ᠬᠡᠤᠬᠡᠳ ᠡᠷᠬᠦᠨ ᠲᠡᠵᠢᠬᠡᠵᠤ ᠠᠪᠬᠤ ᠶᠢ ᠲᠠᠩᠰᠠᠯᠠᠬᠤ ᠠᠯᠬᠤᠮ ᠲᠠᠷᠠᠭ᠎ᠠ
ᠨᠡᠶᠢᠲᠡᠯᠡᠭᠰᠡᠨ ᠴᠠᠭ᠄
2018-04-18
      ᠨᠢᠬᠡ᠂ ᠬᠡᠤᠬᠡᠳ ᠡᠷᠬᠦᠨ ᠲᠡᠵᠢᠬᠡᠵᠤ ᠠᠪᠬᠤ ᠬᠡᠷ ᠪᠦᠯᠢ ᠶᠢᠨ ᠨᠦᠬᠦᠴᠡᠯ      ⒈ ᠦᠷ᠎ᠡ ᠬᠡᠤᠬᠡᠳ ᠦᠬᠡᠢ ᠪᠠᠶᠢᠬᠤ᠃      ⒉ ᠡᠷᠬᠦᠨ ᠲᠡᠵᠢᠬᠡᠵᠤ ᠠᠪᠤᠭᠰᠠᠨ ᠬᠡᠤᠬᠡᠳ ᠢᠶᠠᠨ ᠠᠰᠠᠷᠠᠨ ᠲᠡᠵᠢᠬᠡᠵᠤ ᠰᠤᠷᠭᠠᠨ ᠬᠦᠮᠦᠵᠢᠬᠦᠯᠬᠦ ᠴᠢᠳᠠᠪᠤᠷᠢ ᠎ ᠲᠠᠢ ᠪᠠᠶᠢᠬᠤ᠃      ⒊ ᠡᠮᠨᠡᠯᠬᠡ ᠲᠠᠬᠡᠷ᠎ᠡ ᠬᠡᠤᠬᠡᠳ ᠡᠷᠬᠦᠨ ᠲᠡᠵᠢᠬᠡᠵᠤ ᠠᠪᠬᠤ ᠳᠤ ᠲᠤᠬᠢᠷᠠᠬᠤ ᠦᠬᠡᠢ ᠬᠡᠵᠤ ᠦᠵᠡᠭᠰᠡᠨ ᠡᠪᠡᠳᠴᠢᠨ ᠪᠠᠶᠢᠬᠤ ᠦᠬᠡᠢ᠃      ⒋ ᠪᠦᠬᠦᠯᠢ 30 ᠨᠠᠰᠤ ᠬᠦᠷᠦᠭᠰᠡᠨ ᠪᠠᠶᠢᠬᠤ ᠬᠡᠷᠡᠭᠲᠠᠢ᠂ ᠭᠠᠭᠴᠠ ᠪᠡᠶ᠎ᠡ ᠡᠷᠡᠭᠲᠠᠢ ᠡᠮᠡᠭᠳᠠᠢ ᠬᠡᠤᠬᠡᠳ ᠲᠡᠵᠢᠬᠡᠬᠦ ᠳᠤ ᠬᠤᠭᠤᠷᠤᠨᠳᠤ ᠪᠠᠨ 40 ᠨᠠᠰᠤᠨ ᠤ ᠵᠤᠷᠢᠶ᠎ᠡ ᠲᠠᠢ ᠪᠠᠶᠢᠬᠤ᠃      ᠬᠤᠶᠠᠷ᠂ ᠡᠷᠬᠦᠨ ᠲᠡᠵᠢᠬᠡᠵᠤ ᠠᠪᠬᠤ ᠬᠡᠤᠬᠡᠳ ᠤᠨ ᠨᠦᠬᠦᠴᠡᠯ      ⒈ ᠨᠡᠶᠢᠬᠡᠮ ᠤᠨ ᠠᠰᠠᠷᠠᠮᠵᠢ ᠶᠢᠨ ᠬᠦᠷᠢᠶᠡᠯᠡᠩ ᠳᠠᠬᠢ ᠦᠨᠤᠴᠢᠨ ᠬᠡᠤᠬᠡᠳ ︵ᠨᠡᠶᠢᠬᠡᠮ ᠤᠨ ᠠᠰᠠᠷᠠᠮᠵᠢ ᠶᠢᠨ ᠬᠦᠷᠢᠶᠡᠯᠡᠩ ᠠᠴᠠ ᠠᠯᠢᠪᠠ ᠭᠠᠷ ᠬᠦᠢᠴᠡᠳᠬᠡᠯ ᠢ ᠬᠠᠷᠢᠭᠤᠴᠠᠨ ᠬᠦᠢᠴᠡᠳᠬᠡᠨ᠎ᠡ︶᠃      ⒉ ᠭᠤᠶᠤᠪᠴᠢᠯᠠᠭᠴᠢ ᠶᠢᠨ ᠦᠢᠷ᠎ᠡ ᠲᠦᠷᠦᠯ ᠰᠠᠳᠤᠨ ︵ᠭᠤᠷᠪᠠᠨ ᠦᠶ᠎ᠡ ᠶᠢᠨ ᠲᠤᠳᠤᠷᠠᠬᠢ ᠠᠳᠠᠯᠢ ᠦᠶ᠎ᠡ ᠎ ᠶᠢᠨ ᠴᠢᠰᠤᠨ ᠲᠦᠷᠦᠯ ᠤᠨ ᠲᠦᠷᠦᠯ ᠰᠠᠳᠤᠨ︶᠎ ᠤ ᠬᠡᠤᠬᠡᠳ ︵ᠠᠷᠠᠳ ᠤᠨ ᠶᠠᠪᠤᠳᠠᠯ ᠤᠨ ᠲᠤᠪᠴᠢᠶᠠᠨ ᠠᠴᠠ ᠠᠯᠢᠪᠠ ᠭᠠᠷ ᠬᠦᠢᠴᠡᠳᠬᠡᠯ ᠢ ᠬᠠᠷᠢᠭᠤᠴᠠᠨ ᠬᠦᠢᠴᠡᠳᠬᠡᠨ᠎ᠡ︶᠃      ⒊ ᠭᠤᠶᠤᠪᠴᠢᠯᠠᠭᠴᠢ ᠲᠦᠷᠦᠯ ᠰᠠᠳᠤᠨ ᠤ ᠪᠠᠨ ᠬᠡᠤᠬᠡᠳ ᠢ ᠡᠷᠬᠦᠨ ᠲᠡᠵᠢᠬᠡᠵᠤ ᠠᠪᠬᠤ ᠳᠤ ᠡᠷᠬᠦᠨ ᠲᠡᠵᠢᠬᠡᠵᠤ ᠠᠪᠬᠤ ᠬᠡᠤᠬᠡᠳ ᠨᠢ ᠡᠷᠭᠡᠪᠡᠰᠢ ᠬᠦᠩᠭᠡᠵᠢᠭᠦ ᠶᠢ ᠵᠦᠪᠰᠢᠶᠡᠷᠡᠭᠰᠡᠨ ᠦᠨᠡᠮᠯᠡᠯ᠂ ᠲᠦᠷᠦᠭᠰᠡᠨ ᠬᠡᠷᠡᠴᠢ ᠵᠡᠷᠬᠡ ᠪᠠᠶᠢᠬᠤ ᠭᠡᠷᠡᠭᠲᠠᠢ᠃      ᠭᠤᠷᠪᠠ᠂ ᠡᠷᠬᠦᠨ ᠲᠡᠵᠢᠬᠡᠵᠤ ᠠᠪᠬᠤ ᠬᠡᠤᠬᠡᠳ ᠤᠨ ᠲᠤᠭ᠎ᠠ      ᠨᠢᠬᠡ ᠬᠡᠷ ᠪᠦᠯᠢ ᠵᠦᠪᠬᠡᠨ ᠨᠢᠬᠡ ᠬᠡᠤᠬᠡᠳ ᠡᠷᠬᠦᠨ ᠲᠡᠵᠢᠬᠡᠵᠤ ᠪᠤᠯᠤᠨ᠎ᠠ᠃      ᠲᠦᠷᠪᠡ᠂ ᠠᠯᠬᠤᠮ ᠲᠠᠷᠠᠭ᠎ᠠ      ⒈ ᠭᠤᠶᠤᠪᠴᠢᠯᠠᠭᠴᠢ ᠬᠡᠤᠬᠡᠳ ᠡᠷᠬᠦᠨ ᠲᠡᠵᠢᠬᠡᠵᠤ ᠠᠪᠬᠤ ᠭᠤᠶᠤᠪᠴᠢᠯᠠᠯ ᠳᠡᠪᠰᠢᠭᠦᠯᠦᠨ᠎ᠡ᠃      ⒉ ᠭᠤᠶᠤᠪᠴᠢᠯᠠᠭᠴᠢ ᠠᠴᠠ ᠬᠠᠮᠢᠶ᠎ᠠ ᠪᠦᠬᠦᠢ ᠬᠡᠷᠡᠴᠢ ᠮᠠᠲ᠋ᠧᠷᠢᠶᠠᠯ ᠢᠶᠠᠨ ᠬᠠᠩᠭᠠᠨ᠎ᠠ᠃      ⑴ ᠡᠷᠭᠦᠨ ᠲᠡᠵᠢᠭᠡᠭᠴᠢ ᠶᠢᠨ ᠪᠠᠶ᠎ᠠ ᠶᠢᠨ ᠦᠨᠡᠮᠯᠡᠯ᠂ ᠡᠷᠦᠬᠡ ᠠᠮᠠ ᠶᠢᠨ ᠲᠡᠪᠳᠡᠷ᠂ ᠤᠷᠤᠭ ᠤᠨ ᠲᠡᠮᠳᠡᠭ ᠎ ᠤᠨ ᠬᠠᠭᠤᠯᠪᠤᠷᠢ᠃      ⑵ ᠡᠷᠭᠦᠨ ᠲᠡᠵᠢᠭᠡᠭᠴᠢ ᠶᠢᠨ ᠪᠠᠶᠢᠭᠤᠯᠭ᠎ᠠ ᠪᠤᠶᠤ ᠭᠠᠴᠠᠭ᠎ᠠ ᠲᠤᠰᠬᠤᠨ᠂ ᠨᠡᠶᠢᠬᠡᠮ ᠲᠤᠭᠤᠷᠢᠭ ᠠᠴᠠ ᠭᠠᠷᠭᠠᠭᠰᠠᠨ ᠤᠷᠤᠯᠭ᠎ᠠ ᠶᠢᠨ ᠲᠤᠬᠠᠢ ᠬᠡᠷᠡᠴᠢ᠃      ⑶ ᠭᠠᠴᠠᠭ᠎ᠠ ᠲᠤᠰᠬᠤᠨ᠂ ᠨᠡᠶᠢᠬᠡᠮ ᠲᠤᠭᠤᠷᠢᠭ᠂ ᠰᠤᠮᠤ ᠪᠠᠯᠭᠠᠰᠤᠨ ᠤ ᠲᠦᠯᠦᠪᠯᠡᠬᠡᠳᠤ ᠭᠦᠩᠭᠡᠵᠢᠯ ᠤᠨ ᠠᠯᠪᠠᠨ ᠬᠡᠷ᠂ ᠬᠤᠰᠢᠭᠤ ᠡᠷᠡᠬᠦᠯ ᠬᠠᠮᠠᠭᠠᠯᠠᠯ ᠲᠦᠯᠦᠪᠯᠡᠬᠡᠳᠤ ᠦᠷᠡᠵᠢᠯ ᠤᠨ ᠲᠤᠪᠴᠢᠶᠠᠨ ᠠᠴᠠ ᠭᠠᠷᠭᠠᠭᠰᠠᠨ ᠭᠤᠶᠤᠪᠴᠢᠯᠠᠭᠴᠢ ᠶᠢᠨ ᠦᠷ᠎ᠡ ᠬᠡᠤᠬᠡᠳ ᠪᠠᠶᠢᠬᠤ ᠦᠬᠡᠢ ᠶᠢᠨ ᠬᠡᠷᠡᠴᠢ᠃      ⑷ ᠬᠤᠰᠢᠭᠤ ᠰᠢᠶᠠᠨ ᠤ ᠱᠠᠲᠤᠨ ᠠᠴᠠ ᠲᠡᠭᠡᠭᠰᠢᠬᠢ ᠡᠮᠨᠡᠯᠬᠡ ᠶᠢᠨ ᠪᠠᠶᠢᠭᠤᠯᠤᠮᠵᠢ ᠠᠴᠠ ᠭᠠᠷᠭᠠᠭᠰᠠᠨ ᠡᠷᠡᠬᠦᠯ ᠴᠢᠬᠢᠷᠠᠭ ᠤᠨ ᠪᠠᠶᠢᠴᠠᠭᠠᠯᠳᠠ ᠶᠢᠨ ᠮᠡᠳᠡᠬᠦᠯᠦᠯᠳᠡ᠃      ⑸ ᠡᠷᠬᠦᠨ ᠲᠡᠵᠢᠬᠡᠵᠤ ᠠᠪᠬᠤ ᠬᠡᠤᠬᠡᠳ ᠤᠨ ᠬᠦᠩᠬᠡᠵᠢᠬᠦ ᠵᠦᠪᠰᠢᠶᠡᠷᠡᠯ ᠤᠨ ᠦᠨᠡᠮᠯᠡᠯ᠂ ᠲᠦᠷᠦᠭᠰᠡᠨ ᠬᠡᠷᠡᠴᠢ ᠶᠢᠨ ᠤᠭ ᠬᠡᠪᠯᠡᠯ ᠪᠠ ᠬᠠᠭᠤᠯᠪᠤᠷᠢ᠃      ⑹ ᠬᠡᠤᠬᠡᠳ ᠡᠷᠬᠦᠨ ᠲᠡᠵᠢᠬᠡᠵᠤ ᠠᠪᠬᠤ ᠬᠡᠷ ᠪᠦᠯᠢ ᠪᠠ ᠬᠡᠤᠬᠡᠳ ᠡᠷᠬᠦᠨ ᠲᠡᠵᠢᠬᠡᠵᠤ ᠦᠭᠬᠦ ᠬᠡᠷ ᠪᠦᠯᠢ ᠎ ᠶᠢᠨ ᠬᠤᠭᠤᠷᠤᠨᠳᠤᠬᠢ ᠲᠦᠷᠦᠯ ᠰᠠᠳᠤᠨ ᠤ ᠬᠠᠷᠢᠴᠠᠭᠠᠨ ᠤ ᠬᠡᠷᠡᠴᠢ ︵ᠭᠠᠴᠠᠭ᠎ᠠ ᠲᠤᠰᠬᠤᠨ᠂ ᠨᠡᠶᠢᠬᠡᠮ ᠲᠤᠭᠤᠷᠢᠭ ᠎ ᠠᠴᠠ ᠭᠠᠷᠭᠠᠭᠰᠠᠨ ᠬᠡᠷᠡᠴᠢ ᠪᠤᠶᠤ ᠲᠤᠮᠢᠯᠠᠭᠰᠠᠨ ᠰᠠᠯᠪᠤᠷᠢ ᠠᠴᠠ ᠠᠰᠠᠭᠤᠨ ᠯᠠᠪᠯᠠᠭᠰᠠᠨ ᠲᠡᠮᠳᠡᠭᠯᠡᠯ ᠤᠨ ᠤᠭ ᠬᠡᠪᠯᠡᠯ ᠪᠢᠴᠢᠭ︶᠃      ⑺ ᠡᠷᠬᠦᠨ ᠲᠡᠵᠢᠭᠡᠬᠦ ᠬᠡᠷ ᠪᠦᠯᠢ ᠪᠠ ᠬᠡᠤᠬᠡᠳ ᠡᠷᠬᠦᠨ ᠲᠡᠵᠢᠬᠡᠵᠤ ᠦᠭᠬᠦ ᠬᠡᠷ ᠪᠦᠯᠢ ᠶᠢᠨ ᠬᠤᠭᠤᠷᠤᠨᠳᠤᠬᠢ ᠬᠡᠤᠬᠡᠳ ᠡᠷᠬᠦᠨ ᠲᠡᠵᠢᠬᠡᠵᠤ ᠠᠪᠬᠤ ᠬᠡᠯᠡᠯᠴᠡᠬᠡᠷ ᠤᠨ ᠪᠢᠴᠢᠭ ᠤᠨ ᠤᠭ ᠬᠡᠪᠯᠡᠯ 3 ᠬᠤᠪᠢ᠃      ⒊ ᠠᠯᠢᠪᠠ ᠬᠡᠷᠡᠴᠢ ᠮᠠᠲ᠋ᠧᠷᠢᠶᠠᠯ ᠪᠦᠷᠢᠯᠳᠦᠭᠰᠡᠨ ᠤ ᠲᠠᠷᠠᠭ᠎ᠠ ᠭᠤᠶᠤᠪᠴᠢᠯᠠᠭᠴᠢ ᠠᠴᠠ ᠬᠡᠤᠬᠡᠳ ᠡᠷᠬᠦᠨ ᠲᠡᠵᠢᠬᠡᠵᠤ ᠠᠪᠬᠤ ᠬᠠᠮᠢᠶ᠎ᠠ ᠪᠦᠬᠦᠢ ᠬᠦᠰᠦᠨᠦᠭᠳᠤ ᠶᠢ ᠲᠠᠭᠯᠠᠨ᠎ᠠ᠃      ⒋ ᠠᠯᠢᠪᠠ ᠬᠡᠷᠡᠴᠢ ᠮᠠᠲ᠋ᠧᠷᠢᠶᠠᠯ᠂ ᠬᠡᠤᠬᠡᠳ ᠡᠷᠬᠦᠨ ᠲᠡᠵᠢᠬᠡᠵᠤ ᠠᠪᠬᠤ ᠬᠠᠮᠢᠶ᠎ᠠ ᠪᠦᠬᠦᠢ ᠬᠦᠰᠦᠨᠦᠭᠳᠤ ᠶᠢ ᠲᠠᠭᠯᠠᠵᠤ ᠪᠠᠷᠠᠭᠰᠠᠨ ᠤ ᠲᠠᠷᠠᠭ᠎ᠠ ᠲᠤᠪᠴᠢᠶᠠᠨ ᠤ ᠬᠤᠪᠢᠶᠠᠷᠢᠯᠠᠨ ᠬᠠᠷᠢᠭᠤᠴᠠᠵᠤ ᠪᠠᠶᠢᠭ᠎ᠠ ᠤᠳᠤᠷᠢᠳᠤᠯᠭ᠎ᠠ ᠠᠩᠬ᠎ᠠ ᠠᠯᠬᠤᠮ ᠬᠢᠨᠠᠨ ᠬᠠᠷᠭᠤᠭᠤᠯᠬᠤ ᠶᠢᠨ ᠬᠠᠮᠲᠤ ᠬᠤᠯᠪᠤᠭᠳᠠᠯ ᠪᠦᠬᠦᠢ ᠰᠠᠨᠠᠯ ᠳᠤᠷᠠᠳᠤᠨ᠎ᠠ᠃      ⒌ ᠠᠷᠠᠳ ᠤᠨ ᠶᠠᠪᠤᠳᠠᠯ ᠤᠨ ᠲᠤᠪᠴᠢᠶ᠎ᠡ ᠠᠴᠠ ᠬᠠᠮᠢᠶ᠎ᠠ ᠪᠦᠬᠦᠢ ᠬᠦᠮᠦᠰ ︵ᠭᠤᠶᠤᠪᠴᠢᠯᠠᠭᠴᠢ ᠶᠢᠨ ᠬᠡᠷ ᠪᠦᠯᠢ ᠪᠠ ᠬᠡᠤᠬᠡᠳ ᠡᠷᠬᠦᠨ ᠲᠡᠵᠢᠬᠡᠵᠤ ᠦᠭᠬᠦ ᠬᠡᠷ ᠪᠦᠯᠢ︶᠎ ᠢ ᠴᠤᠭᠯᠠᠭᠤᠯᠵᠤ᠂ ᠲᠤᠰ ᠤᠴᠢᠷ ᠤᠨ ᠲᠤᠬᠠᠢ ᠶᠠᠷᠢᠯᠴᠠᠨ᠂ ᠶᠠᠷᠢᠯᠴᠠᠭᠠᠨ ᠤ ᠲᠡᠮᠳᠡᠭᠯᠡᠯ᠂ ᠬᠡᠯᠡᠯᠴᠡᠬᠡᠷ ᠤᠨ ᠪᠢᠴᠢᠭ᠂ ᠬᠠᠮᠢᠶ᠎ᠠ ᠪᠦᠬᠦᠢ ᠬᠦᠰᠦᠨᠦᠭᠳᠤ ᠳᠤ ᠭᠠᠷ ᠤᠨ ᠦᠰᠦᠭ ᠵᠢᠷᠤᠭᠤᠯᠤᠨ᠎ᠠ᠃      ⒍ ᠠᠷᠠᠳ ᠤᠨ ᠶᠠᠪᠤᠳᠠᠯ ᠤᠨ ᠲᠤᠪᠴᠢᠶ᠎ᠡ ᠠᠴᠠ ᠬᠠᠮᠢᠶ᠎ᠠ ᠪᠦᠬᠦᠢ ᠬᠦᠮᠦᠰ ᠢ ᠵᠤᠬᠢᠶᠠᠨ ᠪᠠᠶᠢᠭᠤᠯᠵᠤ ᠭᠤᠶᠤᠪᠴᠢᠯᠠᠭᠴᠢ ᠶᠢᠨ ᠬᠠᠩᠭᠠᠭᠰᠠᠨ ᠬᠡᠷᠡᠴᠢ ᠮᠠᠲ᠋ᠧᠷᠢᠶᠠᠯ ᠤᠨ ᠦᠨᠡᠨ ᠪᠤᠳᠠᠳᠤ ᠴᠢᠨᠠᠷ ᠲᠤ ᠪᠠᠶᠢᠴᠠᠭᠠᠯᠳᠠ ᠬᠢᠨ᠎ᠡ᠃      ⒎ ᠪᠠᠶᠢᠴᠠᠭᠠᠯᠳᠠ ᠬᠢᠬᠦ ᠪᠠᠷ ᠲᠠᠮᠵᠢᠨ ᠨᠦᠬᠦᠴᠡᠯ ᠳᠤ ᠨᠡᠶᠢᠴᠡᠪᠡᠯ ᠪᠦᠬᠦ ᠮᠠᠲ᠋ᠧᠷᠢᠶᠠᠯ ᠢ ᠲᠤᠪᠴᠢᠶᠠᠨ ᠤ ᠬᠤᠪᠢᠶᠠᠷᠢᠯᠠᠨ ᠬᠠᠷᠢᠭᠤᠴᠠᠵᠤ ᠪᠠᠶᠢᠭ᠎ᠠ ᠤᠳᠤᠷᠢᠳᠤᠯᠭ᠎ᠠ ᠠᠴᠠ ᠲᠠᠬᠢᠨ ᠬᠢᠨᠠᠨ ᠬᠠᠷᠭᠤᠭᠤᠯᠬᠤ ᠶᠢᠨ ᠬᠠᠮᠳᠤ ᠵᠦᠪᠰᠢᠶᠡᠷᠡᠬᠦ ᠭᠠᠷ ᠤᠨ ᠦᠰᠦᠭ ᠵᠢᠷᠦᠨ᠎ᠠ᠃ ᠬᠡᠷᠪᠡ ᠪᠠᠶᠢᠴᠠᠭᠠᠯᠳᠠ ᠬᠢᠬᠦ ᠪᠠᠷ ᠲᠠᠮᠵᠢᠵᠤ ᠨᠦᠬᠦᠴᠡᠯ ᠳᠤ ᠨᠡᠶᠢᠴᠡᠬᠦ ᠦᠬᠡᠢ ᠪᠤᠯ ᠤᠴᠢᠷ ᠰᠢᠯᠳᠠᠭᠠᠨ ᠢ ᠲᠤᠳᠤᠷᠬᠠᠶᠢᠯᠠᠬᠤ ᠶᠢᠨ ᠬᠠᠮᠳᠤ ᠠᠯᠢᠪᠠ ᠬᠡᠷᠡᠴᠢ ᠮᠠᠲ᠋ᠧᠷᠢᠶᠠᠯ ᠢ ᠪᠤᠴᠠᠭᠠᠨ᠎ᠠ᠃      ⒏ ᠠᠷᠠᠳ ᠤᠨ ᠶᠠᠪᠤᠳᠠᠯ ᠤᠨ ᠲᠤᠪᠴᠢᠶ᠎ᠡ ᠠᠴᠠ ᠬᠡᠤᠬᠡᠳ ᠡᠷᠬᠦᠨ ᠲᠡᠵᠢᠬᠡᠵᠤ ᠠᠪᠬᠤ ᠦᠨᠡᠮᠯᠡᠯ ᠭᠠᠷᠭᠠᠵᠤ ᠂ ᠪᠤᠰᠤᠳ ᠬᠡᠷᠡᠴᠢ ᠮᠠᠲ᠋ᠧᠷᠢᠶᠠᠯ ᠢ ᠡᠮᠬᠢᠯᠡᠨ ᠳᠠᠩᠰᠠᠯᠠᠵᠤ᠂ ᠭᠤᠶᠤᠪᠴᠢᠯᠠᠭᠴᠢ ᠬᠡᠤᠬᠡᠳ ᠡᠷᠬᠦᠨ ᠲᠡᠵᠢᠬᠡᠵᠤ ᠠᠪᠬᠤ ᠦᠨᠡᠮᠯᠡᠯ ᠢᠶᠠᠨ ᠠᠪᠴᠤ ᠪᠤᠰᠤᠳ ᠭᠠᠷ ᠬᠦᠢᠴᠡᠳᠬᠡᠯ ᠢᠶᠠᠨ ᠬᠦᠢᠴᠡᠳᠬᠡᠨ᠎ᠡ᠃
 
ᠢᠷᠡᠯᠲᠡ᠄ ᠠᠷᠠᠳ ᠤᠨ ᠶᠠᠪᠣᠳᠠᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号