ᠲᠦᠯᠦᠭᠡᠯᠡᠭᠴᠢ ᠰᠤᠶᠤᠯᠲᠤ᠄ ᠭᠠᠴᠠᠭ᠎ᠠ ᠲᠤᠰᠬᠤᠨ ᠤ ᠰᠤᠷᠭᠠᠨ ᠬᠦᠮᠦᠵᠢᠯ ᠢ ᠴᠢᠬᠤᠯᠠᠴᠢᠯᠠᠪᠠᠯ ᠵᠤᠬᠢᠨ᠎ᠠ
ᠨᠡᠶᠢᠲᠡᠯᠡᠭᠰᠡᠨ ᠴᠠᠭ᠄
2018-04-19
         ᠬᠡᠤᠬᠡᠳ ᠪᠤᠯ ᠡᠬᠡ ᠤᠷᠤᠨ ᠤ ᠢᠷᠡᠭᠡᠳᠦᠢ᠂ ᠤᠭᠰᠠᠭ᠎ᠠ ᠦᠨᠳᠦᠰᠦᠲᠡᠨ ᠤ ᠭᠤᠤᠯ ᠦᠳᠦ ᠰᠦᠳᠦ ᠮᠦᠨ᠂ ᠲᠡᠶᠢᠮᠤ ᠴᠤ ᠤᠴᠢᠷ ᠠᠴᠠ ᠤᠳᠤ ᠶᠢᠨ ᠪᠠᠶᠢᠳᠠᠯ ᠢᠶᠠᠷ ᠰᠤᠮᠤ ᠪᠠᠯᠭᠠᠰᠤᠨ ᠳᠤ ᠪᠠᠭ᠎ᠠ ᠰᠤᠷᠭᠠᠭᠤᠯᠢ ᠪᠠᠶᠢᠭᠤᠯᠬᠤ ᠬᠡᠷᠡᠭᠲᠡᠢ ᠪᠤᠯᠵᠠᠢ᠃ ᠪᠢᠳᠠᠨ ᠤ ᠦᠰᠪᠦᠷᠢ ᠶᠢᠨ ᠦᠶᠡᠰ ᠨᠢᠬᠡ ᠠᠶᠢᠯ ᠲᠦᠷᠪᠡ ᠲᠠᠪᠤᠨ ᠬᠡᠤᠬᠡᠳ ᠪᠤᠶᠤ ᠲᠡᠭᠦᠨ ᠠᠴᠠ ᠴᠤ ᠤᠯᠠᠨ ᠪᠠᠶᠢᠭᠰᠠᠨ᠂  ᠬᠡᠪᠡᠴᠤ ᠮᠠᠨ ᠤ ᠠᠪᠤ ᠡᠵᠢ ᠪᠦᠬᠦᠨ ᠢ ᠪᠦᠷ ᠭᠠᠷ ᠢ ᠨᠢ ᠭᠠᠨᠵᠤᠭᠠᠨ ᠳᠤ᠂ ᠬᠦᠯ ᠢ ᠨᠢ ᠲᠦᠷᠦᠬᠡᠨ ᠳᠤ ᠬᠦᠷᠭᠡᠵᠤ ᠴᠢᠳᠠᠭᠰᠠᠨ ᠨᠢ ᠰᠤᠮᠤ ᠪᠠᠯᠭᠠᠰᠤᠨ ᠳᠤ ᠪᠠᠭ᠎ᠠ ᠰᠤᠷᠭᠠᠭᠤᠯᠢ ᠲᠠᠢ ᠪᠠᠶᠢᠭᠰᠠᠨ ᠤ ᠤᠴᠢᠷ᠃ ᠮᠦᠨ ᠴᠤ ᠮᠠᠯᠵᠢᠬᠤ ᠠᠮᠢᠳᠤᠷᠠᠯ ᠠᠴᠠ ᠪᠠᠨ ᠵᠠᠶᠢᠲᠠᠭᠰᠠᠨ ᠦᠭᠡᠢ ᠶᠢᠨ ᠤᠴᠢᠷ ᠮᠦᠨ᠂ ᠬᠠᠷᠢᠨ ᠤᠳᠤ ᠨᠢᠬᠡ ᠬᠤᠶᠠᠷ ᠬᠡᠤᠬᠡᠳ ᠲᠠᠢ ᠠᠶᠢᠯ ᠨᠢ ᠴᠤ ᠶᠡᠭᠡᠭᠡᠨ ᠬᠦᠴᠢᠷᠳᠡᠵᠤ ᠪᠠᠶᠢᠭ᠎ᠠ ᠶᠢᠨ ᠰᠢᠯᠲᠠᠭᠠᠨ ᠨᠢ ᠬᠤᠲᠠ ᠳᠤ ᠬᠦᠷᠭᠡᠵᠤ ᠪᠢᠴᠢᠭ ᠦᠵᠡᠬᠦᠯᠬᠦ ᠪᠤᠯᠤᠭᠰᠠᠨ ᠤ ᠨᠢᠬᠡ ᠰᠢᠯᠲᠠᠭᠠᠨ ᠪᠠᠭᠲᠠᠨ᠎ᠠ᠃ ᠬᠡᠷᠪᠡ ᠬᠤᠰᠢᠭᠤᠨ ᠲᠦᠪ ᠲᠤ ᠬᠡᠤᠬᠡᠳ ᠢᠶᠠᠨ ᠬᠦᠷᠭᠡᠪᠡᠯ ᠨᠢᠬᠡ ᠭᠠᠷᠠᠭ ᠲᠤ ᠨᠢᠬᠡ ᠤᠳᠠᠭ᠎ᠠ ᠶᠠᠪᠤᠵᠤ ᠢᠷᠡᠬᠦ ᠲᠤᠰᠤᠨ ᠤ ᠵᠠᠷᠤᠳᠠᠯ ᠪᠠ ᠰᠦᠢᠳᠬᠡᠯ ᠬᠤᠷᠢᠶᠠᠬᠤ ᠦᠷᠲᠡᠬᠡᠨ ᠤ ᠵᠠᠷᠤᠳᠠᠯ ᠬᠡᠳᠦᠢ ᠤᠷᠤᠨ᠎ᠠ︖ ᠮᠦᠨ ᠴᠤ ᠬᠤᠰᠢᠭᠤᠨ ᠲᠦᠪ ᠲᠤ ᠬᠡᠷ ᠲᠦᠷᠢᠶᠡᠰᠦᠯᠡᠵᠤ᠂ ᠪᠤᠳᠠᠭ᠎ᠠ ᠨᠤᠭᠤᠭ᠎ᠠ ᠪᠡᠯᠡᠳᠬᠡᠬᠦ‍ ᠨᠢᠬᠡ ᠵᠢᠯ ᠤᠨ ᠵᠠᠷᠤᠳᠠᠯ ᠬᠡᠳᠦᠢ ᠪᠠᠶᠢᠨ᠎ᠠ︖ ᠡᠭᠦᠨ ᠤ ᠲᠡᠭᠡᠷ᠎ᠡ ᠠᠴᠠ ᠭᠤᠷᠪᠠᠨ ᠬᠦᠮᠦᠨ ᠲᠠᠢ ᠨᠢᠬᠡ ᠪᠦᠯᠢ ᠠᠴᠠ ᠨᠢᠬᠡ ᠨᠢ ᠡᠷᠬᠡᠪᠰᠢ ᠬᠤᠰᠢᠭᠤᠨ ᠳᠤ ᠤᠴᠢᠵᠤ ᠬᠡᠤᠬᠡᠳ ᠬᠠᠷᠠᠭᠠᠳ ᠨᠢᠬᠡ ᠵᠢᠯ ᠤᠨ ᠬᠦᠳᠡᠯᠮᠦᠷᠢ ᠬᠦᠴᠦᠨ ᠳᠡᠭ ᠪᠤᠯᠤᠨ᠎ᠠ᠂ ᠲᠡᠷᠡ ᠵᠠᠷᠤᠳᠠᠯ ᠨᠡᠩ ᠭᠡᠳᠦᠢ ᠪᠠᠶᠢᠨ᠎ᠠ︖ ᠪᠢᠳᠠ ᠡᠨᠡ ᠪᠦᠬᠦᠨ ᠢ ᠨᠡᠶᠢᠯᠡᠬᠦᠯᠵᠤ᠂ ᠬᠠᠮᠤᠭ ᠤᠨ ᠪᠠᠭ᠎ᠠ ᠪᠠᠷ ᠪᠤᠳᠤᠭᠠᠳ ᠨᠢᠬᠡ ᠵᠢᠯ ᠳᠤ ᠨᠢᠬᠡ ᠠᠶᠢᠯ 3 — 5 ᠲᠦᠮᠡᠨ ᠲᠦᠬᠦᠷᠢᠭ ᠵᠠᠷᠤᠴᠠᠭᠤᠯᠤᠨ᠎ᠠ ᠃ ᠡ᠊ᠡᠭ ᠤᠨ ᠮᠠᠯᠴᠢᠨ ᠠᠶᠢᠯ ᠤᠨ ᠤᠷᠤᠯᠭ᠎ᠠ ᠬᠡᠳᠦᠢ ᠯᠡ ᠪᠠᠶᠢᠬᠤᠪ︖ ᠮᠦᠨ ᠯᠠ ᠲᠠᠪᠤ ᠭᠤᠷᠪᠠᠨ ᠲᠦᠮᠡᠨ ᠲᠦᠬᠦᠷᠢᠭ ᠰᠢᠳᠠ᠃ ᠡᠨᠡ ᠪᠤᠯ ᠠᠵᠤ ᠠᠬᠤᠢ ᠶᠢᠨ ᠰᠢᠯᠲᠠᠭᠠᠨ︕      ᠬᠦᠳᠡᠭᠡ ᠦᠰᠦᠭᠰᠡᠨ ᠬᠡᠤᠬᠡᠳ ᠬᠠᠮᠤᠭ ᠠᠩᠬᠠᠨ ᠤ ᠵᠢᠭᠠᠨ ᠰᠤᠷᠭᠠᠯᠲᠠ ᠪᠠᠨ ᠬᠤᠲᠠ ᠳᠤ ᠡᠬᠢᠯᠡᠬᠦᠯᠥᠬᠡᠳ ᠮᠠᠯᠵᠢᠬᠤ ᠮᠤᠩᠭᠤᠯ ᠠᠮᠢᠳᠤᠷᠠᠯ ᠠᠴᠠ ᠪᠠᠨ ᠵᠠᠶᠢᠳᠠᠬᠤ ᠠᠶᠤᠯᠲᠠᠢ᠃ ᠬᠤᠰᠢᠭᠤᠨ ᠲᠦᠪ ᠤᠨ ᠪᠠᠭ᠎ᠠ ᠰᠤᠷᠭᠠᠭᠤᠯᠢ ᠳᠤ ᠰᠤᠷᠤᠭᠴᠢ ᠬᠡᠲᠦᠷᠬᠡᠢ ᠠᠷᠪᠢᠨ ᠪᠤᠯᠬᠤᠷ ᠪᠠᠭᠰᠢ ᠨᠢ ᠬᠡᠤᠬᠡᠳ ᠨᠢᠬᠡ ᠪᠦᠷᠢ ᠶᠢᠨ ᠵᠠᠩ ᠠᠭᠠᠰᠢ᠂ ᠪᠤᠳᠤᠯ ᠰᠡᠳᠬᠢᠯ ᠢ ᠤᠢᠢᠯᠠᠭᠠᠵᠤ ᠲᠡᠶᠢᠯᠬᠦ ᠦᠭᠡᠢ ᠠᠴᠠ ᠪᠤᠯᠵᠤ ᠬᠡᠤᠬᠡᠳ ᠤᠨ ᠰᠡᠳᠬᠢᠬᠦᠢ ᠵᠠᠷᠢᠮ ᠳᠤ ᠪᠠᠨ ᠦᠨᠦᠴᠢᠷᠡᠨ ᠭᠠᠭᠴᠠᠭᠠᠷᠳᠠᠵᠤ ᠭᠠᠵᠢᠭ ᠪᠤᠯᠵᠤ ᠮᠡᠳᠡᠨ᠎ᠡ᠃ ᠬᠤᠲᠠ ᠳᠤ ᠠᠯᠢᠪᠠ ᠨᠦᠬᠦᠴᠡᠯ ᠪᠦᠷᠢᠨ ᠪᠤᠯᠬᠤᠷ ᠬᠡᠤᠬᠡᠳ ᠤᠨ ᠲᠦᠷᠦᠯᠬᠢ ᠠᠭᠠᠰᠢᠨ ᠠᠴᠠ ᠪᠤᠯᠵᠤ ᠡᠯᠳᠡᠪ ᠬᠢᠮᠢ ᠶᠢᠨ ᠡᠮ ᠲᠠᠢ ᠢᠳᠡᠬᠡᠨ ᠢᠳᠡᠬᠦ ᠪᠤᠶᠤ ᠤᠮᠳᠠᠭᠠᠨ ᠬᠡᠷᠡᠭᠯᠡᠭᠰᠡᠨ ᠠᠴᠠ ᠪᠤᠯᠵᠤ ᠡᠪᠡᠳᠴᠢᠨ ᠤᠷᠤᠬᠤ ᠠᠶᠤᠯᠲᠠᠢ᠃ ᠪᠠᠰᠠ ᠨᠢᠬᠡ ᠨᠢ ᠬᠡᠷ ᠠᠴᠠ ᠪᠠᠨ ᠬᠡᠲᠦᠷᠬᠡᠢ ᠵᠠᠶᠢᠳᠠᠭᠰᠠᠨ ᠪᠤᠯᠬᠤᠷ ᠨᠢᠯᠬ᠎ᠠ ᠤᠬᠠᠭᠠᠨ ᠳᠤ ᠨᠢ ᠰᠡᠪ ᠰᠠᠭᠤᠯᠭᠠᠵᠤ ᠮᠡᠳᠡᠨ᠎ᠡ᠃ ᠡᠨᠡ ᠪᠤᠯ ᠬᠡᠤᠬᠡᠳ ᠤᠨ ᠲᠠᠯ᠎ᠠ ᠠᠴᠠ ᠪᠤᠳᠤᠯᠬᠢᠯᠠᠭᠰᠠᠨ ᠤᠴᠢᠷ᠃      ᠨᠦᠭᠦᠭᠡ ᠲᠠᠯ᠎ᠠ ᠪᠠᠷ ᠤᠳᠤ ᠰᠤᠮᠤ ᠪᠠᠯᠭᠠᠰᠤᠨ ᠳᠤ ᠪᠠᠶᠢᠭ᠎ᠠ ᠬᠡᠤᠬᠡᠳ ᠤᠨ ᠴᠡᠴᠡᠷᠯᠢᠭ ᠤᠯᠠᠩᠭᠢ ᠨᠢ ᠮᠤᠩᠭᠤᠯ ᠬᠢᠲᠠᠳ ᠨᠢᠬᠡ ᠲᠤᠤᠷ᠎ᠠ ᠤᠷᠤᠰᠢᠵᠤ ᠪᠠᠶᠢᠨ᠎ᠠ᠃ ᠡᠭᠦᠨ ᠢ ᠠᠰ ᠠᠰ ᠲᠤ ᠨᠢ ᠰᠠᠯᠭᠠᠪᠠᠯ ᠪᠠᠰᠠ ᠲᠡᠭᠡᠷ᠎ᠡ ᠶᠤᠮ᠃ ᠢᠡᠭᠭᠢᠪᠡᠯ ᠬᠤᠶᠠᠷ ᠲᠠᠯ᠎ᠠ ᠪᠠᠷ ᠪᠦᠷ ᠠᠰᠢᠭᠲᠠᠢ᠃ ᠡᠶᠢᠮᠤ ᠠᠴᠠ ᠰᠤᠮᠤ ᠪᠠᠯᠭᠠᠰᠤᠨ ᠳᠤ ᠪᠠᠭ᠎ᠠ ᠰᠤᠷᠭᠠᠭᠤᠯᠢ ᠪᠠᠶᠢᠭᠤᠯᠬᠤ ᠶᠠᠪᠤᠳᠠᠯ ᠪᠢᠳᠠᠨ ᠳᠤ ᠲᠤᠯᠭᠠᠮ᠎ᠠ ᠱᠠᠭᠠᠷᠳᠠᠭᠳᠠᠵᠤ ᠪᠠᠶᠢᠨ᠎ᠠ᠃ ᠲᠡᠭᠡᠪᠡᠯ ᠦᠨᠳᠦᠰᠦᠲᠡᠨ ᠤ ᠤᠷᠤᠨ ᠤ ᠦᠨᠳᠦᠰᠦᠨ ᠱᠠᠲᠤᠨ ᠳᠠᠬᠢ ᠰᠤᠷᠭᠠᠨ ᠬᠦᠮᠦᠵᠢᠯ ᠤᠨ ᠳᠠᠬᠢᠨ ᠠᠮᠢᠯᠠᠯ ᠳᠤ ᠶᠡᠭᠡ ᠬᠤᠪᠢ ᠨᠡᠮᠡᠷᠢ ᠪᠤᠯᠬᠤ ᠪᠦᠬᠡᠳ ᠤᠯᠠᠮᠵᠢᠯᠠᠯᠲᠤ ᠰᠤᠶᠤᠯ ᠤᠨ ᠬᠠᠮᠠᠭᠠᠯᠠᠯᠲᠠ ᠬᠦᠭᠵᠢᠯᠲᠡ ᠳᠤ ᠶᠡᠬᠡᠬᠡᠨ ᠲᠤᠰᠠ ᠪᠤᠯᠬᠤ ᠪᠤᠯᠤᠨ᠎ᠠ᠃
 
ᠢᠷᠡᠯᠲᠡ᠄ ᠤᠷᠳᠣᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号