ᠥᠥᠰᠢᠨ ᠬᠤᠰᠢᠭᠤᠨ ᠤ ᠡᠷᠳᠡᠨᠢ ᠬᠤᠶᠠᠷ ᠬᠤᠷᠠᠯ ᠳᠤ ᠡᠷᠬᠢᠮ ᠰᠠᠨᠠᠯ ᠢᠶᠠᠨ ᠲᠡᠪᠰᠢᠭᠦᠯᠪᠡ
ᠨᠡᠶᠢᠲᠡᠯᠡᠭᠰᠡᠨ ᠴᠠᠭ᠄
2018-04-19
     ᠥᠥᠰᠢᠨ ᠬᠤᠰᠢᠭᠤᠨ ᠤ ᠰᠥᠯᠳᠡ ᠰᠤᠮᠤᠨ ᠤ ᠱᠠᠷᠯᠢᠭ ᠭᠠᠴᠠᠭᠠᠨ ᠤ ᠨᠠᠮ ᠤᠨ ᠡᠬᠦᠷ ᠤᠨ ᠱᠥᠵᠢ ᠡᠷᠳᠡᠨᠢ ᠪᠤᠯ ᠠᠷᠪᠠᠨ ᠬᠡᠳᠤᠨ ᠵᠢᠯ ᠤᠨ ᠲᠤᠷᠰᠢ ᠭᠠᠴᠠᠭᠠᠨ ᠤ ᠠᠵᠢᠯ ᠢ ᠬᠠᠷᠢᠭᠤᠴᠠᠨ ᠬᠢᠭᠰᠡᠡ᠂ ᠥᠨᠳᠤᠰᠤᠨ ᠱᠠᠳᠤᠨ ᠤ ᠮᠠᠯᠴᠢᠨ ᠲᠥᠮᠡᠨ ᠳᠤ ᠲᠤᠯᠭᠠᠷᠠᠵᠦ ᠪᠠᠶᠢᠭ᠎ᠠ ᠠᠰᠠᠭᠤᠳᠠᠯ ᠤᠨ ᠲᠤᠬᠠᠢ ᠮᠠᠰᠢ ᠬᠥᠨᠵᠡᠬᠡᠢ ᠤᠢᠢᠯᠠᠠᠭᠠᠯᠳᠡ ᠲᠠᠢ ᠬᠥᠮᠤᠨ ᠤ ᠨᠢᠬᠡ ᠨᠢ ᠪᠤᠯᠬᠤ ᠶᠤᠮ᠃ ᠲᠡᠷᠡ ᠮᠠᠯᠴᠢᠨ ᠲᠠᠷᠢᠶᠠᠴᠢᠳ ᠤᠨ ᠠᠮᠢᠳᠤᠷᠠᠯ ᠠᠬᠤᠢ ᠶᠢ ᠲᠡᠭᠡᠭᠰᠢᠯᠡᠬᠦᠯᠬᠦ ᠲᠠᠯ᠎ᠠ ᠪᠠᠷ ᠥᠪᠡᠷ ᠤᠨ ᠬᠡᠰᠡᠨ ᠥᠵᠡᠯᠳᠡ ᠲᠠᠨᠢᠯᠳᠡ ᠲᠠᠢ ᠪᠠᠶᠢᠵᠦ᠂ ᠤᠯᠠᠨ ᠤᠳᠠᠭᠠᠨ ᠤ ᠲᠥᠯᠥᠬᠡᠯᠡᠭᠴᠢᠳ ᠤᠨ ᠬᠤᠷᠠᠯ ᠳᠤ ᠰᠠᠨᠠᠯ ᠵᠥᠪᠯᠡᠯᠬᠡ ᠪᠠᠨ ᠲᠡᠪᠰᠢᠬᠦᠯᠵᠦ᠂ ᠮᠠᠯᠴᠢᠨ ᠲᠥᠮᠡᠨ ᠤ ᠪᠠᠨ ᠲᠥᠯᠥᠬᠡ ᠵᠢᠳᠬᠦᠭᠰᠡᠭᠡᠷ ᠢᠷᠠᠵᠠᠢ᠃
           ᠡᠷᠳᠡᠨᠢ ᠲᠥᠯᠥᠬᠡᠯᠡᠭᠴᠢ ᠮᠠᠯᠴᠢᠳ ᠤᠨ ᠤᠷᠤᠯᠭ᠎ᠠ ᠶᠢ ᠲᠡᠭᠡᠭᠰᠢᠯᠡᠬᠦᠯᠬᠦ ᠲᠤᠬᠠᠢ ᠰᠠᠨᠠᠯ ᠵᠥᠪᠯᠡᠯᠬᠡ ᠪᠠᠨ ᠶᠠᠷᠢᠬᠤ ᠳᠤ ᠪᠠᠨ᠄ ︽ᠤᠳᠤᠬᠠᠨ ᠤ ᠨᠡᠶᠢᠬᠡᠮ ᠤᠨ ᠬᠥᠭᠵᠢᠯᠳᠡ ᠶᠢᠨ ᠬᠡᠷᠡᠭᠴᠡᠭᠡ᠂ ᠬᠥᠮᠤᠨ ᠤ ᠠᠮᠢᠳᠤᠷᠠᠯ ᠤᠨ ᠱᠠᠭᠠᠷᠳᠠᠯᠭ᠎ᠠ ᠥᠨᠳᠤᠷ ᠪᠤᠯᠵᠤ ᠢᠳᠡᠬᠡᠨ ᠤᠮᠳᠠᠭᠠᠨ ᠤ ᠴᠢᠨᠠᠷ ᠴᠢᠨᠰᠠᠭ᠎ᠠ ᠶᠢ ᠨᠡᠩ ᠠᠩᠬᠠᠷᠬᠤ ᠪᠤᠯᠵᠠᠢ᠃ ᠮᠠᠨ ᠤ ᠮᠠᠯᠵᠢᠬᠤ ᠤᠷᠤᠨ ᠢᠶᠠᠷ ᠪᠠᠶᠢᠭᠠᠯᠢᠯᠢᠭ ᠪᠤᠬᠢᠷᠳᠤᠯ ᠥᠬᠡᠢ ᠪᠥᠳᠥᠬᠡᠭᠳᠡᠬᠦᠨ ᠠᠷᠪᠢᠨ ᠪᠠᠶᠢᠨ᠎ᠠ᠃ ᠭᠡᠳᠡᠯ᠎ᠡ ᠮᠠᠯᠴᠢᠳ ᠤᠨ ᠮᠠᠯ ᠲᠠᠷᠢᠶᠠᠯᠠᠩ ᠤᠨ ᠪᠥᠳᠥᠬᠡᠭᠳᠡᠬᠦᠨ᠂ ᠰᠥ ᠰᠠᠭᠠᠯᠢ ᠶᠢᠨ ᠪᠥᠳᠥᠬᠡᠭᠳᠡᠬᠦᠨ ᠵᠡᠷᠬᠡ ᠨᠢ ᠵᠠᠬ᠎ᠠ ᠲᠡᠯᠬᠡᠬᠦᠷ ᠲᠤ ᠭᠠᠷᠬᠤ ᠳᠤ ᠪᠠᠨ ᠲᠠᠷᠠᠬᠠᠢ ᠪᠤᠳᠠᠷᠬᠠᠢ ᠪᠠᠷ ᠪᠤᠷᠤᠯᠠᠭᠤᠯᠵᠦ ᠪᠠᠶᠢᠭ᠎ᠠ ᠥᠵᠡᠭᠳᠡᠯ ᠲᠠᠢ᠃ ᠵᠢᠱᠢᠶᠡᠯᠡᠪᠡᠯ ᠤᠷᠳᠤᠰ ᠤᠨ ᠨᠠᠷᠢᠨ ᠨᠤᠤᠰᠤᠳᠤ ᠬᠤᠨᠢ ᠪᠤᠯ ᠮᠠᠨ ᠤ ᠥᠥᠰᠢᠨ ᠬᠤᠰᠢᠭᠤᠨ ᠤ ᠭᠤᠤᠯ ᠭᠠᠷᠤᠯᠳᠡ ᠶᠤᠮ᠃ ᠠᠬᠠᠷ ᠨᠤᠤᠰᠤ ᠨᠢ ᠴᠤ ᠮᠠᠨ ᠤ ᠤᠯᠤᠰ ᠤᠨ ᠲᠡᠷᠢᠬᠦᠨ ᠳᠤ ᠵᠢᠭᠰᠠᠭᠠᠭᠳᠠᠵᠦ ᠪᠠᠶᠢᠨ᠎ᠠ᠃ ᠬᠡᠪᠡᠴᠤ ᠮᠢᠬᠠᠨ ᠤ ᠥᠨ᠎ᠠ ᠥᠷᠳᠡᠭ ᠨᠢ ᠵᠥᠪᠬᠡᠨ ᠳᠣᠳᠣᠷ᠎ᠠ ᠪᠠᠨ ᠥᠨ᠎ᠠ ᠬᠠᠨᠭ᠍ᠰᠢ ᠵᠥᠬᠡᠷ ᠢᠶᠠᠷ ᠢᠳᠡᠵᠦ ᠪᠠᠶᠢᠬᠤ ᠠᠴᠠ ᠪᠢᠰᠢ᠂ ᠭᠠᠳᠠᠭᠰᠢ ᠵᠠᠬ᠎ᠠ ᠲᠡᠯᠬᠡᠬᠦᠷ ᠲᠤ ᠭᠠᠷᠴᠤ ᠲᠡᠶᠢᠯᠵᠦ ᠥᠬᠡᠢ᠂ ᠬᠤᠶᠢᠰᠢᠳᠡ ᠲᠤᠯᠤᠭᠠᠢᠢᠯᠠᠬᠤ ᠠᠵᠤ ᠠᠬᠤᠢᠢᠯᠠᠯ ᠪᠤᠶᠤ ᠲᠤᠯᠤᠭᠠᠢᠢᠯᠠᠬᠤ ᠬᠤᠷᠰᠢᠶᠠᠵᠢᠯ ᠢᠶᠠᠷ ᠭᠤᠤᠯ ᠪᠤᠯᠭᠠᠨ ᠨᠠᠷᠢᠯᠢᠭ ᠪᠤᠯᠪᠠᠰᠤᠷᠠᠭᠤᠯᠵᠦ᠂ ᠤᠷᠤᠨ ᠨᠤᠳᠤᠭ ᠤᠨ ᠤᠨᠴᠠᠯᠢᠭ ᠲᠠᠢ ᠪᠤᠯᠭᠠᠬᠤ ᠳᠤ ᠬᠥᠷᠪᠡᠯ ᠤᠷᠤᠯᠭ᠎ᠠ ᠶᠢ ᠨᠢ ᠲᠠᠬᠢᠨ ᠨᠢᠬᠡ ᠳᠡᠰ ᠨᠡᠮᠡᠭᠳᠡᠬᠦᠯᠵᠦ ᠪᠤᠯᠤᠨ᠎ᠠ᠃ ᠵᠠᠰᠠᠭ ᠤᠨ ᠤᠷᠳᠤᠨ ᠠᠴᠠ ᠪᠠᠰᠠ ᠲᠤᠬᠢᠷᠠᠮᠵᠢᠳᠠᠢ ᠠᠷᠭ᠎ᠠ ᠭᠡᠮᠵᠢᠶ᠎ᠡ ᠠᠪᠴᠤ ᠥᠨ᠎ᠠ ᠬᠠᠩᠰᠢ ᠶᠢ ᠨᠢ ᠪᠠᠳᠤᠯᠠᠬᠤ ᠪᠤᠶᠤ ᠤᠬᠠᠭᠤᠯᠭ᠎ᠠ ᠶᠢᠨ ᠠᠵᠢᠯ ᠢ ᠴᠤ ᠢᠯᠡᠬᠦᠬᠡᠨ ᠬᠢᠪᠡᠯ ᠵᠤᠬᠢᠨ᠎ᠠ᠃ ᠡᠬᠦᠨ ᠠᠴᠠ ᠭᠠᠳᠠᠨ᠎ᠠ ᠮᠠᠯ ᠲᠠᠷᠢᠶᠠᠯᠠᠩ ᠤᠨ ᠤᠢᠢᠯᠡᠰ ᠲᠤ ᠰᠢᠨᠵᠢᠯᠡᠬᠦ ᠤᠬᠠᠭᠠᠨ ᠮᠡᠷᠬᠡᠵᠢᠯ ᠢ ᠰᠠᠶᠢᠨ ᠬᠠᠨᠭ᠍ᠭᠠᠬᠤ ᠴᠢᠬᠤᠯᠠᠳᠠᠢ᠃ ᠠᠵᠤ ᠠᠬᠤᠢ ᠶᠢᠨ ᠲᠠᠷᠢᠮᠠᠯ ᠡᠷᠬᠢᠯᠡᠭᠰᠡᠨ ᠮᠠᠯᠴᠢᠳ ᠭᠠᠳᠠᠨ᠎ᠠ ᠠᠴᠠ ᠮᠡᠷᠭᠡᠵᠢᠯᠳᠡᠨ ᠤᠷᠢᠬᠤ ᠳᠤ ᠪᠠᠭ᠎ᠠ ᠥᠬᠡᠢ ᠮᠥᠡᠭᠬᠦ ᠵᠤᠭᠤᠰ ᠵᠠᠷᠤᠴᠠᠭᠤᠯᠤᠨ᠎ᠠ᠃ ᠮᠠᠨ ᠤ ᠪᠠᠶᠢᠭ᠎ᠠ ᠮᠡᠷᠬᠡᠵᠢᠯᠳᠡᠳ ᠢ ᠲᠠᠰᠤᠷᠠᠯᠳᠡ ᠥᠬᠡᠢ ᠪᠤᠯᠪᠠᠰᠤᠷᠠᠯ ᠬᠥᠷᠳᠡᠬᠡᠵᠦ᠂ ᠨᠡᠶᠢᠬᠡᠮ ᠤᠨ ᠬᠥᠭᠵᠢᠯᠳᠡ ᠶᠢ ᠲᠠᠭᠠᠵᠦ ᠲᠡᠶᠢᠯᠬᠦ ᠪᠤᠯᠭᠠᠬᠤ ᠴᠢᠬᠤᠯᠠᠳᠠᠢ ᠶᠤᠮ᠃ ᠬᠥᠳᠡᠭᠡ ᠠᠵᠤ ᠠᠬᠤᠢ ᠶᠢ ᠬᠥᠭᠵᠢᠬᠦᠯᠬᠦ ᠳᠤ ᠭᠤᠤᠯᠳᠠᠯᠭ᠎ᠠ ᠲᠠᠢ ᠴᠡᠭ ᠢ ᠨᠢ ᠠᠳᠬᠤᠵᠦ᠂ ᠪᠥᠳᠥᠴᠡ ᠶᠢᠨ ᠲᠠᠯ᠎ᠠ ᠠᠴᠠ ᠨᠢ ᠳᠣᠬᠢᠷᠠᠭᠤᠯᠤᠯᠳᠠ ᠬᠢᠬᠦ ᠶᠢ ᠴᠢᠩᠭᠠᠳᠬᠠᠨ᠎ᠠ᠃ ᠬᠥᠳᠡᠭᠡ ᠲᠤᠰᠬᠤᠨ ᠮᠠᠯᠵᠢᠬᠤ ᠤᠷᠤᠨ ᠳᠤ ᠵᠢᠯ ᠪᠤᠯᠭᠠᠨ ᠠᠷᠪᠢᠨ ᠲᠥᠷᠥᠯ ᠵᠦᠢᠯ ᠢᠷᠡᠵᠦ ᠪᠠᠶᠢᠨ᠎ᠠ᠃ ᠬᠡᠪᠡᠴᠤ ᠬᠡᠳᠤᠷᠬᠡᠢ ᠲᠠᠷᠠᠬᠠᠢ ᠪᠤᠳᠠᠷᠬᠠᠢ ᠪᠠᠶᠢᠵᠦ᠂ ᠰᠡᠬᠦᠯᠡᠷ ᠨᠢ ᠪᠤᠳᠠᠳᠠᠢ ᠠᠰᠢᠭᠯᠠᠯᠳᠡ ᠬᠢᠵᠦ ᠲᠡᠶᠢᠯᠵᠦ ᠥᠬᠡᠢ᠃ ᠡᠶᠢᠮᠥ ᠠᠴᠠ ᠮᠠᠯᠴᠢᠨ ᠲᠥᠮᠡᠨ ᠢ ᠪᠤᠳᠠᠳᠠᠢ ᠤᠢᠢᠯᠡᠳᠤᠯᠬᠡ ᠪᠠᠷ ᠲᠠᠶᠢᠴᠢᠯᠠᠵᠦ᠂ ᠤᠷᠤᠯᠭ᠎ᠠ ᠶᠢ ᠨᠢ ᠴᠢᠨᠠᠭᠰᠢᠳᠡ ᠲᠡᠭᠡᠭᠰᠢᠯᠡᠬᠦᠯᠪᠡᠯ ᠵᠤᠬᠢᠨ᠎ᠠ︾ ᠭᠡᠯ᠎ᠡ᠃
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号