ᠬᠦᠳᠡᠭᠡ ᠳᠣᠰᠬᠤᠨ ᠢ ᠬᠦᠭᠵᠢᠭᠦᠯᠦᠨ ᠮᠠᠨᠳᠣᠭᠤᠯᠬᠤ ᠳᠣᠬᠠᠢ ᠲᠠᠪᠤᠨ ᠲᠦᠯᠦᠭᠡᠯᠡᠭᠴᠢ ᠶᠢᠨ ᠤᠷᠮᠠᠲᠠᠢ ᠶᠠᠷᠢᠯᠴᠠᠭ᠎ᠠ
ᠨᠡᠶᠢᠲᠡᠯᠡᠭᠰᠡᠨ ᠴᠠᠭ᠄
2018-04-19
     ᠠᠷᠪᠠᠨ ᠭᠤᠷᠪᠠᠳᠣᠭᠠᠷ ᠬᠤᠭᠤᠴᠠᠭᠠᠨ ᠤ ᠪᠦᠭᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠠᠩᠬᠠᠳᠣᠭᠠᠷ ᠬᠤᠷᠠᠯ ᠳᠤ ᠤᠷᠤᠯᠴᠠᠵᠦ ᠪᠠᠶᠢᠭ᠎ᠠ ᠦᠪᠦᠷ ᠮᠣᠩᠭᠤᠯ ᠤᠨ ᠲᠦᠯᠦᠭᠡᠯᠡᠭᠴᠢᠳ ᠤᠨ ᠪᠦᠯᠭᠦᠮ ᠤᠨ ᠲᠦᠯᠦᠭᠡᠯᠡᠭᠴᠢᠳ ᠤᠨ ᠳᠣᠳᠣᠷ᠎ᠠ ᠦᠨᠳᠦᠰᠦᠨ ᠱᠠᠳᠤᠨ ᠠᠴᠠ ᠢᠷᠡᠭᠰᠨᠨ ᠵᠤᠤ ᠬᠤᠢ ᠵᠢᠶᠧ᠂ ᠡᠤ ᠶᠦᠨ ᠪᠦᠸᠧ ᠵᠡᠷᠭᠡ ᠭᠠᠴᠠᠭ᠎ᠠ ᠲᠤᠰᠬᠤᠨ ᠤ ᠨᠠᠮ ᠤᠨ ᠡᠭᠦᠷ ᠤᠨ ᠱᠦᠵᠢ ᠲᠠᠪᠤ ᠪᠤᠢ᠃ ᠲᠡᠳᠡ ᠨᠤᠳᠤᠭ ᠨᠤᠳᠤᠭ ᠠᠴᠠ ᠢᠷᠡᠵᠦ᠂ ᠬᠡᠯᠡ ᠶᠠᠷᠢᠶ᠎ᠠ ᠨᠢ ᠠᠳᠠᠯᠢ ᠦᠭᠡᠢ ᠪᠤᠯᠪᠠᠴᠤ᠂ ᠴᠦᠮ ᠤᠯᠠᠨ ᠲᠦᠮᠡᠨ ᠢᠶᠠᠨ ᠲᠠᠭᠠᠭᠤᠯᠵᠦ ᠶᠠᠳᠠᠭᠤ ᠠᠴᠠ ᠠᠩᠭᠢᠵᠢᠷᠠᠭᠤᠯᠬᠤ᠂ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠷ ᠤᠬᠠᠭᠠᠨ ᠴᠢᠳᠠᠯ ᠢᠶᠠᠨ ᠰᠢᠪᠬᠠᠵᠦ ᠶᠠᠪᠤᠭ᠎ᠠ ᠬᠦᠮᠦᠰ ᠪᠢᠯᠡ᠃      ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠠᠴᠠ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢᠨ ᠠᠤᠭ᠎ᠠ ᠲᠦᠰᠦᠪ ᠢ ᠵᠢᠷᠤᠬᠯᠠᠪᠠ᠃ ᠲᠡᠭᠡᠪᠡᠯ᠂ ᠦᠪᠤᠷ ᠮᠤᠩᠭᠤᠯ ᠮᠠᠯ ᠠᠵᠤ ᠠᠬᠤᠢ ᠳᠠᠷᠢᠶᠠᠯᠠᠩ ᠤᠨ ᠳᠣᠮᠣ ᠤᠷᠤᠨ ᠪᠤᠯᠤᠬᠰᠠᠨ ᠤ ᠬᠤᠪᠢ ᠳᠤ᠂ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠡᠷᠭᠢᠨ ᠬᠦᠨᠵᠡᠭᠡᠢ ᠠᠬᠢᠭᠤᠯᠬᠤ ᠪᠤᠢ︖ ᠡᠨᠡ ᠲᠤᠬᠠᠢ ᠬᠡᠲᠦᠨ ᠲᠦᠯᠦᠭᠡᠯᠡᠭᠴᠢ ᠦᠵᠡᠯᠳᠡ ᠪᠤᠳᠤᠯ ᠢᠶᠠᠨ ᠶᠠᠷᠢᠵᠠᠭᠠᠯ᠎ᠠ᠃      ᠤᠯᠠᠭᠠᠨᠬᠠᠳᠠ ᠬᠤᠳᠠ ᠠᠴᠠ ᠢᠷᠡᠭᠰᠡᠨ ᠪᠦᠭᠦ ᠤᠯᠤᠰ ᠤᠨ ᠠᠷᠠᠳ ᠤᠨ ᠲᠦᠯᠦᠭᠡᠯᠡᠭᠴᠢ ᠵᠤᠤ ᠬᠤᠢ ᠵᠢᠶᠧ 2009 ᠤᠨ ᠳᠤ ᠰᠦᠡᠭᠱᠠᠨ ᠲᠤᠭᠤᠷᠢᠭ ᠤᠨ ᠳ᠋ᠠ ᠮᠢᠶᠤᠤ ᠪᠠᠯᠭᠠᠰᠤ ᠶᠢᠨ ᠰᠢᠶᠤᠤ ᠮᠢᠶᠤᠤ ᠲᠤᠰᠬᠤᠨ ᠤ ᠨᠠᠮ ᠤᠨ ᠡᠭᠦᠷ ᠤᠨ ᠱᠦᠵᠢ ᠪᠠᠷ ᠰᠤᠩᠭᠤᠬᠳᠠᠪᠠ᠃ ᠲᠤᠬᠠᠢ ᠶᠢᠨ ᠦᠶ᠎ᠠ ᠳᠤ᠂ ᠰᠢᠶᠤᠤ ᠮᠢᠶᠤᠤ ᠲᠤᠰᠬᠤᠨ ᠤ ᠭᠠᠵᠠᠷ ᠰᠢᠷᠤᠢ ᠬᠦᠮᠦᠨ ᠪᠦᠷᠢ ᠳᠤ ᠬᠤᠶᠠᠷ ᠮᠦ ᠴᠤ ᠨᠤᠬᠳᠠᠬᠤ ᠦᠭᠡᠢ᠂ ᠬᠦᠮᠦᠨ ᠲᠤᠮᠳᠠᠴᠢ ᠶᠢᠨ ᠤᠷᠤᠯᠭ᠎ᠠ 3000 ᠲᠦᠭᠦᠷᠢᠭ ᠲᠤ ᠴᠤ ᠬᠦᠷᠭᠦ ᠦᠭᠡᠢ ᠪᠠᠶᠢᠪᠠ᠃ ᠡᠶᠢᠮᠦ ᠬᠤᠮᠰᠠᠠᠬᠠ ᠭᠠᠵᠠᠷ ᠰᠢᠷᠤᠢ ᠶᠢ ᠬᠡᠷᠬᠢᠪᠡᠯ ᠰᠠᠶ᠋ᠢ ᠨᠦᠭᠡᠴᠡ ᠬᠦᠴᠦᠨ ᠢ ᠨᠢ ᠪᠠᠳᠠᠷᠠᠭᠤᠯᠵᠦ ᠲᠡᠶᠢᠯᠭᠦ ᠪᠤᠢ︖ ᠶᠠᠭᠠᠬᠢᠪᠠᠯ ᠰᠠᠶ᠋ᠢ ᠤᠯᠠᠨ ᠲᠦᠮᠡᠨ ᠤ ᠵᠤᠭᠤᠰᠤᠨ ᠴᠦᠡᠭᠭᠦ ᠶᠢ ᠨᠢ ᠲᠦᠭᠳᠦ᠋ᠢᠯᠭᠡᠵᠦ ᠲᠡᠶᠢᠯᠭᠦ ᠪᠢᠯᠡ︖ ᠭᠡᠵᠦ ᠰᠢᠶᠤᠤ ᠮᠢᠶᠤᠤ ᠲᠤᠰᠬᠤᠨ ᠤ ᠨᠠᠮ ᠤᠨ ᠡᠭᠦᠷ ᠠᠷᠠᠳ ᠤᠨ ᠵᠦᠪᠯᠡᠯ ᠢᠶᠠᠷ ᠢᠶᠠᠨ ᠡᠨᠡᠭᠦ ᠬᠦᠴᠢᠷ ᠠᠰᠠᠭᠤᠳᠠᠯ ᠢ ᠰᠢᠢᠳᠪᠤᠷᠢᠯᠡᠭᠦ ᠠᠷᠭ᠎ᠠ ᠰᠤᠪᠢᠵᠦ ᠡᠬᠢᠯᠡᠪᠡ᠃      ᠵᠤᠤ ᠬᠤᠢ ᠵᠢᠶᠧ ᠶᠠᠭᠤᠨ ᠤ ᠤᠷᠢᠳ ᠨᠠᠮ ᠤᠨ ᠭᠡᠰᠢᠭᠦᠨ ᠪᠠ ᠬᠡᠰᠡᠭ ᠤᠯᠠᠨ ᠲᠦᠮᠡᠨ ᠢᠶᠠᠨ ᠵᠤᠬᠢᠶᠠᠨ ᠪᠠᠶᠢᠭᠤᠯᠤᠨ ᠭᠠᠳᠠᠬᠰᠢ ᠭᠠᠷᠴᠤ ᠰᠤᠷᠤᠯᠴᠠᠨ᠂ ᠬᠤᠤ ᠯᠤᠤᠪᠠᠨᠭ᠌ ᠲᠠᠷᠢᠬᠤ᠂ ᠬᠢᠳᠠᠳ ᠡᠮ ᠤᠨ ᠮᠠᠲ᠋ᠧᠷᠢᠶᠠᠯ ᠲᠠᠷᠢᠬᠤ ᠵᠡᠷᠭᠡ ᠲᠠᠷᠢᠮᠠᠯ ᠤᠨ ᠦᠢᠯᠡᠰ ᠢ ᠤᠷᠢᠳ ᠬᠤᠵᠢᠳ ᠡᠷᠬᠢᠯᠡᠪᠡ᠃ ᠤᠳᠤ᠂ ᠰᠢᠶᠤᠤ ᠮᠢᠶᠤᠤ ᠲᠤᠰᠬᠤᠨ ᠤ ᠳᠣᠰᠬᠤᠨ ᠤ ᠠᠷᠠᠳ ᠤᠨ ᠬᠦᠮᠦᠨ ᠲᠤᠮᠳᠠᠴᠢ ᠶᠢᠨ ᠡᠵᠡᠮᠳᠡᠵᠦ ᠪᠤᠯᠬᠤ ᠤᠷᠤᠯᠭ᠎ᠠ ᠨᠢ 1.28 ᠲᠦᠮᠡᠨ ᠲᠦᠭᠦᠷᠢᠭ ᠲᠤ ᠬᠦᠷᠴᠤ ᠪᠠᠶᠢᠨ᠎ᠠ᠃      ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ ᠠᠵᠦ ᠦᠢᠯᠡᠰ ᠤᠨ ᠬᠦᠭᠵᠢᠯᠳᠠ ᠮᠠᠰᠢ ᠴᠢᠬᠤᠯᠠ᠃ ︽ᠤᠳᠤ ᠪᠢᠳᠠ ᠪᠦᠲᠦᠭᠡᠭᠳᠡᠭᠦᠨ ᠢᠶᠠᠨ ᠰᠢᠨ᠎ᠠ ᠰᠤᠷᠭᠤᠭ ᠪᠠᠷ ᠨᠢ ᠪᠤᠷᠤᠯᠠᠭᠤᠯᠬᠤ ᠳᠤ ᠯᠡ ᠲᠦᠰᠢᠭᠯᠡᠵᠦ ᠪᠠᠶᠢᠨ᠎ᠠ᠃ ᠠᠵᠦ ᠦᠢᠯᠡᠰ ᠤᠨ ᠬᠡᠯᠬᠢᠶ᠎ᠠ ᠪᠠᠨ ᠤᠷᠳᠤᠳᠬᠠᠵᠦ᠂ ᠪᠦᠲᠦᠭᠡᠭᠳᠡᠭᠦᠨ ᠤ ᠪᠠᠨ ᠨᠡᠮᠡᠯᠳᠡ ᠦᠷᠳᠡᠭ ᠢ ᠨᠡᠮᠡᠭᠳᠡᠭᠦᠯᠪᠡᠯ ᠰᠠᠶ᠋ᠢ ᠲᠤᠰᠬᠤᠨ ᠤ ᠠᠷᠠᠳ ᠢᠶᠠᠨ ᠪᠠᠶᠠᠵᠢᠭᠤᠯᠵᠦ ᠲᠤᠰᠬᠤᠨ ᠢᠶᠠᠨ ᠬᠦᠴᠦᠷᠭᠡᠭᠵᠢᠭᠦᠯᠭᠦ ᠵᠡᠭᠦᠳᠤ ᠶᠢ ᠲᠡᠷᠭᠡᠯᠰᠢᠭᠦᠯᠵᠦ ᠴᠢᠳᠠᠨ᠎ᠠ︾ ᠭᠡᠵᠦ ᠵᠤᠤ ᠬᠤᠢ ᠵᠢᠶᠧ ᠲᠦᠯᠦᠭᠡᠯᠡᠭᠴᠢ ᠬᠡᠯᠡᠨ᠎ᠡ᠃      ᠡᠤ ᠶᠦᠨ ᠪᠦᠸᠧ ᠲᠦᠯᠦᠭᠡᠯᠡᠭᠴᠢ ᠪᠤᠯ ᠲᠦᠡᠭᠯᠢᠶᠤᠤ ᠬᠤᠳᠠ ᠶᠢᠨ ᠵᠠᠷᠤᠳ ᠬᠤᠰᠢᠭᠤᠨ ᠤ ᠪᠠᠶᠠᠨᠳᠠᠯ᠎ᠠ ᠰᠣᠮᠣ ᠶᠢᠨ ᠵᠡᠭᠦᠨ ᠰᠠᠯᠠᠭ᠎ᠠ ᠭᠠᠴᠠᠭ᠎ᠠ ᠶᠢᠨ ᠨᠠᠮ ᠤᠨ ᠡᠭᠦᠷ ᠤᠨ ᠱᠦᠵᠢ᠃ ᠠᠳᠡ ᠮᠤᠩᠭᠤᠯ ᠦᠨᠳᠦᠰᠦᠳᠡᠨ ᠲᠦᠪᠯᠡᠷᠡᠨ ᠰᠠᠭᠤᠷᠢᠰᠢᠵᠦ᠂ ᠭᠤᠤᠯᠳᠠᠭᠤ ᠮᠠᠯ ᠮᠠᠯᠵᠢᠬᠤ ᠳᠤ ᠲᠦᠰᠢᠭᠯᠡᠨ ᠦᠢᠯᠡᠳᠪᠤᠷᠢᠯᠡᠯ ᠡᠷᠭᠢᠯᠡᠵᠦ᠂ ᠪᠦᠭᠦ ᠰᠤᠮᠤ ᠶᠢᠨ ᠢᠶᠠᠨ ᠬᠠᠮᠤᠭ ᠤᠨ ᠶᠠᠳᠠᠭᠤ ᠭᠠᠴᠠᠭ᠎ᠠ ᠪᠠᠶᠢᠪᠠ᠃ ᠡᠤ ᠶᠦᠨ ᠪᠦᠸᠧ ᠨᠠᠮ ᠤᠨ ᠡᠭᠦᠷ ᠤᠨ ᠱᠦᠵᠢ ᠪᠤᠯᠤᠬᠰᠠᠨ ᠤ ᠲᠠᠷᠠᠭ᠎ᠠ᠂ ᠮᠠᠯᠴᠢᠳ ᠢᠶᠠᠨ ᠵᠤᠬᠢᠶᠠᠨ ᠪᠠᠶᠢᠭᠤᠯᠵᠦ᠂ ᠪᠡᠯᠨ ᠮᠦᠡᠭᠭᠦ᠂ ᠲᠠᠷᠢᠶᠠᠨ ᠭᠠᠵᠠᠷ ᠪᠠ ᠦᠭᠡᠷ ᠢᠶᠠᠷ ᠢᠶᠠᠨ ᠬᠤᠪᠢ ᠤᠷᠤᠬᠤ ᠬᠡᠯᠪᠡᠷᠢ ᠪᠠᠷ ᠮᠠᠯᠴᠢᠨ ᠠᠶᠢᠯ ᠦᠭᠡᠷ ᠲᠡᠵᠢᠭᠡᠭᠦ ᠬᠤᠷᠰᠢᠶ᠎ᠠ ᠪᠠᠶᠢᠭᠤᠯᠵᠦ᠂ ᠶᠠᠳᠠᠭᠤ ᠶᠢ ᠲᠡᠳᠭᠦᠭᠦ ᠠᠵᠢᠯ ᠳᠤ ᠶᠡᠭᠡ ᠬᠦᠴᠦ ᠤᠷᠤᠭᠤᠯᠪᠠ᠃      ᠤᠳᠤ᠂ ᠭᠠᠴᠠᠭ᠎ᠠ ᠶᠢᠨ ᠬᠢᠨᠢ ᠦᠭᠡᠷ ᠲᠡᠵᠢᠭᠡᠭᠦ ᠦᠢᠯᠡᠰ ᠵᠢᠯ ᠲᠤᠳᠤᠮ ᠬᠦᠭᠵᠢᠨ ᠪᠤᠵᠠᠭᠠᠶᠢᠢᠷᠠᠵᠦ ᠪᠠᠶᠢᠨ᠎ᠠ᠃ ᠭᠡᠪᠡᠴᠤ ᠮᠠᠯᠴᠢᠳ ᠤᠨ ᠡᠮᠦᠨ᠎ᠠ ᠪᠠᠰᠠ ᠵᠢᠭᠡᠯᠡᠯᠭᠡ ᠶᠢᠨ ᠬᠦᠴᠢᠷᠳᠠᠯ᠂ ᠵᠠᠬ᠎ᠠ ᠲᠡᠯᠭᠡᠭᠦᠷ ᠤᠨ ᠬᠦᠴᠢᠷᠳᠠᠯ᠂ ᠮᠢᠬᠠᠨ ᠤ ᠦᠭᠡᠷ ᠲᠤ ᠲᠠᠭᠠᠳᠬᠠᠯ ᠪᠠᠶᠢᠬᠤ ᠦᠭᠡᠢ ᠵᠡᠷᠭᠡ ᠠᠯᠢ ᠤᠯᠠᠨ ᠬᠦᠴᠢᠷ ᠠᠰᠠᠭᠤᠳᠠᠯ ᠲᠤᠯᠭᠠᠷᠠᠪᠠ᠃ ︽ᠮᠠᠯᠵᠢᠬᠤ ᠲᠠᠷᠢᠶᠠᠯᠠᠬᠤ ᠤᠷᠤᠨ ᠳᠤ ᠠᠵᠦ ᠦᠢᠯᠡᠰ ᠢ ᠬᠦᠭᠵᠢᠭᠦᠯᠭᠦ ᠪᠤᠶᠤ ᠰᠤᠶᠤᠯ ᠤᠨ ᠪᠠᠶᠢᠭᠤᠯᠤᠯᠳᠠ ᠶᠢ ᠴᠢᠩᠭᠠᠳᠬᠠᠬᠤ ᠳᠤ ᠴᠦᠮ ᠴᠢᠳᠠᠪᠤᠷᠢᠳᠠᠨ ᠪᠠ ᠪᠡᠯᠡ ᠮᠦᠡᠭᠭᠦ ᠲᠤᠳᠠᠭᠳᠠᠵᠦ ᠪᠠᠶᠢᠨ᠎ᠠ︾ ᠭᠡᠵᠦ ᠡᠤ ᠶᠦᠨ ᠪᠦᠸᠧ ᠲᠦᠯᠦᠭᠡᠯᠡᠭᠴᠢ ᠬᠡᠯᠡᠨ᠎ᠡ᠃      ᠰᠢᠯᠢ ᠶᠢᠨ ᠭᠤᠤᠯ ᠠᠶᠢᠮᠠᠬ ᠤᠨ ᠲᠤᠯᠤᠨ ᠨᠣᠣᠷ ᠰᠢᠶᠠᠨ ᠤ ᠲᠢᠶᠧ ᠭᠦᠡᠭ ᠫᠤᠤ ᠽᠢ ᠲᠤᠰᠬᠤᠨ ᠤ ᠨᠠᠮ ᠤᠨ ᠡᠭᠦᠷ ᠤᠨ ᠱᠦᠵᠢ ᠯᠢ ᠭᠦᠸᠧ ᠴᠢᠨ ᠲᠦᠯᠦᠭᠡᠯᠡᠭᠴᠢ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠤᠬᠠᠢ ᠦᠪᠡᠷ ᠤᠨ ᠦᠵᠡᠯᠳᠡ ᠲᠠᠢ᠃ ︽ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ ᠪᠦᠭᠦ ᠲᠠᠯ᠎ᠠ ᠪᠠᠷ ᠬᠦᠭᠵᠢᠭᠦᠯᠦᠨ ᠮᠠᠨᠳᠤᠭᠤᠯᠬᠤ ᠬᠡᠷᠡᠭᠳᠡᠢ᠃ ᠠᠵᠦ ᠦᠢᠯᠡᠰ ᠬᠦᠭᠵᠢᠭᠡᠳ ᠦᠭᠡᠷ᠎ᠠ ᠲᠠᠯ᠎ᠠ ᠪᠠᠷ ᠲᠠᠭᠠᠵᠦ ᠠᠮᠵᠢᠬᠤ ᠦᠭᠡᠢ ᠪᠤᠯ ᠠᠵᠦ ᠦᠢᠯᠡᠰ ᠤᠨ ᠬᠦᠭᠵᠢᠯᠳᠠ ᠦᠷᠭᠦᠯᠵᠢᠯᠠᠭᠦ ᠪᠤᠯᠤᠮᠵᠢ ᠪᠠᠨ ᠠᠯᠳᠠᠨ᠎ᠠ᠃ ᠠᠵᠦ ᠦᠢᠯᠡᠰ ᠢ ᠬᠦᠭᠵᠢᠭᠦᠯᠭᠦ ᠶᠢᠨ ᠲᠠᠭᠠᠤ ᠠᠮᠢ ᠠᠬᠤᠢ ᠶᠢᠨ ᠪᠦᠲᠦᠭᠡᠨ ᠪᠠᠶᠢᠭᠤᠯᠤᠯᠳᠠ ᠪᠠ ᠭᠠᠴᠠᠭ᠎ᠠ ᠲᠤᠰᠬᠤᠨ ᠤ ᠬᠡᠪ ᠰᠤᠷᠳᠠᠯ ᠢ ᠴᠤ ᠬᠦᠨᠳᠦᠳᠭᠡᠬᠦ ᠬᠡᠷᠡᠭᠳᠡᠢ︾ ᠭᠡᠵᠦ ᠳᠡᠷᠡ ᠬᠡᠯᠡᠨ᠎ᠡ᠃      ᠲᠢᠶᠧ ᠭᠦᠡᠭ ᠫᠤᠤ ᠽᠢ ᠲᠤᠰᠬᠤᠨ 131 ᠲᠡᠭᠰᠢ ᠲᠦᠷᠪᠡᠯᠵᠢᠨ ᠺᠢᠯᠤᠮᠧᠲᠷ ᠭᠠᠵᠠᠷ ᠨᠤᠳᠤᠭ ᠲᠠᠢ ᠪᠤᠯᠪᠠᠴᠤ ᠂ ᠦᠡᠭᠭᠡᠷᠡᠭᠰᠡᠨ ᠳᠤ ᠬᠡᠲᠦᠷᠡᠳᠡᠯ᠎ᠠ ᠮᠠᠯᠵᠢᠬᠰᠠᠨ ᠠᠴᠠ ᠪᠤᠯᠵᠦ᠂ ᠲᠤᠰᠬᠤᠨ ᠤ ᠬᠢᠨᠢ ᠡᠷᠭᠢᠨ ᠲᠤᠭᠤᠷᠢᠨ ᠤ ᠨᠤᠲᠤᠬ ᠪᠡᠯᠴᠢᠬᠡᠷ ᠴᠦᠮ ᠡᠯᠡᠰᠦᠷᠭᠡᠭᠵᠢᠪᠡ᠃ 10 ᠵᠢᠯ ᠤᠨ ᠬᠤᠭᠤᠷᠤᠨᠳᠤ᠂ ᠲᠢᠶᠧ ᠭᠦᠡᠭ ᠫᠤᠤ ᠽᠢ ᠲᠤᠰᠬᠤᠨ 10 ᠲᠦᠮᠡ ᠰᠢᠬᠠᠮ ᠮᠦ ᠮᠤᠳᠤ ᠲᠠᠷᠢᠵᠦ᠂ ᠤᠳᠤ ᠲᠦᠷᠦᠯ ᠵᠦᠢᠯ ᠤᠨ ᠣᠷᠣᠨ ᠤ ᠣᠷᠭᠤᠮᠠᠯ ᠤᠨ ᠪᠦᠷᠭᠦᠴᠡ 90%᠎  ᠎ ᠶᠢ ᠳᠠᠪᠠᠵᠠᠢ᠃ ᠠᠮᠢ ᠠᠬᠤᠢ ᠤᠷᠴᠢᠨ ᠲᠤᠭᠤᠷᠢᠨ ᠰᠠᠶᠢᠵᠢᠷᠠᠬᠰᠠᠨ ᠢᠶᠠᠷ ᠲᠤᠰᠬᠤᠨ ᠤ ᠠᠷᠠᠳ ᠲᠠᠷᠢᠶᠠᠴᠢᠨ ᠠᠶᠢᠯ ᠤᠨ ᠵᠤᠭᠠᠴᠠᠯ ᠤᠨ ᠦᠢᠯᠡᠰ ᠡᠷᠬᠢᠯᠡᠵᠦ᠂ ᠬᠦᠳᠡᠭᠡ ᠲᠤᠰᠬᠤᠨ ᠤ ᠵᠤᠭᠠᠴᠠᠯ ᠤᠨ ᠦᠢᠯᠡᠰ ᠢ ᠢᠳᠡᠪᠭᠢᠳᠠᠢ ᠬᠦᠭᠵᠢᠭᠦᠯᠪᠠ᠃ 2017 ᠤᠨ ᠬᠦᠷᠬᠦ ᠳᠤ᠂ ᠲᠤᠰᠬᠤᠨ ᠤ ᠠᠷᠠᠳ ᠤᠨ 40%᠎ ᠶᠢᠨ ᠤᠷᠤᠯᠭ᠎ᠠ ᠨᠢ ᠴᠦᠮ ᠡᠪᠡᠰᠦ ᠮᠤᠳᠤᠨ ᠤ ᠠᠵᠦ ᠦᠢᠯᠡᠰ ᠠᠴᠠ ᠢᠷᠡᠵᠠᠢ᠃      ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ᠂ ᠬᠦᠳᠡᠭᠡ ᠲᠤᠰᠬᠤᠨ ᠤ ᠦᠨᠳᠦᠰᠦᠨ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠶᠢᠨ ᠲᠠᠭᠠᠭᠤᠯᠭ᠎ᠠ ᠠᠴᠠ ᠰᠠᠯᠵᠦ ᠴᠢᠳᠠᠬᠤ ᠦᠭᠡᠢ᠃ ᠪᠠᠶᠠᠨᠨᠠᠭᠤᠷ ᠬᠤᠳᠠ ᠶᠢᠨ ᠬᠠᠨᠭ᠍ᠭᠢᠨ ᠬᠤᠶᠢᠳᠤ ᠬᠤᠰᠢᠭᠤᠨ ᠤ ᠱᠠᠮᠪᠠ ᠪᠠᠯᠭᠠᠰᠦ ᠶᠢᠨ ᠵᠦᠡᠭ ᠨᠠᠨ ᠴᠢᠤᠢ ᠲᠤᠰᠬᠤᠨ ᠦᠷᠭᠦᠯᠵᠢ ᠵᠠᠷᠭᠤ ᠵᠠᠭᠠᠯᠳᠤᠯᠭ᠎ᠠ ᠲᠠᠰᠤᠷᠠᠬᠤ ᠦᠬᠡᠢ ᠪᠠᠶᠢᠬᠰᠠᠨ ᠠᠴᠠ ᠪᠠᠨ ᠨᠠᠮ ᠤᠨ ᠡᠭᠦᠷ ᠤᠨ ᠱᠦᠵᠢ ᠵᠠᠩ ᠵᠢᠢ ᠰᠢᠨ ᠤ ᠪᠠᠨ ᠲᠠᠭᠠᠭᠤᠯᠭ᠎ᠠ ᠪᠠᠷ ᠣᠳᠣ ᠨᠢᠭᠡᠨᠳᠡ ᠵᠢᠱᠢᠶᠡᠴᠢ ᠲᠤᠰᠬᠤᠨ ᠪᠤᠯᠪᠠ᠃      ᠶᠡᠭᠡ ᠰᠤᠷᠭᠠᠭᠤᠯᠢ ᠪᠠᠨ ᠲᠡᠭᠦᠰᠦᠭᠡᠳ ᠳ᠋ᠠᠯᠢᠶᠠᠨ ᠳᠤ ᠠᠵᠢᠯᠯᠠᠵᠦ ᠪᠠᠶᠢᠬᠰᠠᠨ ᠵᠠᠩ ᠵᠢᠢ ᠰᠢᠨ ᠭᠡᠷ ᠲᠡᠭᠡᠨ ᠬᠠᠷᠢᠵᠦ ᠰᠢᠨᠡᠯᠡᠭᠦ ᠦᠶ᠎ᠠ ᠳᠡᠭᠡᠨ ᠨᠤᠳᠤᠭ ᠤᠨ ᠤᠯᠠᠨ ᠲᠦᠮᠡᠨ ᠨᠢ ᠴᠢᠨᠡᠭᠡᠯᠢᠭᠵᠢᠵᠦ ᠴᠢᠳᠠᠭ᠎ᠠ ᠦᠭᠡᠢ ᠪᠠᠶᠢᠬᠤ ᠶᠢ ᠤᠯᠵᠦ ᠮᠡᠳᠡᠪᠡ᠃ ᠲᠡᠷᠡ ᠨᠤᠳᠤᠭ ᠲᠠᠭᠠᠨ ᠬᠠᠷᠢᠵᠦ ᠦᠢᠯᠡᠰ ᠪᠤᠰᠬᠠᠨ᠂ ᠲᠤᠰᠬᠤᠨ ᠤ ᠠᠷᠠᠳ ᠢᠶᠠᠨ ᠲᠠᠭᠠᠭᠤᠯᠤᠨ ᠪᠠᠶᠠᠵᠢᠯ ᠤᠨ ᠵᠠᠮ ᠢᠶᠠᠷ ᠵᠠᠮᠨᠠᠪᠠ᠃ ᠵᠠᠩ ᠵᠢᠢ ᠰᠢᠨ ᠤ ᠡᠭᠦᠰᠭᠡᠨ ᠡᠷᠬᠢᠯᠡᠭᠰᠡᠨ ᠮᠢᠬᠠᠨ ᠤ ᠦᠭᠡᠷ ᠲᠡᠵᠢᠭᠡᠭᠦ ᠠᠵᠦ ᠠᠬᠤᠶᠢᠯᠠᠯ ᠤᠨ ᠲᠠᠭᠠᠭᠤᠯᠭ᠎ᠠ ᠪᠠᠷ᠂ ᠲᠤᠰᠬᠤᠨ ᠤ ᠡᠷᠦᠭᠡ ᠲᠤᠮᠳᠠᠴᠢ ᠶᠢᠨ ᠲᠡᠭᠰᠢᠳᠭᠡᠭᠰᠡᠨ ᠤᠷᠤᠯᠭ᠎ᠠ 12 ᠲᠦᠮᠡᠨ ᠲᠦᠭᠦᠷᠢᠭ ᠢ ᠲᠠᠪᠠᠵᠦ᠂ ᠪᠦᠭᠦ ᠬᠤᠳᠠ ᠳᠠᠭᠠᠨ ᠲᠦᠷᠦᠭᠦᠯᠡᠵᠦ ᠪᠣᠢ᠃      ︽ᠤᠳᠤ ᠮᠠᠨ ᠤ ᠲᠤᠰᠬᠤᠨ ᠵᠠᠮ ᠢᠶᠠᠨ ᠪᠦᠷ ᠰᠠᠶᠢᠬᠠᠨ ᠵᠠᠰᠠᠴᠢᠬᠠᠵᠠᠢ᠂ ᠬᠡᠪᠡᠴᠤ ᠨᠤᠭᠤᠭᠠᠷᠠᠭᠤᠯᠤᠯᠳᠠ ᠬᠢᠭᠡᠲᠦᠢ︾ ᠭᠡᠵᠦ ᠵᠠᠩ ᠵᠢᠢ ᠰᠢᠨ ᠬᠡᠯᠡᠨ᠎ᠡ᠃ ᠵᠦᠡᠭ ᠨᠠᠨ ᠴᠢᠤᠢ ᠲᠤᠰᠬᠤᠨ ᠤ ᠭᠠᠵᠠᠷ ᠲᠤᠤᠷᠠᠬᠢ ᠤᠰᠤᠨ ᠤ ᠱᠦᠯᠳᠦᠯᠢᠭ ᠴᠢᠨᠠᠷ ᠨᠢ ᠮᠠᠰᠢ ᠦᠨᠳᠤᠷ ᠪᠤᠯᠬᠤᠷ ᠨᠤᠭᠤᠭᠠᠷᠠᠭᠤᠯᠤᠯᠳᠠ ᠳᠤ ᠬᠡᠷᠡᠭᠯᠡᠭᠦ ᠤᠰᠤ ᠬᠦᠷᠦᠯᠴᠡᠭᠦ ᠦᠭᠡᠢ᠃ ᠮᠤᠳᠤ ᠶᠢ ᠠᠷᠠᠴᠢᠯᠠᠵᠦ ᠬᠠᠮᠠᠭᠠᠠᠯᠠᠬᠤ ᠴᠢᠳᠠᠪᠤᠷᠢ ᠪᠠᠨ ᠲᠡᠭᠡᠭᠰᠢᠯᠡᠭᠦᠯᠵᠦ᠂ ᠠᠮᠢ ᠠᠬᠤᠢ ᠨᠢ ᠤᠷᠤᠰᠢᠨ ᠰᠠᠭᠤᠷᠢᠰᠢᠬᠤ ᠳᠤ ᠲᠠᠭᠠᠯᠠᠮᠵᠢᠳᠠᠢ ᠬᠦᠳᠡᠭᠡ ᠲᠤᠰᠬᠤᠨ ᠢ ᠪᠠᠶᠢᠭᠤᠯᠬᠤ ᠨᠢ ᠵᠠᠩ ᠵᠢᠢ ᠰᠢᠨ ᠤ ᠡᠮᠦᠨ᠎ᠠ ᠲᠠᠯᠪᠢᠬᠳᠠᠵᠦ ᠪᠠᠶᠢᠭ᠎ᠠ ᠬᠦᠴᠢᠷ ᠠᠰᠠᠭᠤᠳᠠᠯ ᠪᠤᠯᠤᠭᠠᠳ ᠪᠠᠶᠢᠭ᠎ᠠ ᠠᠵᠢ᠃      ᠶᠠᠳᠠᠭᠤ ᠠᠴᠠ ᠠᠩᠭᠢᠵᠢᠷᠠᠬᠤ ᠦᠭᠡᠢ ᠪᠤᠯ ᠬᠦᠳᠡᠭᠡ ᠲᠤᠰᠬᠤᠨ ᠬᠡᠷᠭᠢᠨ ᠬᠦᠭᠵᠢᠨ ᠮᠠᠨᠳᠤᠵᠤ ᠴᠢᠳᠠᠬᠤ ᠪᠢᠯᠡ ︖ ᠤᠯᠠᠭᠠᠨᠴᠠᠪ ᠬᠤᠳᠠ ᠶᠢᠨ ᠲᠦᠷᠪᠡᠳ ᠬᠤᠰᠢᠭᠤᠨ ᠤ ᠴᠠᠭᠠᠨᠪᠤᠯᠠᠭ ᠰᠤᠮᠤ ᠶᠢᠨ ᠬᠡᠷᠡᠯᠳᠤᠶᠠᠭ᠎ᠠ ᠭᠠᠴᠠᠭ᠎ᠠ ᠶᠢᠨ ᠨᠠᠮ ᠤᠨ ᠡᠭᠦᠷ ᠤᠨ ᠱᠦᠵᠢ ᠴᠤᠯᠮᠤᠨ ᠲᠦᠯᠦᠭᠡᠯᠡᠭᠴᠢ᠄ ︽ᠮᠠᠨ ᠤ ᠦᠢᠯᠡᠳᠪᠤᠷᠢᠯᠡᠯ ᠤᠨ ᠬᠦᠴᠦᠨ ᠤ ᠲᠦᠪᠰᠢᠨ ᠲᠤᠤᠷ᠎ᠠ᠂ ᠮᠠᠯᠴᠢᠳ ᠤᠨ ᠪᠠᠶᠢᠭᠠᠯᠢ ᠶᠢᠨ ᠭᠠᠮᠰᠢᠭ ᠢ ᠡᠰᠡᠷᠭᠦᠴᠡᠨ ᠰᠡᠷᠭᠡᠶᠢᠯᠡᠭᠦ ᠪᠠ ᠭᠠᠮᠰᠢᠭ ᠲᠤᠯᠭᠠᠷᠠᠪᠠᠯ ᠦᠪᠡᠷ ᠢ ᠪᠠᠨ ᠠᠪᠤᠷᠠᠬᠤ ᠴᠢᠳᠠᠪᠤᠷᠢ ᠮᠠᠰᠢ ᠪᠠᠭᠤᠷᠠᠢ ᠪᠠᠶᠢᠨ᠎ᠠ︾ ᠭᠡᠵᠦ ᠬᠡᠯᠡᠨ᠎ᠡ᠃ ᠲᠡᠷᠡ᠂ ᠵᠠᠮ ᠬᠠᠷᠢᠯᠴᠠᠭ᠎ᠠ᠂ ᠬᠦᠮᠦᠨ ᠮᠠᠯ ᠤᠨ ᠤᠰᠤ ᠤᠮᠳᠠ᠂ ᠪᠡᠯᠡ ᠬᠤᠷᠠᠮᠳᠤᠭᠤᠯᠬᠤ ᠵᠡᠷᠭᠡ ᠬᠦᠴᠢᠷ ᠠᠰᠠᠭᠤᠳᠠᠯ ᠢ ᠰᠢᠢᠳᠪᠤᠷᠢᠯᠡᠨ ᠦᠭᠴᠤ᠂ ᠮᠠᠯᠴᠢᠳ ᠤᠨ ᠶᠠᠳᠠᠭᠤ ᠠᠴᠠ ᠠᠩᠭᠢᠵᠢᠷᠠᠬᠤ ᠠᠯᠬᠤᠭ᠎ᠠ ᠶᠢ ᠲᠦᠷᠭᠡᠳᠭᠡᠭᠦ ᠲᠤᠬᠠᠢ ᠰᠠᠨᠠᠭᠤᠯᠭ᠎ᠠ ᠭᠠᠷᠭᠠᠪᠠ᠃      ︽ᠬᠦᠮᠦᠨ ᠦᠭᠡᠢ ᠪᠠᠷ ᠶᠠᠭᠠᠬᠢᠵᠦ ᠬᠦᠭᠵᠢᠭᠦ ᠪᠤᠢ︖ ᠤᠳᠤ ᠶᠢᠨ ᠠᠶᠢᠯ ᠲᠤᠰᠬᠤᠨ ᠳᠤ ᠲᠠᠪᠢ ᠵᠢᠷᠠ ᠬᠦᠷᠦᠭᠰᠡᠨ ᠦᠳᠡᠯᠦᠭᠡ ᠢᠳᠡᠷ ᠨᠠᠰᠤᠨ ᠤ ᠬᠦᠳᠡᠯᠮᠦᠷᠢ ᠬᠦᠴᠦ ᠪᠠᠷ ᠭᠤᠤᠯᠯᠠᠵᠦ ᠪᠠᠶᠢᠨ᠎ᠠ᠃ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ᠂ ᠨᠠᠩ ᠤᠯᠠᠨ ᠵᠠᠯᠠᠭᠤᠴᠤᠳ ᠢ ᠬᠦᠳᠡᠭᠡ ᠲᠤᠰᠬᠤᠨ ᠤ ᠪᠦᠲᠦᠭᠡᠨ ᠪᠠᠶᠢᠭᠤᠯᠤᠯᠳᠠ ᠳᠤ ᠤᠷᠤᠯᠴᠠᠭᠤᠯᠬᠤ ᠬᠡᠷᠡᠭᠳᠡᠢ︾ ᠭᠡᠵᠦ ᠵᠤᠤ ᠬᠤᠢ ᠵᠢᠶᠧ ᠲᠦᠯᠦᠭᠡᠯᠡᠭᠴᠢ ᠬᠡᠯᠡᠬᠦ ᠳᠤ ᠪᠤᠰᠤᠳ ᠬᠡᠲᠦᠨ ᠭᠠᠴᠠᠭ᠎ᠠ ᠲᠤᠰᠬᠤᠨ ᠤ ᠱᠦᠵᠢ ᠨᠠᠷ ᠴᠤ ᠲᠤᠯᠤᠭᠠᠢ ᠲᠤᠬᠢᠨ ᠵᠦᠪᠰᠢᠶᠡᠷᠡᠯ᠎ᠠ᠃      ᠡᠤ ᠶᠦᠨ ᠪᠦᠸᠧ ᠶᠢᠨ ᠪᠠᠶᠢᠭᠤᠯᠤᠬᠰᠠᠨ ᠬᠤᠷᠰᠢᠶ᠎ᠠ ᠨᠢᠳᠤᠨᠤᠨ 46 ᠬᠦᠮᠦᠨ ᠳᠤ ᠠᠵᠢᠯ ᠤᠯᠭᠤᠵᠠᠢ᠂ ᠡᠭᠦᠨ ᠳᠤ᠂ 8 ᠶᠡᠭᠡ ᠰᠤᠷᠭᠠᠭᠤᠯᠢ ᠶᠢᠨ ᠤᠶᠤᠳᠠᠨ ᠪᠤᠢ᠃ ᠡᠤ ᠶᠦᠨ ᠪᠦᠸᠧ ᠶᠢᠨ ᠦᠵᠡᠭᠦ ᠪᠠᠷ᠂ ᠤᠳᠤ ᠶᠡᠭᠡ ᠰᠤᠷᠭᠠᠭᠤᠯᠢ ᠲᠡᠭᠦᠰᠦᠭᠰᠡᠨ ᠵᠠᠯᠠᠭᠤᠴᠤᠳ ᠲᠤ ᠠᠪᠴᠤ ᠬᠡᠯᠡᠪᠡᠯ ᠨᠤᠳᠤᠭ ᠲᠠᠭᠠᠨ ᠪᠤᠴᠠᠵᠦ ᠬᠦᠭᠵᠢᠭᠦ ᠮᠠᠰᠢ ᠰᠠᠶᠢᠨ ᠴᠠᠬ ᠲᠤᠬᠢᠶᠠᠯ ᠬᠦᠷᠴᠤ ᠢᠷᠡᠪᠡ᠃ ᠲᠦᠷᠦ ᠶᠢᠨ ᠪᠤᠳᠤᠯᠭ᠎ᠠ ᠶᠢᠨ ᠲᠡᠮᠵᠢᠯᠭᠡ ᠶᠢᠨ ᠡᠷᠴᠢᠮ ᠤᠷᠢᠳ ᠪᠠᠶᠢᠭ᠎ᠠ ᠦᠭᠡᠢ ᠴᠢᠩᠭᠠᠷᠠᠵᠦ᠂ ᠵᠠᠯᠠᠭᠤᠴᠤᠳ ᠦᠷᠭᠡᠨ ᠠᠭᠤᠳᠠᠮ ᠬᠦᠳᠡᠭᠡ ᠨᠤᠳᠤᠭ ᠲᠠᠭᠠᠨ ᠠᠪᠢᠶᠠᠰ ᠴᠢᠳᠠᠪᠣᠷᠢ ᠪᠠᠨ ᠪᠠᠳᠠᠷᠠᠭᠤᠯᠵᠣ ᠪᠤᠯᠤᠨ᠎ᠠ᠃      ︽ᠵᠤᠯ ᠵᠢᠷᠭᠠᠯ ᠢ ᠪᠣᠯ ᠲᠡᠮᠡᠴᠡᠵᠦ ᠤᠯᠳᠠᠭ ᠶᠤᠮ᠃ ᠨᠠᠮ ᠪᠠ ᠤᠯᠤᠰ ᠠᠴᠠ ᠪᠢᠳᠠᠨ ᠢ ᠬᠠᠶᠢᠷᠠᠯᠠᠨ ᠬᠠᠯᠠᠮᠵᠢᠯᠠᠵᠦ ᠪᠠᠶᠢᠬᠤ ᠳᠤ᠂ ᠪᠢᠳᠠ ᠡᠷᠭᠡᠪᠰᠢ ᠨᠠᠮ ᠤᠨ ᠡᠭᠦᠷ ᠤᠨ ᠱᠦᠵᠢ ᠶᠢᠨ ᠲᠠᠭᠠᠭᠤᠯᠤᠬᠴᠢ ᠶᠢᠨ ᠦᠢᠯᠡᠳᠤᠯ ᠢᠶᠠᠨ ᠰᠠᠶᠢᠳᠤᠷ ᠪᠠᠳᠠᠷᠠᠭᠤᠯᠵᠦ᠂ ᠠᠷᠠᠳ ᠲᠦᠮᠡᠨ ᠢᠶᠠᠨ ᠲᠠᠭᠠᠭᠤᠯᠤᠨ ᠬᠠᠨᠴᠤᠢ ᠰᠢᠮᠠᠯᠠᠨ ᠴᠢᠷᠮᠠᠶᠢᠨ ᠠᠵᠢᠯᠯᠠᠵᠦ᠂ ᠰᠠᠶᠢᠨ ᠰᠠᠶᠢᠬᠠᠨ ᠬᠡᠷ ᠤᠷᠤᠨ ᠢᠶᠠᠨ ᠬᠠᠮᠳᠤᠪᠠᠷ ᠴᠤᠬᠴᠠᠯᠠᠨ᠎ᠠ︾ ᠭᠡᠵᠦ ᠳᠠᠪᠣᠨ ᠲᠦᠯᠦᠭᠡᠯᠡᠭᠴᠢ ᠢᠳᠡᠭᠡᠯ ᠲᠡᠭᠦᠯᠳᠡᠷ ᠶᠠᠷᠢᠵᠠᠭᠠᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号