ᠪᠠᠳᠠᠷᠠᠯᠳᠤ᠄ ᠮᠠᠯᠵᠢᠬᠤ ᠤᠷᠤᠨ ᠤ ᠴᠢᠮᠡᠭᠡ ᠵᠠᠩᠬᠢ ᠶᠢᠨ ᠪᠠᠶᠢᠭᠤᠯᠤᠯᠳᠡ ᠶᠢ ᠴᠢᠩᠭᠠᠳᠬᠠᠨ᠎ᠠ
ᠨᠡᠶᠢᠲᠡᠯᠡᠭᠰᠡᠨ ᠴᠠᠭ᠄
2018-04-19
     ᠮᠡᠳᠡᠬᠡᠵᠢ ᠨᠡᠶᠢᠬᠡᠮ ᠠᠵᠤ ᠠᠬᠤᠢ ᠬᠦᠭᠵᠢᠵᠦ᠂ ᠠᠷᠠᠳ ᠤᠨ ᠠᠮᠢᠳᠤᠷᠠᠯ ᠰᠠᠶᠢᠵᠢᠷᠠᠬᠤ ᠶᠢ ᠲᠠᠭᠠᠯᠳᠤᠨ ᠢᠨᠲ᠋ᠧᠷᠨᠧᠲ ᠰᠦᠯᠵᠢᠶ᠎ᠡ᠂ ᠴᠢᠮᠡᠭᠡ ᠬᠤᠯᠪᠤᠭ᠎ᠠ ᠨᠢ ᠬᠥᠮᠥᠰ ᠤᠨ ᠠᠵᠤ ᠠᠮᠢᠳᠤᠷᠠᠯ ᠤᠨ ᠴᠢᠬᠤᠯᠠ ᠨᠢᠬᠡᠨ ᠬᠡᠰᠡᠭ ᠪᠤᠯᠵᠦ ᠪᠥᠷᠢᠯᠳᠤᠵᠠᠢ᠃ ᠨᠡᠩ ᠢᠯᠠᠩᠭᠤᠶ᠎ᠠ ᠡᠯᠧᠺᠲᠷᠤᠨ ᠬᠤᠳᠠᠯᠳᠤᠭ᠎ᠠ ᠬᠥᠭᠵᠢᠵᠦ ᠪᠠᠶᠢᠭ᠎ᠠ ᠥᠨᠥᠳᠤᠷ ᠤᠨ ᠴᠢᠬᠤᠯᠠ ᠨᠢᠬᠡᠨ ᠱᠠᠭᠠᠷᠳᠠᠯᠭ᠎ᠠ ᠪᠤᠯᠤᠭᠰᠠᠨ ᠪᠠᠶᠢᠨ᠎ᠠ᠃ ᠬᠡᠪᠡᠴᠤ ᠤᠳᠤᠬᠠᠨ ᠳᠤ ᠮᠠᠯᠵᠢᠬᠤ ᠲᠠᠷᠢᠶᠠᠯᠠᠬᠤ ᠤᠷᠤᠨ ᠳᠤ ᠴᠢᠮᠡᠭᠡ ᠵᠠᠩᠬᠢ ᠶᠢᠨ ᠪᠠᠶᠢᠭᠤᠯᠤᠯᠳᠡ ᠶᠢᠨ ᠲᠠᠯ᠎ᠠ ᠪᠠᠷ ᠲᠡᠬᠦᠯᠳᠡᠷᠵᠢᠬᠡᠳᠤᠢ ᠪᠠᠶᠢᠭᠰᠠᠭᠠᠷ ᠪᠢᠯᠡ᠃     ᠥᠥᠰᠢᠨ ᠬᠤᠰᠢᠭᠤᠨ ᠤ ᠭᠠᠯᠠᠭᠤᠳᠤ ᠪᠠᠯᠭᠠᠰᠤ ᠶᠢᠨ ᠪᠤᠵᠠᠢ ᠭᠠᠴᠠᠭᠠᠨ ᠤ ᠮᠠᠯᠴᠢᠨ ᠲᠥᠯᠥᠬᠡᠯᠡᠭᠴᠢ ᠪᠠᠳᠠᠷᠠᠯᠳᠤ ᠲᠤᠰ ᠤᠳᠠᠭᠠᠨ ᠤ ᠠᠷᠠᠳ ᠤᠨ ᠲᠥᠯᠥᠬᠡᠯᠡᠭᠴᠢᠳ ᠤᠨ ᠶᠡᠭᠡ ᠬᠤᠷᠠᠯ ᠳᠤ ᠠᠩᠬ᠎ᠠ ᠤᠳᠠᠭ᠎ᠠ ᠤᠷᠤᠯᠴᠠᠵᠤ ᠪᠠᠶᠢᠯ᠎ᠠ᠃ ᠲᠡᠷᠡ ᠰᠤᠷᠪᠤᠯᠵᠢᠯᠠᠭ᠎ᠠ ᠬᠥᠯᠢᠶᠡᠬᠦ ᠳᠤ ᠪᠠᠨ᠄ ︽ᠬᠥᠳᠡᠭᠡ ᠨᠤᠳᠤᠭ ᠮᠠᠯᠵᠢᠬᠤ ᠤᠷᠤᠨ ᠤ ᠬᠡᠷ ᠪᠠᠶᠢᠰᠢᠩ ᠫᠸᠡᠭ ᠬᠤᠷᠤᠭ᠎ᠠ ᠶᠢᠨ ᠪᠦᠳᠦᠭᠡᠨ ᠪᠠᠶᠢᠭᠤᠯᠤᠯᠳᠡ ᠵᠡᠷᠬᠡ ᠨᠢ ᠥᠨᠳᠤᠰᠤᠨ ᠳᠤ ᠪᠠᠨ ᠰᠠᠶᠢᠵᠢᠷᠠᠪᠠ᠃ ᠬᠡᠪᠡᠴᠤ ᠵᠠᠮ ᠬᠠᠷᠢᠯᠴᠠᠭ᠎ᠠ᠂ ᠴᠠᠬᠢᠯᠭᠠᠨ᠂ ᠴᠢᠮᠡᠭᠡ ᠵᠠᠩᠬᠢ ᠵᠡᠷᠬᠡ ᠰᠠᠭᠤᠷᠢ ᠲᠥᠬᠦᠬᠡᠷᠤᠮᠵᠢ ᠶᠢᠨ ᠪᠦᠳᠦᠭᠡᠨ ᠪᠠᠶᠢᠭᠤᠯᠤᠯᠳᠡ ᠶᠢᠨ ᠲᠠᠯ ᠎ᠠ ᠪᠠᠷ ᠪᠠᠰᠠ ᠬᠥᠷᠥᠯᠴᠡᠬᠦ ᠥᠬᠡᠢ ᠵᠦᠢᠯ ᠠᠷᠪᠢᠨ ᠪᠠᠶᠢᠨ᠎ᠠ᠃ ᠵᠢᠱᠢᠶᠡᠯᠡᠪᠡᠯ᠂ ᠮᠠᠯᠵᠢᠬᠤ ᠤᠷᠤᠨ ᠤ ᠵᠠᠷᠢᠮ ᠭᠠᠵᠠᠷ ᠢᠶᠠᠷ ᠪᠠᠰᠠ ᠯᠠ ᠵᠠᠮ ᠨᠡᠪᠳᠡᠷᠡᠭᠰᠡᠨ ᠥᠬᠡᠢ᠂ ᠪᠤᠷᠤᠭᠠᠨ ᠤᠷᠤᠪᠠᠯ ᠰᠢᠪᠠᠷ ᠱᠠᠯᠴᠢᠭ ᠢᠶᠠᠷ ᠶᠠᠪᠤᠵᠦ ᠪᠠᠶᠢᠨ᠎ᠠ᠃ ᠴᠠᠬᠢᠯᠠᠭᠠᠨ ᠨᠢ ᠤᠤᠯ ᠳᠤ ᠪᠠᠨ ᠬᠥᠷᠥᠯᠴᠡᠭᠡ ᠲᠠᠢ ᠪᠠᠶᠢᠭᠰᠠᠨ ᠶᠤᠮ᠂ ᠬᠡᠪᠡᠴᠤ ᠤᠶᠢᠷ᠎ᠠ ᠶᠢᠨ ᠬᠤᠶᠠᠷ ᠵᠢᠯ ᠠᠴᠠ ᠮᠠᠯᠴᠢᠳ ᠭᠠᠵᠠᠷ ᠤᠰᠤᠯᠠᠬᠤ ᠲᠥᠬᠦᠬᠡᠷᠤᠮᠵᠢ ᠪᠠᠨ ᠰᠠᠶᠢᠵᠢᠷᠠᠭᠤᠯᠤᠭᠰᠠᠨ ᠠᠴᠠ ᠴᠠᠬᠢᠯᠠᠭᠠᠨ ᠬᠥᠴᠥᠳᠡᠯ ᠬᠥᠷᠥᠯᠴᠡᠬᠦ ᠥᠬᠡᠢ ᠪᠤᠯᠵᠠᠢ᠃ ᠰᠦᠯᠵᠢᠶ᠎ᠡ ᠬᠤᠯᠪᠤᠭᠠᠨ ᠤ ᠲᠠᠯ᠎ᠠ ᠪᠠᠷ ᠮᠠᠯᠵᠢᠬᠤ ᠤᠷᠤᠨ ᠳᠤ ᠲᠦᠢᠯ ᠤᠨ ᠪᠠᠷᠤᠭᠳᠠᠢ ᠪᠠᠶᠢᠨ᠎ᠠ᠃ ᠡᠨᠡ ᠵᠢᠯ ᠤᠨ ᠵᠠᠰᠠᠭ ᠤᠨ ᠤᠷᠳᠤᠨ ᠤ ᠠᠵᠢᠯ ᠤᠨ ᠢᠯᠡᠳᠬᠡᠯ ᠳᠤ ᠴᠤ ᠮᠠᠯᠵᠢᠬᠤ ᠲᠠᠷᠢᠶᠠᠯᠠᠬᠤ ᠤᠷᠤᠨ ᠤ ᠡᠯᠧᠺᠲᠷᠤᠨ ᠬᠤᠳᠠᠯᠳᠤᠭ᠎ᠠ ᠶᠢ ᠬᠥᠭᠵᠢᠬᠦᠯᠵᠦ᠂ ᠴᠢᠨᠠᠷ ᠰᠠᠶᠢᠳᠠᠢ ᠲᠠᠷᠢᠶᠠᠯᠠᠩ ᠤᠨ ᠪᠥᠳᠥᠬᠡᠭᠳᠡᠬᠦᠨ ᠮᠠᠯ ᠤᠨ ᠠᠰᠢᠭ ᠰᠢᠮ᠎ᠡ ᠪᠠᠷ ᠵᠠᠬ᠎ᠠ ᠲᠡᠯᠬᠡᠬᠦᠷ ᠢ ᠨᠡᠬᠡᠬᠡᠵᠦ᠂ ᠰᠠᠶᠢᠨ ᠥᠨ᠎ᠠ ᠳᠤ ᠬᠥᠷᠬᠡᠨ᠎ᠠ ᠬᠡᠰᠡᠨ ᠪᠠᠶᠢᠳᠠᠭ᠃ ᠡᠯᠧᠺᠲᠷᠤᠨ ᠬᠤᠳᠠᠯᠳᠤᠭ᠎ᠠ ᠨᠢ ᠬᠤᠶᠢᠰᠢᠳᠡ ᠮᠠᠯᠴᠢᠨ ᠲᠠᠷᠢᠶᠠᠴᠢᠳ ᠤᠨ ᠴᠢᠬᠤᠯᠠ ᠨᠢᠬᠡ ᠤᠷᠤᠯᠭ᠎ᠠ ᠪᠠᠨ ᠨᠡᠮᠡᠭᠳᠡᠬᠦᠯᠬᠦ ᠠᠷᠭ᠎ᠠ ᠵᠠᠮ ᠪᠤᠯᠬᠤ ᠨᠢ ᠲᠡᠮᠵᠢᠬ ᠥᠬᠡᠢ᠃ ᠬᠡᠳᠡᠯ ᠎ᠡ ᠮᠠᠯᠵᠢᠬᠤ ᠤᠷᠤᠨ ᠤ ᠴᠢᠮᠡᠭᠡ ᠵᠠᠩᠬᠢ ᠶᠢᠨ ᠰᠠᠭᠤᠷᠢ ᠲᠥᠬᠦᠬᠡᠷᠤᠮᠵᠢ ᠶᠢᠨ ᠪᠠᠶᠢᠭᠤᠯᠤᠯᠳᠡ ᠶᠢ ᠲᠡᠬᠦᠯᠳᠡᠷᠵᠢᠬᠦᠯᠬᠦ ᠥᠬᠡᠢ ᠪᠤᠯ ᠮᠠᠯᠴᠢᠳ ᠥᠪᠡᠷ ᠤᠨ ᠮᠠᠯ ᠤᠨ ᠠᠰᠢᠭ ᠰᠢᠮ᠎ᠡ ᠶᠢᠨ ᠪᠥᠳᠥᠬᠡᠭᠳᠡᠬᠦᠨ ᠢᠶᠠᠨ ᠰᠦᠯᠵᠢᠶ᠎ᠡ ᠪᠠᠷ ᠲᠡᠮᠵᠢᠭᠤᠯᠤᠨ ᠵᠠᠬ᠎ᠠ ᠲᠡᠯᠬᠡᠬᠦᠷ ᠲᠤ ᠭᠠᠷᠭᠠᠵᠤ ᠲᠡᠶᠢᠯᠬᠦ ᠪᠤᠯᠤᠯᠴᠠᠭ᠎ᠠ ᠥᠬᠡᠢ ᠶᠤᠮ᠃ ᠢᠢᠮᠥ ᠠᠴᠠ ᠴᠢᠮᠡᠭᠡ ᠬᠤᠯᠪᠤᠭᠠᠨ ᠤ ᠲᠠᠯ ᠎ᠠ ᠪᠠᠷ ᠬᠢ ᠪᠠᠶᠢᠭᠤᠯᠤᠯᠳᠡ ᠶᠢ ᠴᠢᠩᠭᠠᠳᠬᠠᠵᠦ᠂ ᠮᠠᠯᠵᠢᠬᠤ ᠤᠷᠤᠨ ᠤ ᠴᠢᠮᠡᠭᠡ ᠵᠠᠩᠬᠢ ᠶᠢ ᠬᠤᠳᠠ ᠪᠠᠯᠭᠠᠰᠤ ᠲᠠᠢ ᠠᠳᠠᠯᠢ ᠪᠠᠷ ᠰᠠᠶᠢᠵᠢᠷᠠᠭᠤᠯᠬᠤ ᠳᠤ ᠬᠥᠷᠪᠡᠯ ᠮᠠᠯᠴᠢᠳ ᠥᠪᠡᠷ ᠤᠨ ᠮᠠᠯ ᠲᠠᠷᠢᠶᠠᠯᠠᠩ ᠤᠨ ᠪᠤᠬᠢᠷᠳᠤᠯ ᠥᠬᠡᠢ ᠪᠠᠶᠢᠭᠠᠯᠢᠯᠢᠭ ᠪᠥᠳᠤᠬᠡᠭᠳᠡᠬᠦᠨ ᠢᠶᠠᠨ ᠵᠠᠬ᠎ᠠ ᠲᠡᠯᠬᠡᠬᠦᠷ ᠲᠤ ᠪᠤᠷᠤᠯᠠᠭᠤᠯᠬᠤ ᠳᠤ ᠨᠡᠩ ᠲᠥᠬᠦᠮ ᠪᠤᠯᠵᠦ᠂ ᠡᠯᠧᠺᠲᠷᠤᠨ ᠬᠤᠳᠠᠯᠳᠤᠭ᠎ᠠ ᠪᠠᠷ ᠲᠠᠮᠵᠢᠵᠦ ᠥᠪᠡᠷ ᠤᠨ ᠠᠰᠢᠭ ᠤᠷᠤᠯᠭ᠎ᠠ ᠪᠠᠨ ᠨᠡᠮᠡᠭᠳᠡᠬᠦᠯᠵᠦ ᠲᠡᠶᠢᠯᠤᠨ᠎ᠠ︾ ᠬᠡᠵᠦ ᠶᠠᠷᠢᠯ᠎ᠠ᠃
 
ᠢᠷᠡᠯᠲᠡ᠄ ᠤᠷᠳᠣᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号