ᠤᠯᠠᠭᠠᠨᠳᠤᠯᠤᠭᠠᠢ ᠪᠠᠯᠭᠠᠰᠤ ᠭᠠᠷ ᠪᠦᠳᠦᠭᠡᠭᠳᠡᠭᠦᠨ ᠢ ᠬᠦᠭᠵᠢᠬᠦᠯᠬᠦ ᠪᠠᠷ ᠠᠵᠤ ᠠᠬᠤᠢ ᠶᠢᠨ ᠦᠷ᠎ᠡ ᠠᠰᠢᠭ  ᠢ ᠲᠡᠭᠡᠭᠰᠢᠯᠡᠬᠦᠯᠵᠦ ᠪᠤᠢ
ᠨᠡᠶᠢᠲᠡᠯᠡᠭᠰᠡᠨ ᠴᠠᠭ᠄
2018-04-18
      ᠨᠢᠳᠤᠨᠤᠨ ᠡᠪᠤᠯ ᠠᠴᠠ ᠨᠠᠰᠢ᠂  ᠤᠯᠠᠭᠠᠨᠳᠤᠯᠤᠭᠠᠢ ᠪᠠᠯᠭᠠᠰᠤ ᠭᠠᠵᠠᠷ ᠤᠷᠤᠨ᠂ ᠵᠠᠮ ᠬᠠᠷᠢᠯᠴᠠᠭ᠎ᠠ᠂ ᠡᠬᠢ ᠪᠠᠶᠠᠯᠢᠭ ᠤᠨ ᠲᠠᠪᠠᠭᠤᠯᠢᠭ ᠢᠶᠠᠨ ᠬᠦᠢᠴᠡᠳ ᠪᠠᠳᠠᠷᠠᠭᠤᠯᠤᠨ᠂ ᠠᠵᠦ ᠦᠢᠯᠡᠰ ᠤᠨ ᠬᠦᠭᠵᠢᠯᠲᠡ ᠶᠢᠨ ᠵᠠᠭᠪᠣᠷ ᠢᠶᠠᠨ ᠰᠢᠨᠡᠳᠬᠡᠵᠤ᠂ ᠭᠠᠷ ᠪᠦᠳᠦᠭᠡᠭᠳᠡᠬᠦᠨ ᠤ ᠡᠷᠥᠬᠡ ᠳᠤ ᠦᠭᠬᠦ ᠵᠣᠷᠢᠭᠵᠢᠭᠤᠯᠣᠯ ᠪᠠ ᠲᠡᠮᠵᠢᠯᠭᠡ ᠪᠠᠨ ᠨᠡᠮᠡᠭᠳᠡᠬᠦᠯᠵᠤ᠂ ᠮᠠᠯᠴᠢᠨ ᠲᠠᠷᠢᠶᠠᠴᠢᠨ ᠤ ᠪᠠᠶᠠᠵᠢᠯ ᠤᠨ ᠵᠠᠮ ᠢ ᠦᠷᠭᠡᠳᠭᠡᠨ᠂ ᠪᠤᠯᠪᠠᠰᠤᠷᠠᠭᠤᠯᠤᠯᠳᠠ᠂ ᠦᠢᠯᠡᠳᠬᠡᠯ ᠵᠡᠷᠭᠡ ᠭᠡᠷ ᠪᠦᠯᠢ  ᠪᠠᠷ ᠨᠢᠭᠡᠴᠢ ᠪᠤᠯᠭᠠᠭᠰᠠᠨ ᠭᠠᠷ ᠪᠦᠳᠦᠭᠡᠭᠳᠡᠭᠦᠨ ᠤ ᠦᠢᠯᠡᠰ ᠢ ᠬᠦᠭᠵᠢᠬᠦᠯᠦᠨ᠂ ᠡᠪᠤᠯ ᠤᠨ ᠰᠡᠯᠡᠬᠦᠦ ᠠᠮᠢᠳᠤᠷᠠᠯ ᠢ ᠪᠠᠶᠠᠯᠢᠭᠵᠢᠭᠤᠯᠵᠠᠢ᠃      ᠮᠠᠯᠴᠢᠨ ᠲᠠᠷᠢᠶᠠᠴᠢᠨ ᠬᠢᠭᠰᠡᠨ ᠭᠠᠷ ᠪᠦᠳᠤᠭᠡᠭᠳᠡᠭᠦᠨ ᠳᠤ ᠭᠤᠤᠯᠳᠠᠭᠤ ᠤᠯᠠᠮᠵᠢᠯᠠᠯᠳᠤ ᠬᠠᠳᠬᠤᠮᠠᠯ᠂ ᠮᠠᠯ ᠲᠠᠷᠢᠶᠠᠯᠠᠩ ᠤᠨ ᠲᠠᠭᠠᠯᠳᠤᠭᠰᠠᠨ ᠦᠢᠯᠡᠳᠬᠦᠨ᠂ ᠤᠨᠴᠠᠯᠢᠭᠳᠤ ᠨᠤᠳᠤᠭ ᠤᠨ ᠢᠬᠢᠷ ᠰᠢᠬᠢᠷ ᠢᠳᠡᠭᠡᠨ᠂ ᠤᠯᠠᠮᠵᠢᠯᠠᠯᠳᠤ ᠴᠠᠭᠠᠨ ᠢᠳᠡᠭᠡᠨ ᠵᠡᠷᠭᠡ ᠤᠯᠠᠨ ᠲᠦᠷᠦᠯ ᠵᠦᠢᠯ ᠪᠤᠢ  ᠃ ᠡᠳᠡᠭᠡᠷ ᠪᠦᠳᠦᠭᠡᠭᠳᠡᠬᠦᠨ ᠨᠢ ᠲᠤᠤᠷ ᠰᠦᠯᠵᠢᠶ᠎ᠡ᠂ ᠲᠦᠷᠭᠡᠨ ᠰᠢᠤᠳᠠᠨ ᠢᠶᠠᠷ ᠲᠠᠮᠵᠢᠨ ᠬᠤᠯᠠ ᠤᠶᠢᠷ᠎ᠠ ᠳᠤ ᠪᠤᠷᠤᠯᠠᠭᠤᠯᠤᠭᠳᠠᠵᠤ ᠮᠠᠯᠴᠢᠨ ᠲᠠᠷᠢᠶᠠᠴᠢᠨ ᠤ ᠠᠰᠢᠭ ᠤᠷᠤᠯᠭ᠎ᠠ ᠶᠢ ᠵᠤᠬᠢᠬᠤ ᠬᠡᠮᠵᠢᠶ᠎ᠡ ᠪᠠᠷ ᠨᠡᠮᠡᠭᠳᠡᠭᠦᠯᠦᠭᠰᠡᠨ ᠪᠠᠶᠢᠨ᠎ᠠ᠃
 
ᠢᠷᠡᠯᠲᠡ᠄ ᠤᠯᠠᠭᠠᠨᠳᠤᠯᠤᠭᠠᠢ ᠪᠠᠯᠭᠠᠰᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号