᠨ ᠴᠠᠯᠢᠩ  ᠮᠦᠩᠭᠦ ᠭᠦᠷᠲᠡᠵᠤ ᠪᠠᠶᠢᠭ᠎ᠠ ᠬᠦᠮᠦᠰ ᠭᠦᠢᠴᠡᠳᠬᠡᠵᠤ ᠪᠤᠯᠬᠤ ᠦᠭᠡᠢ  ᠃
 
ᠢᠷᠡᠯᠲᠡ᠄ ᠦᠦᠰᠢᠨ ᠬᠤᠰᠢᠭᠤᠨ ᠤ ᠲᠠᠷᠢᠶᠠᠯᠠᠩ ᠤᠨ ᠮᠠᠰᠢᠨ ᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号