ᠤᠭᠤᠷᠠᠭ ᠤᠨ ᠮᠠᠯ ᠤᠨ ᠪᠡᠶ᠎ᠡ ᠳᠠᠬᠢ ᠰᠢᠮ᠎ᠡ ᠲᠡᠵᠢᠭᠡᠯ ᠤᠨ ᠦᠢᠯᠡᠳᠥᠯ ᠵᠢᠴᠢ ᠲᠡᠵᠢᠭᠡᠯ ᠪᠤᠷᠳᠤᠭᠠᠨ ᠎ ᠳᠤ ᠤᠭᠤᠷᠠᠭ ᠲᠤᠳᠠᠭᠳᠠᠬᠤ ᠨᠥᠯᠥᠭᠡ
ᠨᠡᠶᠢᠲᠡᠯᠡᠭᠰᠡᠨ ᠴᠠᠭ᠄
2018-04-19
      ︵ᠨᠢᠭᠡ︶ ᠤᠭᠤᠷᠠᠭ ᠤᠨ ᠮᠠᠯ ᠤᠨ ᠪᠡᠶ᠎ᠡ ᠳᠠᠬᠢ ᠰᠢᠮ᠎ᠡ ᠲᠡᠵᠢᠭᠡᠯ ᠤᠨ ᠦᠢᠯᠡᠳᠦᠯ      1᠂ ᠤᠭᠤᠷᠠᠭ ᠪᠤᠯ ᠮᠠᠯ ᠤᠨ ᠪᠡᠶ᠎ᠡ ᠶᠢᠨ ᠡᠷᠬᠡᠳᠡᠨ᠂ ᠨᠡᠭᠡᠳᠡᠰᠦ ᠬᠢᠭᠡᠳ ᠪᠡᠶ᠎ᠡ ᠶᠢᠨ ᠡᠰ ᠢ ᠪᠥᠷᠢᠯᠳᠥᠭᠦᠯᠬᠦ ᠭᠤᠤᠯ ᠪᠥᠷᠢᠯᠳᠥᠭᠦᠨ ᠮᠥᠨ᠃ ᠵᠢᠱᠢᠶᠡᠯᠡᠪᠡᠯ᠄ ᠪᠥᠮᠪᠦᠯᠢᠭ ᠤᠭᠤᠷᠠᠭ ᠪᠤᠯ ᠮᠠᠯ ᠤᠨ ᠨᠡᠭᠡᠳᠡᠰᠤ ᠶᠢ ᠪᠥᠷᠢᠯᠳᠥᠭᠦᠯᠬᠦ ᠲᠥᠭᠦᠬᠡᠢ ᠡᠳ᠋ ᠮᠥᠨ᠂ ᠴᠭᠠᠨ ᠤᠭᠤᠷᠠᠭ ᠪᠤᠯ ᠪᠡᠶ᠎ᠡ ᠶᠢᠨ ᠰᠢᠩᠭᠡᠨ ᠢ ᠪᠥᠷᠢᠯᠳᠥᠭᠦᠯᠬᠦ ᠲᠥᠭᠦᠬᠡᠢ ᠡᠳ᠋ ᠮᠥᠨ᠃ ᠴᠢᠰᠤᠨ ᠳᠠᠬᠢ ᠴᠢᠰᠤᠨ ᠤ ᠤᠯᠠᠭᠠᠨ ᠤᠭᠤᠷᠠᠭ ᠪᠤᠯ ᠤᠭᠤᠷᠠᠭ ᠪᠠ ᠲᠡᠮᠥᠷ ᠲᠠᠢ ᠨᠡᠶᠢᠯᠡᠵᠤ ᠪᠥᠳᠥᠭᠰᠡᠨ ᠶᠤᠮ᠃ ᠡᠯᠢᠭᠡ ᠳᠡᠯᠢᠭᠦᠦ ᠳᠠᠬᠢ ᠡᠯᠢᠭᠡᠨ ᠤ ᠬᠥᠷᠡᠩ ᠡᠳ᠋ ᠪᠤᠯ ᠤᠭᠤᠷᠠᠭ ᠪᠠ ᠲᠡᠮᠥᠷ ᠢᠶᠠᠷ ᠪᠥᠳᠥᠭᠰᠡᠨ ᠶᠤᠮ᠃ ᠴᠢᠰᠤᠨ ᠤ ᠴᠠᠶᠢᠪᠠᠩ ᠤᠨ ᠤᠭᠤᠷᠠᠭ ᠪᠤᠯ ᠤᠭᠤᠷᠠᠭ ᠪᠠ ᠵᠡᠰ ᠢᠶᠠᠷ ᠪᠥᠷᠢᠯᠳᠥᠭᠰᠡᠨ ᠶᠤᠮ᠃ ᠤᠭᠤᠷᠠᠭ ᠨᠢ ᠥᠭᠡᠬᠦ ᠲᠤᠰᠤ ᠲᠠᠢ ᠨᠢᠭᠡᠳᠬᠡᠪᠡᠯ ᠲᠤᠰᠤᠳᠤ ᠤᠭᠤᠷᠠᠭ ᠪᠤᠢ ᠪᠤᠯᠤᠭᠠᠳ᠂ ᠡᠰ ᠤᠨ ᠪᠥᠭᠡᠮ᠂ ᠴᠢᠰᠤ᠂ ᠰᠥᠨ ᠲᠤᠳᠤᠷ᠎ᠠ ᠤᠷᠤᠰᠢᠵᠤ ᠪᠠᠶᠢᠳᠠᠭ᠂ ᠥᠨᠳᠡᠭᠡᠨ ᠹᠤᠰᠹᠤᠷᠳᠤ ᠲᠤᠰᠤᠨ ᠤᠭᠤᠷᠠᠭ ᠨᠢ ᠳᠡᠳᠡᠭᠡᠷ ᠤᠨ ᠲᠤᠳᠤᠷᠠᠬᠢ ᠨᠢᠭᠡ ᠵᠦᠢᠯ ᠪᠤᠯᠤᠨ᠎ᠠ᠃ ᠮᠠᠯ ᠎ ᠤᠨ ᠪᠡᠶ᠎ᠡ ᠶᠢᠨ ᠭᠠᠳᠠᠭᠠᠳᠤ ᠳᠠᠬᠢ ᠡᠯ᠎ᠡ ᠵᠦᠢᠯ ᠤᠨ ᠬᠠᠮᠠᠭᠠᠯᠠᠯᠳᠠ ᠶᠢᠨ ᠨᠡᠭᠡᠳᠡᠰᠤ᠂ ᠵᠢᠱᠢᠶᠡᠯᠡᠪᠡᠯ᠂ ᠥᠰᠥ᠂ ᠨᠤᠤᠰᠤ᠂ ᠥᠳᠥ᠂ ᠲᠤᠭᠤᠷᠠᠢ᠂ ᠡᠪᠡᠷ ᠵᠡᠷᠭᠡ ᠨᠢ ᠴᠥᠮ ᠡᠪᠡᠷᠯᠢᠭ ᠤᠭᠤᠷᠠᠭ ᠪᠠ ᠴᠠᠪᠠᠤᠯᠢᠭ ᠤᠭᠤᠷᠠᠭ ᠠᠴᠠ ᠪᠥᠳᠥᠭᠰᠡᠨ ᠪᠠᠶᠢᠨ᠎ᠠ᠃ ᠡᠶᠢᠮᠤ ᠠᠴᠠ ᠮᠠᠯ ᠤᠨ ᠪᠤᠯᠴᠢᠩ ᠮᠢᠬ᠎ᠠ᠂ ᠮᠡᠳᠡᠷᠡᠯ᠂ ᠬᠡᠯᠬᠢᠶ᠎ᠡ ᠨᠡᠭᠡᠳᠡᠰᠥ᠂ ᠠᠷᠠᠰᠤ᠂ ᠴᠢᠰᠤᠨ ᠰᠢᠩᠭᠡᠨ ᠵᠡᠷᠭᠡ ᠪᠤᠯ ᠪᠥᠷ ᠤᠭᠤᠷᠠᠭ ᠢᠶᠠᠷ ᠥᠨᠳᠥᠰᠥᠨ ᠪᠥᠷᠢᠯᠳᠥᠭᠦᠨ ᠢᠶᠠᠨ ᠪᠤᠯᠭᠠᠳᠠᠭ᠃      2᠂ ᠤᠭᠤᠷᠠᠭ ᠪᠤᠯ ᠪᠡᠶ᠎ᠡ ᠶᠢᠨ ᠨᠡᠭᠡᠳᠡᠰᠥ ᠶᠢ ᠰᠡᠯᠪᠢᠨ ᠨᠥᠬᠦᠪᠥᠷᠢᠯᠡᠬᠦ ᠳᠤ ᠲᠤᠳᠠᠭᠳᠠᠵᠤ ᠪᠤᠯᠤᠰᠢ ᠦᠭᠡᠢ ᠪᠤᠳᠠᠰ ᠮᠥᠨ᠃ ᠮᠠᠯ ᠤᠨ ᠪᠡᠶ᠎ᠡ ᠶᠢᠨ ᠨᠡᠭᠡᠳᠡᠰᠦ ᠡᠷᠬᠡᠳᠡᠨ ᠤ ᠤᠭᠤᠷᠠᠭ ᠨᠢ ᠰᠢᠨ᠎ᠡ ᠬᠠᠭᠤᠴᠢᠨ ᠤ ᠰᠤᠯᠢᠯᠴᠠᠭ᠎ᠠ ᠎ ᠪᠠᠷ ᠳᠠᠮᠵᠢᠵᠤ ᠳᠠᠰᠤᠷᠠᠯ ᠦᠭᠡᠢ ᠰᠢᠨᠡᠴᠢᠯᠡᠭᠳᠡᠵᠤ ᠪᠠᠶᠢᠳᠠᠭ᠃ ᠤᠭᠤᠷᠠᠭ ᠢ ᠲᠠᠰᠤᠷᠠᠯᠳᠠ ᠦᠭᠡᠢ ᠠᠰᠢᠭᠯᠠᠨ᠂ ᠠᠮᠢ ᠨᠠᠰᠤᠨ ᠤ ᠬᠥᠳᠡᠯᠭᠡᠭᠡᠨ ᠪᠠ ᠡᠷᠡᠭᠦᠯ ᠴᠢᠬᠢᠷᠠᠭ ᠢᠶᠠᠨ ᠪᠠᠳᠤᠯᠠᠳᠠᠭ ᠪᠠᠶᠢᠨ᠎ᠠ᠃ ᠰᠤᠳᠤᠯᠤᠯ ᠢ ᠥᠨᠳᠥᠰᠥᠯᠡᠪᠡᠯ᠂ ᠪᠠᠷᠤᠭ 6~7 ᠰᠠᠷ᠎ᠠ ᠥᠩᠭᠡᠷᠡᠪᠡᠯ ᠮᠠᠯ ᠤᠨ ᠪᠡᠶ᠎ᠡ ᠶᠢᠨ ᠪᠥᠬᠦᠶᠢᠯᠡ ᠤᠭᠤᠷᠠᠭ ᠤᠨ ᠬᠠᠭᠠᠰ ᠨᠢ ᠳᠠᠷᠤᠢ ᠰᠢᠨ᠎ᠡ ᠤᠭᠤᠷᠠᠭ ᠢᠶᠠᠷ ᠤᠷᠤᠯᠠᠭᠳᠠᠳᠠᠭ ᠪᠠᠶᠢᠨ᠎ᠠ᠃      3᠂ ᠤᠭᠤᠷᠠᠭ ᠪᠤᠯ ᠮᠠᠯ ᠤᠨ ᠪᠡᠶ᠎ᠡ ᠶᠢᠨ ᠢᠯᠴᠢ ᠶᠢᠨ ᠡᠨᠧᠷᠬᠢ ᠶᠢ ᠬᠠᠩᠭᠠᠳᠠᠭ ᠦᠢᠯᠡᠳᠥᠯ ᠲᠠᠢ᠃ ᠮᠠᠯ ᠎ ᠤᠨ ᠪᠡᠶ᠎ᠡ ᠶᠢᠨ ᠨᠡᠭᠦᠷᠡᠰᠦ ᠤᠰᠤᠨ ᠤ ᠨᠢᠭᠡᠳᠥᠯ ᠪᠠ ᠥᠭᠡᠬᠦ ᠲᠤᠳᠠᠭᠳᠠᠭᠰᠠᠨ ᠥᠶᠡᠰ ᠲᠤ᠂ ᠤᠭᠤᠷᠠᠭ ᠨᠢ ᠮᠠᠯ ᠤᠨ ᠪᠡᠶ᠎ᠡ ᠶᠢᠨ ᠲᠤᠳᠤᠷ᠎ᠠ ᠵᠠᠳᠠᠷᠠᠨ ᠢᠰᠥᠯᠳᠥᠵᠤ᠂ ᠢᠯᠴᠢ ᠶᠢᠨ ᠡᠨᠧᠷᠬᠢ ᠢᠯᠭᠠᠷᠠᠭᠤᠯᠬᠤ ᠪᠠᠷ ᠳᠠᠮᠵᠢᠨ ᠨᠡᠭᠦᠷᠡᠰᠦ ᠤᠰᠤᠨ ᠤ ᠨᠢᠭᠡᠳᠥᠯ ᠪᠠ ᠥᠭᠡᠬᠦ ᠲᠤᠳᠠᠭᠳᠠᠭᠰᠠᠨ ᠢ ᠨᠥᠬᠦᠪᠥᠷᠢᠯᠡᠵᠤ ᠪᠤᠯᠤᠨ᠎ᠠ᠃ ᠢᠯᠡᠭᠦᠴᠡ ᠤᠭᠤᠷᠠᠭ ᠨᠢ ᠡᠯᠢᠭᠡ ᠂ ᠴᠢᠰᠤ ᠪᠠ ᠪᠤᠯᠴᠢᠩ ᠤᠨ ᠲᠤᠳᠤᠷ᠎ᠠ ᠵᠤᠬᠢᠬᠤ ᠬᠡᠮᠵᠢᠶ᠎ᠡ ᠪᠠᠷ ᠬᠠᠳᠠᠭᠠᠯᠠᠭᠳᠠᠬᠤ ᠪᠤᠶᠤ ᠡᠰᠡᠬᠦᠯ᠎ᠡ ᠠᠮᠢᠨᠤ᠋ ᠦᠭᠡᠶᠢᠳᠡᠭᠦᠯᠬᠦ ᠦᠢᠯᠡᠳᠥᠯ ᠢᠶᠠᠷ ᠳᠠᠮᠵᠢᠵᠤ᠂ ᠠᠽᠤᠲ ᠥᠯᠥ ᠠᠭᠤᠯᠬᠤ ᠭᠡᠰᠡᠭ ᠢᠶᠠᠨ ᠥᠭᠡᠬᠦ ᠪᠤᠯᠭᠠᠨ ᠨᠥᠭᠡᠴᠡᠯᠡᠵᠦ᠂ ᠰᠢᠮ᠎ᠡ ᠲᠡᠵᠢᠭᠡᠯ ᠲᠤᠳᠠᠭᠳᠠᠭᠰᠠᠨ ᠥᠶ᠎ᠡ ᠳᠤ ᠲᠠᠬᠢᠨ ᠵᠠᠳᠠᠷᠠᠭᠤᠯᠵᠤ ᠮᠠᠯ ᠤᠨ ᠪᠡᠶ᠎ᠡ ᠶᠢᠨ ᠡᠨᠧᠷᠬᠢ ᠎ ᠶᠢᠨ ᠱᠠᠭᠠᠷᠳᠠᠯᠭ᠎ᠠ ᠶᠢ ᠬᠠᠩᠭᠠᠬᠤ ᠳᠤ ᠪᠡᠯᠡᠳᠬᠡᠳᠡᠭ ᠶᠤᠮ᠃      4᠂ ᠤᠭᠤᠷᠠᠭ ᠪᠤᠯ ᠡᠯ᠎ᠡ ᠲᠥᠷᠥᠯ ᠤᠨ ᠮᠠᠯ ᠤᠨ ᠠᠰᠢᠭ ᠰᠢᠮ᠎ᠡ ᠪᠤᠯᠬᠤ ᠰᠥ᠂ ᠮᠢᠬ᠎ᠠ᠂ ᠥᠨᠳᠡᠭᠡ᠂ ᠨᠤᠤᠰᠤ ᠵᠢᠴᠢ ᠮᠠᠯ ᠤᠨ ᠪᠡᠶ᠎ᠡ ᠶᠢᠨ ᠲᠤᠳᠤᠭᠠᠳᠤ ᠶᠢᠨ ᠢᠰᠬᠡᠭᠦᠷ᠂ ᠬᠤᠷᠮᠤᠨ᠂ ᠡᠰᠡᠷᠭᠦ ᠴᠤᠭᠴᠠ᠂ ᠪᠤᠳᠤᠭᠳᠤ ᠡᠳ᠋ ᠵᠡᠷᠭᠡ ᠶᠢ ᠪᠥᠷᠢᠯᠳᠥᠭᠦᠯᠥᠨ᠎ᠡ᠃ ᠮᠠᠯ ᠤᠨ ᠲᠡᠵᠢᠭᠡᠯ ᠪᠤᠷᠳᠤᠭᠠᠨ ᠳᠤ ᠤᠭᠤᠷᠠᠭ ᠲᠤᠳᠠᠭᠳᠠᠪᠠᠯ ᠲᠡᠭᠦᠨ ᠤ ᠠᠮᠢ ᠨᠠᠰᠤ ᠂ ᠡᠷᠡᠭᠦᠯ ᠴᠢᠭᠢᠷᠠᠭ᠂ ᠥᠰᠥᠯᠳᠡ ᠪᠤᠶᠢᠵᠢᠯᠳᠠ ᠪᠠ ᠥᠷᠡᠵᠢᠯ ᠢ ᠨᠥᠯᠥᠭᠡᠯᠡᠬᠦ ᠪᠠᠷ ᠪᠠᠷᠠᠬᠤ ᠦᠭᠡᠢ᠂ ᠮᠠᠯ ᠤᠨ ᠦᠢᠯᠡᠳᠪᠥᠷᠢᠯᠡᠯ ᠤᠨ ᠴᠢᠳᠠᠪᠤᠷᠢ ᠪᠤᠯᠤᠨ ᠠᠰᠢᠭ ᠰᠢᠮ᠎ᠡ ᠶᠢᠨ ᠭᠠᠷᠤᠯᠳᠠ᠂ ᠶᠠᠰᠤ ᠴᠢᠨᠠᠷ ᠢ ᠴᠤ ᠪᠠᠭᠤᠷᠠᠭᠤᠯᠬᠤ ᠪᠤᠯᠤᠨ᠎ᠠ᠃      ︵ᠬᠤᠶᠠᠷ︶ ᠲᠡᠵᠢᠭᠡᠯ ᠪᠤᠷᠳᠤᠭᠠᠨ ᠳᠤ ᠤᠭᠤᠷᠠᠭ ᠲᠤᠳᠠᠭᠳᠠᠬᠤ ᠨᠥᠯᠥᠭᠡ      ᠬᠡᠷᠪᠡ ᠲᠡᠵᠢᠭᠡᠯ ᠪᠤᠷᠳᠤᠭᠠᠨ ᠳᠠᠬᠢ ᠤᠭᠤᠷᠠᠭ ᠲᠤᠳᠠᠭᠳᠠᠪᠠᠯ ᠮᠠ ᠤᠨ ᠪᠡᠶ᠎ᠡ ᠳᠠᠬᠢ ᠤᠭᠤᠷᠠᠭ ᠤᠨ ᠰᠤᠯᠢᠯᠴᠠᠭ᠎ᠠ ᠨᠢ ᠰᠥᠭᠡᠷᠬᠦ ᠲᠡᠩᠴᠡᠭᠦᠷᠢ ᠪᠤᠯᠵᠤ᠂ ᠴᠢᠰᠤᠨ ᠤ ᠤᠯᠠᠭᠠᠨ ᠤᠭᠤᠷᠠᠭ ᠪᠠ ᠴᠢᠰᠤᠨ ᠡᠰ ᠤᠨ ᠤᠭᠤᠷᠠᠭ ᠲᠤᠳᠠᠭᠳᠠᠵᠤ ᠴᠢᠰᠤ ᠲᠤᠳᠠᠭᠳᠠᠬᠤ ᠡᠪᠡᠳᠴᠢᠨ ᠤᠯᠤᠨ᠎ᠠ᠃ ᠮᠠᠯ ᠤᠨ ᠪᠡᠶ᠎ᠡ ᠶᠢᠨ ᠬᠥᠨᠳᠥ᠂ ᠰᠥᠨ ᠤ ᠭᠠᠷᠤᠯᠳᠠ᠂ ᠥᠰᠥᠯᠳᠡ ᠶᠢᠨ ᠨᠤᠷᠮ᠎ᠠ ᠵᠡᠷᠭᠡ ᠨᠢ ᠪᠠᠭᠤᠷᠠᠳᠠᠭ ᠪᠠᠶᠢᠨ᠎ᠠ᠃      ᠮᠠᠯ ᠲᠡᠵᠢᠭᠡᠪᠥᠷᠢ ᠶᠢᠨ ᠥᠷᠡᠵᠢᠯ ᠤᠨ ᠴᠢᠳᠠᠪᠤᠷᠢ ᠶᠢ ᠨᠥᠯᠥᠭᠡᠯᠡᠵᠤ᠂ ᠬᠡᠭᠡᠯᠳᠥᠭᠦᠯᠥᠭᠴᠢ ᠶᠢᠨ ᠥᠷ᠎ᠡ ᠶᠢᠨ ᠲᠤᠭ᠎ᠠ ᠬᠡᠮᠵᠢᠶ᠎ᠡ ᠨᠢ ᠬᠠᠰᠤᠭᠳᠠᠬᠤ ᠪᠥᠭᠡᠳ ᠴᠢᠨᠠᠷ ᠨᠢ ᠮᠠᠭᠤᠳᠠᠨ᠎ᠠ᠃ ᠬᠡᠭᠡᠯᠳᠥᠭᠴᠢ ᠮᠠᠯ ᠤᠷᠤᠭ᠎ᠠ ᠤᠷᠤᠬᠤ ᠦᠭᠡᠢ᠂ ᠬᠡᠭᠡᠯ ᠲᠤᠭᠳᠠᠬᠤ ᠪᠤᠶᠤ ᠬᠥᠪᠥᠷᠡᠯ ᠤᠨ ᠪᠤᠶᠢᠵᠢᠯᠳᠠ ᠮᠠᠭᠤ ᠪᠤᠯᠬᠤ ᠪᠠᠷ ᠪᠠᠷᠠᠬᠤ ᠦᠭᠡᠢ᠂ ᠪᠠᠰᠠ ᠵᠡᠷᠡᠮᠳᠡᠭ ᠲᠥᠯ᠂ ᠥᠬᠦᠭᠰᠡᠨ ᠲᠥᠯ ᠪᠤᠶᠤ ᠪᠠᠭᠤᠷᠠᠢ ᠲᠥᠯ ᠲᠥᠯᠯᠡᠳᠡᠭ᠃      ᠲᠡᠵᠢᠭᠡᠯ ᠪᠤᠷᠳᠤᠭᠠᠨ ᠤ ᠤᠭᠤᠷᠠᠭ ᠤᠨ ᠬᠡᠮᠵᠢᠶ᠎ᠡ ᠨᠢ ᠮᠠᠯ ᠤᠨ ᠱᠠᠭᠠᠷᠳᠠᠯᠭ᠎ᠠ ᠠᠴᠠ ᠬᠡᠳᠥᠷᠡᠪᠡᠯ ᠤᠭᠤᠷᠠᠭ ᠢ ᠪᠥᠷᠢᠯᠭᠡᠨ ᠰᠦᠢᠳᠬᠡᠬᠦ ᠪᠠᠷ ᠪᠠᠷᠠᠬᠤ ᠦᠭᠡᠢ᠂ ᠮᠠᠯ ᠤᠨ ᠪᠡᠶ᠎ᠡ ᠶᠢᠨ ᠰᠥᠯᠢᠯᠴᠠᠭ᠎ᠠ ᠰᠠᠮᠠᠭᠤᠷᠠᠬᠤ ᠪᠤᠶᠤ ᠤᠭᠤᠷᠠᠭ ᠎ ᠤᠨ ᠬᠤᠤᠷᠳᠠᠯ ᠪᠤᠯᠤᠨ᠎ᠠ᠃ ᠡᠶᠢᠮᠤ ᠠᠴᠠ ᠮᠠᠯ ᠤᠨ ᠠᠳᠠᠯᠢ ᠪᠤᠰᠤ ᠹᠢᠽᠢᠤᠯᠤᠬᠢ ᠶᠢᠨ ᠪᠠᠶᠢᠳᠠᠯ ᠪᠤᠯᠤᠨ ᠦᠢᠯᠡᠳᠪᠥᠷᠢᠯᠡᠯ ᠤᠨ ᠴᠢᠳᠠᠪᠤᠷᠢ ᠶᠢ ᠨᠢ ᠥᠨᠳᠥᠰᠥᠯᠡᠨ᠂ ᠲᠡᠵᠢᠭᠡᠯ ᠪᠤᠷᠳᠤᠭᠠᠨ ᠤ ᠤᠭᠤᠷᠠᠭ ᠤᠨ ᠬᠡᠮᠵᠢᠶ᠎ᠡ ᠶᠢ ᠵᠤᠬᠢᠰᠳᠠᠢ ᠪᠠᠷ ᠲᠤᠬᠢᠷᠠᠭᠤᠯᠬᠤ ᠪᠤᠯ ᠮᠠᠯ ᠲᠡᠵᠢᠭᠡᠪᠥᠷᠢ ᠶᠢᠨ ᠡᠷᠡᠭᠦᠯ ᠴᠢᠬᠢᠷᠠᠭ ᠢ ᠪᠠᠳᠤᠯᠠᠵᠤ᠂ ᠮᠠᠯ ᠤᠨ ᠦᠢᠯᠡᠳᠪᠥᠷᠢᠯᠡᠯ ᠤᠨ ᠴᠢᠳᠠᠪᠤᠷᠢ ᠶᠢ ᠳᠡᠭᠡᠭᠰᠢᠯᠡᠭᠦᠯᠬᠦ ᠴᠢᠬᠤᠯᠠ ᠨᠢᠭᠡᠨ ᠵᠠᠩᠭᠢᠯᠠᠭ᠎ᠠ ᠪᠤᠯᠤᠨ᠎ᠠ᠃       《 ᠲᠡᠵᠢᠭᠡᠯ ᠪᠤᠷᠳᠤᠭ᠎ᠠ ᠪᠤᠯᠤᠨ ᠠᠷᠠᠴᠢᠯᠠᠭ᠎ᠠ ᠶᠢᠨ ᠰᠤᠳᠤᠯᠤᠯ》ᠭᠡᠬᠦ ᠨᠤᠮ ᠠᠴᠠ ᠪᠠᠭᠤᠯᠭᠠᠪᠠ
 
ᠢᠷᠡᠯᠲᠡ᠄ ᠳᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号