ᠳᠥᠯᠥᠭᠡᠯᠡᠭᠴᠢ ᠬᠦᠩ ᠮᠢᠩ ᠵᠦ᠄ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠠ ᠶᠢ ᠠᠬᠢᠭᠤᠯᠵᠤ ᠠᠵᠤ ᠥᠢᠯᠡᠰ ᠤᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠳᠥᠷᠭᠡᠳᠬᠡᠶ᠎ᠡ
ᠨᠡᠶᠢᠲᠡᠯᠡᠭᠰᠡᠨ ᠴᠠᠭ᠄
2018-04-19
    ᠠᠷᠠᠳ ᠤᠨ ᠰᠥᠯᠵᠢᠶᠡᠨ ᠤ ᠪᠡᠭᠡᠵᠢᠩ ᠤᠨ 3 ᠰᠠᠷ᠎ᠠ ᠶᠢᠨ 12 ᠤᠨ ᠡᠳᠥᠷ ᠤᠨ ᠴᠠᠬᠢᠯᠠᠭᠠᠨ          ︽ᠰᠢᠨ᠎ᠡ ᠬᠦᠭᠵᠢᠯᠳᠠ ᠶᠢᠨ ᠤᠶᠢᠯᠠᠭᠠᠭᠳᠠᠬᠤᠨ ᠢ ᠬᠦᠨᠵᠡᠬᠡᠢ ᠨᠠᠶᠢᠳᠠᠪᠤᠷᠢᠵᠢᠭᠤᠯᠵᠤ᠂ ︿ᠬᠦᠬᠡᠮᠳᠥᠭ ᠠᠭᠤᠯᠠ ᠴᠡᠩᠭᠡᠭ ᠤᠰᠤ ᠪᠤᠯ ᠳᠠᠷᠤᠢ ᠥᠨᠢ ᠮᠥᠩᠭᠡ ᠶᠢᠨ ᠦᠪ ᠬᠦᠷᠦᠩᠭᠡ ᠮᠥᠨ﹀ ᠬᠡᠬᠦ ᠥᠢᠯᠠᠭᠠᠭᠳᠠᠬᠤᠨ ᠢ ᠪᠠᠳᠤ ᠪᠠᠬᠢ ᠪᠤᠢ ᠪᠤᠯᠭᠠᠵᠤ᠂ ᠠᠮᠢ ᠠᠬᠤᠢ ᠶᠢᠨ ᠰᠢᠰᠲ᠋ᠧᠮ ᠤᠨ ᠴᠢᠨᠠᠷ ᠢ ᠳᠠᠰᠤᠷᠠᠯᠳᠠ ᠥᠬᠡᠢ ᠳᠡᠭᠡᠭᠰᠢᠯᠡᠬᠦᠯᠵᠤ᠂ ᠮᠠᠨ ᠤ ᠤᠯᠤᠰ ᠤᠨ ᠤᠮᠠᠷᠠᠳᠤ ᠤᠷᠤᠨ ᠤ ᠴᠢᠬᠤᠯᠠ ᠠᠮᠢ ᠠᠬᠤᠢ ᠶᠢᠨ ᠠᠮᠤᠷ ᠳᠥᠪᠰᠢᠨ ᠤ ᠬᠠᠯᠬᠠᠪᠴᠢ ᠶᠢ ᠤᠯᠠᠮ ᠨᠢᠭᠡ ᠠᠯᠬᠤᠮ ᠪᠠᠬᠢᠵᠢᠬᠦᠯᠥᠨ᠎ᠡ︾᠃ 3 ᠰᠠᠷ᠎ᠠ ᠶᠢᠨ 9 ᠤ ᠡᠳᠥᠷ᠂ ᠪᠦᠬᠦ ᠤᠯᠤᠰ ᠤᠨ ᠠᠷᠠᠳ ᠤᠨ ᠳᠥᠯᠥᠭᠡᠯᠡᠭᠴᠢᠳ ᠤᠨ ᠶᠡᠭᠡ ᠬᠤᠷᠠᠯ ᠤᠨ ᠳᠥᠯᠥᠭᠡᠯᠡᠭᠴᠢ᠂ ᠤᠷᠳᠤᠰ ᠬᠤᠳᠠ ᠶᠢᠨ ᠬᠤᠳᠠ ᠶᠢᠨ ᠳᠠᠷᠤᠭ᠎ᠠ ᠬᠦᠩ ᠮᠢᠩ ᠵᠦ ᠠᠷᠠᠳ ᠤᠨ ᠰᠥᠯᠵᠢᠶᠡᠨ ᠳᠤ ᠵᠤᠴᠢᠨ ᠪᠤᠯᠵᠤ᠂ ︽ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠠ ᠶᠢ ᠠᠬᠢᠭᠤᠯᠵᠤ᠂ ᠠᠵᠤ ᠥᠢᠯᠡᠰ ᠤᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠳᠥᠷᠭᠡᠳᠬᠡᠶ᠎ᠡ︾ ᠬᠡᠬᠦ ᠰᠡᠳᠥᠪ ᠢᠶᠠᠷ ᠰᠥᠯᠵᠢᠶ᠎ᠡ ᠶᠢᠨ ᠨᠠᠶᠢᠵᠠ ᠨᠠᠷ ᠲᠠᠢ ᠰᠠᠨᠠᠯ ᠢᠶᠠᠨ ᠰᠤᠯᠢᠯᠴᠠᠬᠤ ᠳᠤ ᠳᠤᠤᠷᠠᠬᠢ ᠮᠡᠳᠤ ᠳᠤᠭᠠᠴᠢᠯᠳᠠ ᠬᠢᠪᠠ᠃           ᠠᠷᠠᠳ ᠤᠨ ᠰᠥᠯᠵᠢᠶ᠎ᠡ᠄   ᠰᠢ ᠶᠢᠨ ᠫᠢᠩ ᠶᠡᠷᠥᠩᠬᠡᠢ ᠱᠥᠵᠢ ᠥᠪᠥᠷ ᠮᠤᠩᠭᠤᠯ ᠤᠨ ᠳᠥᠯᠥᠭᠡᠯᠡᠭᠴᠢᠳ  ᠤᠨ ᠪᠦᠯᠬᠦᠮ ᠤᠨ ᠬᠢᠨᠠᠨ ᠵᠥᠪᠯᠡᠬᠦ ᠳᠤ ᠤᠷᠤᠯᠴᠠᠵᠤ ᠴᠢᠬᠤᠯᠠᠴᠢᠯᠠᠬᠤ ᠳᠠᠭᠠᠨ᠂ ᠥᠪᠦᠷ ᠮᠤᠩᠭᠤᠯ ᠤᠨ ᠠᠵᠤ ᠥᠢᠯᠡᠰ ᠤᠨ ᠬᠦᠭᠵᠢᠯᠳᠠ ᠨᠢ ᠵᠥᠪᠭᠡᠨ ᠮᠠᠯ᠂ ᠨᠡᠬᠦᠷᠡᠰᠤ᠂ ᠭᠠᠵᠠᠷ ᠰᠢᠷᠤᠢ᠂ ᠪᠠᠶᠢᠭᠠᠯᠢ ᠶᠢᠨ ᠰᠢᠳᠠᠮᠠᠬᠠᠢ ᠬᠡᠢ ᠳᠤ ᠳᠥᠰᠢᠭᠯᠡᠵᠤ ᠪᠤᠯᠬᠤ ᠥᠬᠡᠢ᠂ ᠰᠢᠨ᠎ᠡ ᠠᠵᠤ ᠥᠢᠯᠡᠰ᠂ ᠰᠢᠨ᠎ᠡ ᠬᠦᠳᠡᠯᠭᠡᠭᠴᠢ ᠡᠨᠧᠷᠬᠢ᠂ ᠰᠢᠨ᠎ᠡ ᠨᠡᠮᠡᠭᠳᠠᠯ ᠤᠨ ᠳᠥᠢᠯ ᠢ ᠶᠡᠬᠡᠪᠠᠷ ᠪᠤᠶᠢᠵᠢᠭᠤᠯᠬᠤ ᠬᠡᠷᠡᠭᠳᠠᠢ ᠬᠡᠪᠠ᠃ ᠪᠤᠳᠠᠳᠠᠢ ᠪᠠᠷ ᠶᠠᠭᠠᠬᠢᠵᠤ ᠬᠢᠬᠦ ᠪᠤᠢ︖      ᠬᠦᠩ ᠮᠢᠩ ᠵᠦ᠄  ᠤᠷᠳᠤᠰ ᠪᠤᠯ ᠨᠢᠭᠡᠨ ᠨᠡᠬᠦᠷᠡᠰᠤ ᠪᠠᠷ ᠭᠤᠤᠯ ᠪᠤᠯᠭᠠᠭᠰᠠᠨ ᠡᠬᠢ ᠪᠠᠶᠠᠯᠢᠭ ᠤᠨ ᠬᠡᠯᠪᠡᠷᠢ  ᠶᠢᠨ ᠬᠤᠳᠠ ᠪᠤᠯᠤᠨ᠎ᠠ᠃ ᠥᠩᠭᠡᠷᠡᠭᠰᠠᠨ ᠳᠤ ᠪᠢᠳᠠᠨ ᠤ ᠬᠦᠭᠵᠢᠯᠳᠠ ᠨᠢ ᠡᠬᠢ ᠪᠠᠶᠠᠯᠢᠭ ᠲᠤ ᠬᠡᠳᠥᠷᠬᠡᠢ ᠳᠥᠰᠢᠭᠯᠡᠭᠰᠠᠨ ᠠᠰᠠᠭᠤᠳᠠᠯ ᠤᠷᠤᠰᠢᠵᠤ ᠪᠠᠶᠢᠵᠠᠢ᠃ ᠡᠨᠡᠬᠦ ᠪᠠᠶᠢᠳᠠᠯ ᠢ ᠥᠬᠡᠷᠡᠴᠢᠯᠠᠬᠦ ᠶᠢᠨ ᠳᠥᠯᠥᠭᠡ᠂ ᠪᠢᠳᠠ ᠶᠡᠷᠥᠩᠬᠡᠢ ᠱᠥᠵᠢ ᠶᠢᠨ ᠳᠤᠷᠠᠳᠤᠭᠰᠠᠨ ᠬᠡᠯᠪᠡᠷᠢ ᠪᠠᠨ ᠬᠤᠪᠢᠷᠠᠭᠤᠯᠵᠤ ︽ᠳᠠᠪᠤ ᠶᠢ ᠤᠶᠠᠯᠳᠤᠭᠤᠯᠬᠤ︾ ᠱᠠᠭᠠᠷᠳᠠᠯᠭ᠎ᠠ ᠶᠤᠰᠤᠭᠠᠷ᠂ ᠡᠬᠢ ᠪᠠᠶᠠᠯᠢᠭ ᠤᠨ ᠬᠡᠯᠪᠡᠷᠢ ᠶᠢᠨ ᠭᠠᠵᠠᠷ ᠤᠷᠤᠨ ᠤ ᠬᠡᠯᠪᠡᠷᠢ ᠪᠠᠨ ᠬᠤᠪᠢᠷᠠᠭᠤᠯᠤᠨ  ᠬᠦᠭᠵᠢᠬᠦ ᠳᠤ ᠢᠳᠡᠪᠬᠢᠳᠠᠢ ᠬᠠᠶᠢᠨ ᠰᠥᠪᠡᠭᠴᠢᠯᠡᠯᠳᠠ ᠬᠢᠵᠤ᠂ ᠨᠡᠯᠢᠶᠡᠳ ᠰᠠᠶᠢᠨ ᠬᠢᠷᠢ ᠪᠦᠳᠦᠮᠵᠢ ᠤᠯᠵᠠᠢ᠃ ︽ᠵᠥᠪᠭᠡᠨ ᠨᠡᠬᠦᠷᠡᠰᠤᠨ ᠳᠤ ᠳᠥᠰᠢᠭᠯᠡᠬᠦ︾ ᠠᠵᠤ ᠥᠢᠯᠡᠰ ᠤᠨ ᠪᠦᠳᠦᠴᠡ ᠮᠠᠶ᠋ᠢᠭ ᠢ ᠤᠳᠤ ᠨᠢᠬᠡᠨᠳᠠ ᠥᠨᠳᠥᠰᠥᠨ  ᠳᠡᠭᠡᠨ ᠡᠪᠳᠠᠵᠠᠢ᠃ ᠳᠠᠷᠠᠭᠠᠴᠢ ᠶᠢᠨ ᠠᠯᠬᠤᠮ ᠳᠤ᠂ ᠪᠢᠳᠠ ᠰᠢ ᠶᠢᠨ ᠫᠢᠩ ᠶᠡᠷᠥᠩᠬᠡᠢ ᠱᠥᠵᠢ ᠶᠢᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠡᠷᠡᠰ ᠳᠤᠤᠱᠯᠠᠭᠤᠯᠤᠨ ᠨᠠᠶᠢᠳᠠᠪᠤᠷᠢᠵᠢᠭᠤᠯᠵᠤ᠂ ᠡᠨᠧᠷᠬᠢ ᠡᠬᠢ ᠪᠠᠶᠠᠯᠢᠭ ᠢ ᠶᠡᠷᠥᠩᠬᠡᠶᠢᠯᠡᠨ ᠠᠰᠢᠭᠯᠠᠭᠰᠠᠨ ᠨᠤᠷᠮ᠎ᠠ ᠶᠢ ᠳᠡᠭᠡᠭᠰᠢᠯᠡᠬᠦᠯᠥᠭᠰᠠᠨ ᠰᠠᠭᠤᠷᠢᠨ ᠳᠡᠭᠡᠷ᠎ᠠ᠂ ᠶᠡᠷᠥᠩᠬᠡᠢ ᠱᠥᠵᠢ ᠶᠢᠨ ᠱᠠᠭᠠᠷᠳᠠᠯᠭ᠎ᠠ ᠶᠤᠰᠤᠭᠠᠷ᠂ ᠰᠢᠨ᠎ᠡ ᠠᠵᠤ ᠥᠢᠯᠡᠰ᠂ ᠰᠢᠨ᠎ᠡ ᠬᠦᠳᠡᠯᠭᠡᠭᠴᠢ ᠡᠨᠧᠷᠬᠢ᠂ ᠰᠢᠨ᠎ᠡ ᠨᠡᠮᠡᠭᠳᠡᠯ ᠤᠨ ᠳᠥᠢᠯ  ᠢ ᠶᠡᠬᠡᠪᠠᠷ ᠪᠤᠶᠢᠵᠢᠭᠤᠯᠵᠤ᠂ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠠ ᠶᠢ ᠠᠬᠢᠭᠤᠯᠵᠤ᠂ ᠡᠬᠢ ᠪᠠᠶᠠᠯᠢᠭ ᠤᠨ ᠬᠡᠯᠪᠡᠷᠢ ᠶᠢᠨ ᠭᠠᠵᠠᠷ ᠤᠷᠤᠨ ᠬᠡᠯᠪᠡᠷᠢ ᠪᠠᠨ ᠬᠤᠪᠢᠷᠠᠭᠤᠯᠤᠨ ᠬᠦᠭᠵᠢᠬᠦ ᠵᠠᠮ ᠢᠶᠠᠷ ᠵᠠᠮᠨᠠᠨ᠎ᠠ᠃      ᠠᠷᠠᠳ ᠤᠨ ᠰᠥᠯᠵᠢᠶ᠎ᠠ᠄   ᠨᠠᠮ ᠤᠨ ᠠᠷᠪᠠ ᠶᠢᠰᠥᠳᠥᠭᠡᠷ ᠶᠡᠭᠡ ᠬᠤᠷᠠᠯ ᠤᠨ ᠮᠡᠳᠡᠬᠦᠯᠥᠯᠳᠠ ᠳᠤ ᠵᠢᠭᠠᠵᠤ ᠭᠠᠷᠭᠠᠬᠤ ᠳᠠᠭᠠᠨ᠂ ᠮᠠᠨ ᠤ ᠤᠯᠤᠰ ᠤᠨ ᠠᠵᠤ ᠠᠬᠤᠢ ᠥᠨᠳᠤᠷ ᠬᠤᠷᠳᠣᠴᠠ ᠪᠠᠷ ᠬᠦᠭᠵᠢᠵᠤ ᠪᠠᠶᠢᠭᠰᠠᠨ ᠱᠠᠳᠤᠨ  ᠠᠴᠠ ᠴᠢᠨᠠᠷ ᠰᠠᠶᠢᠳᠠᠢ ᠬᠦᠭᠵᠢᠯᠳᠠ ᠳᠠᠰᠢ ᠬᠦᠭᠵᠢᠬᠦ ᠱᠠᠳᠤ ᠳᠡᠰᠢ ᠬᠤᠪᠢᠷᠠᠵᠤ ᠪᠠᠶᠢᠨ᠎ᠠ᠃ ᠪᠦᠬᠦ ᠤᠯᠤᠰ ᠤᠨ ᠡᠬᠢ ᠪᠠᠶᠠᠯᠢᠭ ᠤᠨ ᠬᠡᠯᠪᠡᠷᠢᠳᠤ ᠬᠤᠳᠠ ᠪᠤᠯᠤᠭᠰᠠᠨ ᠤ ᠬᠤᠪᠢ ᠳᠤ᠂ ᠤᠷᠳᠤᠰ ᠳᠠᠷᠠᠭᠠᠴᠢ ᠶᠢᠨ ᠠᠯᠬᠤᠮ ᠳᠤ ᠬᠡᠯᠪᠡᠷᠢ  ᠪᠠᠨ ᠬᠤᠪᠢᠷᠠᠭᠤᠯᠤᠨ ᠬᠦᠭᠵᠢᠬᠦ ᠳᠠᠯ᠎ᠠ ᠪᠠᠷ ᠶᠠᠮᠠᠷ ᠶᠠᠮᠠᠷ ᠠᠷᠭ᠎ᠠ ᠪᠤᠳᠤᠯ ᠪᠠ ᠠᠵᠢᠯᠯᠠᠭ᠎ᠠ ᠲᠠᠢ ᠪᠤᠢ︖      ᠬᠦᠩ ᠮᠢᠩ ᠵᠦ᠄   ᠴᠢᠨᠠᠷ ᠰᠠᠶᠢᠳᠠᠢ ᠬᠦᠭᠵᠢᠯᠳᠠ ᠪᠤᠯ ᠠᠷᠠᠳ ᠤᠯᠠᠨ ᠤ ᠰᠠᠶᠢᠨ ᠰᠠᠶᠢᠬᠠᠨ ᠠᠮᠢᠳᠣᠷᠠᠯ ᠤᠨ ᠬᠡᠷᠡᠭᠴᠡᠭᠡ ᠶᠢ ᠰᠠᠶᠢᠳᠤᠷ ᠬᠠᠩᠭᠠᠵᠤ ᠳᠡᠶᠢᠯᠬᠦ ᠬᠦᠭᠵᠢᠯᠳᠠ ᠮᠥᠨ᠂ ᠰᠢᠨ᠎ᠡ ᠬᠦᠭᠵᠢᠯᠳᠠ ᠶᠢᠨ ᠤᠶᠢᠯᠠᠭᠠᠭᠳᠠᠬᠤᠨ ᠢ ᠢᠯᠡᠷᠡᠬᠦᠯᠵᠤ ᠪᠠᠶᠢᠭ᠎ᠠ ᠬᠦᠭᠵᠢᠯᠳᠠ ᠮᠥᠨ ᠬᠡᠵᠤ ᠶᠡᠷᠥᠩᠬᠡᠢ ᠱᠥᠵᠢ ᠡᠨᠡ ᠤᠳᠠᠭ᠎ᠠ ᠳᠤᠳᠤᠷᠬᠠᠢ ᠳᠤᠷᠠᠳᠴᠤ ᠭᠠᠷᠭᠠᠵᠠᠢ᠃ ᠶᠡᠷᠥᠩᠬᠡᠢ ᠱᠥᠵᠢ ᠶᠢᠨ ᠡᠨᠡᠬᠦ ᠱᠠᠭᠠᠷᠳᠠᠯᠭ᠎ᠠ ᠶᠢ ᠨᠠᠶᠢᠳᠠᠪᠤᠷᠢᠵᠢᠭᠤᠯᠬᠤ ᠶᠢᠨ ᠳᠥᠯᠥᠭᠡ᠂ ᠪᠢᠳᠠ ᠶᠠᠰᠤ ᠴᠢᠨᠠᠷ ᠢ ᠳᠠᠷᠢᠬᠦᠨ ᠪᠠᠶᠢᠷᠢᠨ ᠳᠤ ᠳᠠᠯᠪᠢᠬᠤ᠂ ᠥᠷ᠎ᠠ ᠠᠰᠢᠭ ᠢ ᠳᠠᠷᠢᠬᠦᠨ ᠳᠤ ᠳᠠᠯᠪᠢᠬᠤ ᠶᠢ ᠪᠠᠷᠢᠮᠳᠠᠯᠠᠵᠤ᠂ ᠬᠠᠩᠭᠠᠯᠭ᠎ᠠ ᠶᠢᠨ ᠳᠠᠯ᠎ᠠ ᠶᠢᠨ ᠪᠦᠳᠦᠴᠠ ᠶᠢᠨ ᠴᠢᠨᠠᠷᠳᠠᠢ ᠥᠬᠡᠷᠡᠴᠢᠯᠡᠯᠳᠠ ᠪᠠᠷ ᠭᠤᠤᠯ ᠱᠤᠭᠤᠮ ᠢᠶᠠᠨ ᠪᠤᠯᠭᠠᠵᠤ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠳᠥᠷᠬᠡᠳᠬᠡᠨ ᠠᠬᠢᠭᠤᠯᠵᠤ᠂ ᠤᠯᠠᠨ ᠡᠰᠢᠳᠤ ᠬᠦᠭᠵᠢᠯᠳᠠ᠂ ᠤᠯᠠᠨ ᠱᠠᠳᠣ ᠪᠠᠷ ᠳᠤᠯᠭᠠᠭᠤᠷᠢᠯᠠᠭᠰᠠᠨ ᠤᠳᠤ ᠥᠶ᠎ᠡ ᠶᠢᠨ ᠠᠵᠤ ᠥᠢᠯᠡᠰ ᠤᠨ ᠰᠢᠰᠲ᠋ᠧᠮ ᠢ ᠪᠠᠶᠢᠭᠤᠯᠵᠤ᠂ ᠠᠵᠤ ᠠᠬᠤᠢ ᠶᠢᠨ ᠬᠦᠭᠵᠢᠯᠳᠠ ᠶᠢᠨ ᠴᠢᠨᠠᠷ ᠤᠨ ᠬᠤᠪᠢᠰᠤᠯ᠂ ᠠᠰᠢᠭᠯᠠᠮᠵᠢ ᠶᠢᠨ ᠬᠤᠪᠢᠰᠤᠯ᠂ ᠬᠦᠳᠡᠯᠭᠡᠭᠴᠢ ᠬᠦᠴᠦᠨ ᠤ ᠬᠤᠪᠢᠰᠤᠯ ᠢ ᠠᠬᠢᠭᠤᠯᠤᠨ᠎ᠠ᠃ ᠨᠢᠭᠡ ᠳᠠᠯ᠎ᠠ ᠪᠠᠷ᠂ ᠨᠡᠬᠦᠷᠡᠰᠤᠨ ᠤ ᠡᠬᠢ ᠪᠠᠶᠠᠯᠢᠭ ᠢ ᠠᠷᠢᠭᠤᠨ ᠴᠡᠪᠠᠷ ᠪᠦᠬᠡᠳ ᠥᠨᠳᠥᠷ ᠪᠦᠳᠦᠮᠵᠢᠳᠠᠢ ᠪᠠᠷ ᠠᠰᠢᠭᠯᠠᠬᠤ ᠶᠢ ᠬᠦᠨᠵᠡᠬᠡᠢ ᠠᠬᠢᠭᠤᠯᠤᠨ᠎ᠠ᠃ ᠨᠦᠬᠦᠭᠡ ᠳᠠᠯ᠎ᠠ ᠪᠠᠷ᠂ ᠢᠷᠡᠭᠡᠳᠤᠢ ᠶᠢᠨ ᠠᠵᠤ ᠥᠢᠯᠡᠰ ᠤᠨ ᠬᠦᠭᠵᠢᠯᠳᠠ ᠶᠢᠨ ᠴᠢᠭᠯᠡᠯ ᠢ ᠴᠢᠩᠭ᠎ᠠ ᠠᠩᠬᠠᠷᠴᠤ᠂ ᠰᠢᠨ᠎ᠡ ᠠᠵᠤ ᠥᠢᠯᠡᠰ᠂ ᠰᠢᠨ᠎ᠡ ᠬᠡᠪ ᠵᠠᠭᠪᠤᠷ᠂ ᠰᠢᠨ᠎ᠡ ᠠᠵᠢᠯ ᠳᠥᠷᠥᠯ ᠢ ᠨᠡᠭᠡᠭᠡᠨ ᠬᠦᠭᠵᠢᠬᠦᠯᠬᠦ ᠶᠢ ᠥᠷᠭᠡᠳᠭᠡᠨ᠎ᠡ᠃ ᠭᠤᠷᠪᠠᠳᠤᠭᠠᠷ ᠲᠤ᠂ ᠥᠬᠡᠷᠡᠴᠢᠯᠡᠯᠳᠠ ᠬᠢᠵᠤ ᠰᠢᠨ᠎ᠡ ᠶᠢ ᠡᠬᠦᠳᠬᠦ ᠪᠠ ᠨᠡᠭᠡᠭᠡᠯᠳᠠ ᠬᠢᠬᠦ ᠶᠢ ᠰᠠᠶᠢᠳᠤᠷ ᠬᠢᠨ᠎ᠠ᠃ ︽ᠵᠠᠰᠠᠭ ᠢ ᠴᠤᠮᠬᠠᠳᠬᠠᠵᠤ᠂ ᠳᠠᠯᠪᠢᠬᠤ ᠪᠠ ᠬᠠᠮᠢᠶᠠᠷᠬᠤ ᠶᠢ ᠤᠶᠠᠯᠳᠤᠭᠤᠯᠵᠤ᠂ ᠥᠢᠯᠡᠴᠢᠯᠡᠭᠡ ᠶᠢ ᠰᠢᠯᠢᠳᠡᠭᠵᠢᠬᠦᠯᠬᠦ︾ ᠥᠬᠡᠷᠴᠢᠯᠡᠯᠳᠠ ᠶᠢ ᠬᠦᠨᠵᠡᠭᠡᠶᠢᠷᠡᠬᠦᠯᠵᠤ᠂ ᠰᠢᠨ᠎ᠡ ᠶᠢ ᠡᠬᠦᠳᠬᠦ ᠪᠠᠷ ᠬᠦᠳᠡᠯᠬᠡᠬᠦᠷ ᠪᠤᠯᠭᠠᠬᠤ ᠪᠠᠶᠢᠯᠳᠤᠬᠤ ᠪᠤᠳᠤᠯᠭ᠎ᠠ  ᠶᠢ ᠬᠡᠷᠡᠭᠵᠢᠬᠦᠯᠵᠤ᠂ ᠰᠢᠨ᠎ᠡ ᠶᠢ ᠡᠬᠦᠳᠬᠦ ᠡᠬᠢ ᠪᠠᠶᠠᠯᠢᠭ ᠢ ᠳᠥᠪᠯᠡᠷᠡᠬᠦᠯᠵᠤ᠂ ᠬᠦᠬᠡᠬᠤᠳᠠ ᠪᠤᠭᠤᠳᠤ ᠤᠷᠳᠤᠰ ᠤᠨ ᠤᠯᠤᠰ ᠤᠨ ᠪᠡᠶ᠎ᠡ ᠪᠠᠨ ᠳᠠᠭᠠᠭᠠᠵᠤ ᠰᠢᠨ᠎ᠡ ᠶᠢ ᠡᠬᠦᠳᠬᠦ ᠵᠢᠱᠢᠶ᠎ᠠ ᠥᠵᠡᠬᠦᠯᠬᠦ ᠤᠷᠤᠨ ᠢ ᠡᠬᠦᠳᠤᠨ ᠪᠠᠶᠢᠭᠤᠯᠬᠤ ᠶᠢ ᠠᠬᠢᠭᠤᠯᠤᠨ᠎ᠠ᠃ ᠶᠡᠷᠥᠩᠬᠡᠶᠢᠯᠡᠭᠰᠠᠨ ᠭᠠᠶᠢᠯᠢ ᠪᠠᠳᠤᠯᠠᠬᠤ ᠤᠷᠤᠨ ᠪᠠ ᠳᠤᠳᠤᠭᠠᠳᠤ ᠬᠠᠭᠤᠷᠠᠢ ᠶᠢᠨ ᠭᠠᠷᠠᠮ ᠤᠨ  ᠪᠦᠳᠦᠭᠡᠨ ᠪᠠᠶᠢᠭᠤᠯᠤᠯᠳᠠ ᠶᠢ ᠳᠥᠷᠬᠡᠳᠬᠡᠵᠤ᠂ ᠤᠯᠠᠨ ᠤᠯᠤᠰ ᠤᠨ ᠠᠭᠠᠷ ᠤᠨ ᠭᠠᠷᠠᠮ ᠤᠨ ᠨᠡᠭᠡᠭᠡᠯᠳᠠ ᠬᠢᠬᠦ ᠬᠢᠷᠢ ᠳᠥᠪᠰᠢᠨ ᠢ ᠳᠡᠭᠡᠭᠰᠢᠯᠡᠬᠦᠯᠵᠤ᠂ ᠴᠢᠯᠥᠬᠡᠳᠤ ᠠᠷᠠᠯᠵᠢᠶᠠᠨ ᠤ ᠭᠠᠷᠠᠮ ᠢ ᠢᠳᠡᠪᠬᠢᠳᠠᠢ ᠪᠠᠷ ᠭᠤᠶᠤᠪᠴᠢᠯᠠᠨ ᠪᠠᠶᠢᠭᠤᠯᠵᠤ᠂ ᠳᠠᠯ᠎ᠠ ᠨᠤᠳᠤᠭ ᠤᠨ ᠳᠤᠷᠭᠠᠨ ᠵᠠᠮ ᠤᠨ ᠠᠵᠤ ᠠᠬᠤᠢ ᠶᠢᠨ ᠪᠦᠰᠡ ᠪᠠ ᠳᠤᠮᠳᠠᠳᠤ ᠤᠷᠤᠰ ᠮᠤᠩᠭᠤᠯ  ᠤᠨ ᠠᠵᠤ ᠠᠬᠤᠢ ᠶᠢᠨ ᠬᠤᠩᠬᠢᠯ ᠤᠨ ᠴᠢᠬᠤᠯᠠ ᠵᠠᠩᠬᠢᠯᠠᠭ᠎ᠠ ᠶᠢᠨ ᠬᠤᠳᠠ ᠶᠢ ᠪᠠᠶᠢᠭᠤᠯᠤᠨ᠎ᠠ᠃      ᠠᠷᠠᠳ ᠤᠨ ᠰᠥᠯᠵᠢᠶ᠎ᠡ᠄  ᠤᠷᠳᠤᠰ ᠠᠮᠢ ᠠᠬᠤᠢ ᠶᠢᠨ ᠪᠦᠳᠦᠭᠡᠨ ᠪᠠᠶᠢᠭᠤᠯᠳᠠ ᠶᠢ ᠴᠢᠩᠭᠠᠳᠬᠠᠬᠤ᠂ ᠳᠠᠴᠢᠷᠰᠢᠯ ᠢ ᠵᠠᠰᠠᠬᠤ ᠶᠢ ᠠᠬᠢᠭᠤᠯᠬᠤ ᠳᠠᠯ᠎ᠠ ᠪᠠᠷ ᠶᠠᠮᠠᠷ ᠶᠠᠮᠠᠷ ᠰᠠᠶᠢᠨ ᠳᠤᠷᠰᠢᠯᠠᠭ᠎ᠠ ᠲᠠᠢ ᠪᠤᠢ︖      ᠬᠦᠩ ᠮᠢᠩ ᠵᠦ᠄   ᠥᠩᠭᠡᠷᠡᠭᠰᠠᠨ ᠤ ᠤᠷᠳᠤᠰ ᠪᠤᠯ ᠪᠦᠬᠦ ᠤᠯᠤᠰ ᠤᠨ ᠳᠠᠴᠢᠷᠰᠢᠯ ᠪᠠ ᠡᠯᠡᠰᠥᠷᠬᠡᠭᠵᠢᠯ  ᠢᠶᠠᠷ ᠨᠡᠯᠢᠶᠡᠳ ᠬᠦᠨᠳᠤ ᠨᠤᠴᠢᠳᠠᠢ ᠭᠠᠵᠠᠷ ᠤᠷᠤᠨ ᠤ ᠨᠢᠭᠡ ᠨᠢ ᠮᠥᠨ᠂ ᠪᠢᠳᠠᠨ ᠤ ᠥᠷᠬᠦᠯᠵᠢ ᠶᠠᠷᠢᠳᠠᠭ ︽ᠬᠤᠶᠠᠷ 48%︾᠂ ᠳᠠᠷᠤᠢ᠄ ᠡᠯᠡᠰᠤ ᠮᠠᠩᠬ᠎ᠠ ᠡᠯᠡᠰᠥᠷᠬᠡᠭ ᠭᠠᠵᠠᠷ ᠪᠠ ᠭᠠᠩ ᠬᠠᠭᠤᠷᠠᠢ ᠬᠠᠳᠠᠭᠤ ᠰᠢᠯᠢᠷᠭᠡᠭ ᠭᠠᠵᠠᠷ᠂ ᠳᠤᠪᠤ ᠭᠤᠤ ᠭᠠᠩᠭ᠎ᠠ ᠳᠤᠰ ᠳᠤᠰ ᠪᠦᠬᠦ ᠬᠤᠳᠠ ᠶᠢᠨ ᠶᠡᠷᠥᠩᠬᠡᠢ ᠳᠠᠯᠠᠪᠠᠢ ᠶᠢᠨ 48% ᠶᠢ ᠡᠵᠡᠯᠡᠵᠤ ᠪᠠᠶᠢᠵᠠᠢ᠃ ᠮᠠᠭᠤ ᠠᠮᠢ ᠠᠬᠤᠢ ᠶᠢᠨ ᠤᠷᠴᠢᠨ ᠳᠤᠭᠤᠷᠢᠨ ᠨᠢ ᠪᠦᠬᠦ ᠬᠤᠳᠠ ᠶᠢᠨ ᠠᠵᠤ ᠠᠬᠤᠢ ᠨᠡᠶᠢᠬᠡᠮ ᠤᠨ ᠥᠷᠬᠦᠯᠵᠢᠯᠡᠬᠦᠶᠢᠴᠡ ᠬᠦᠭᠵᠢᠯᠳᠠ ᠶᠢ ᠬᠢᠵᠠᠭᠠᠷᠯᠠᠵᠤ ᠪᠠᠶᠢᠪᠠ᠃ ᠡᠨᠡᠬᠦ ᠪᠠᠶᠢᠳᠠᠯ ᠢ ᠬᠤᠪᠢᠷᠠᠭᠤᠯᠬᠤ ᠶᠢᠨ ᠳᠥᠯᠥᠭᠡ᠂ ᠪᠢᠳᠠ ᠳᠥᠢᠯ ᠤᠨ ᠬᠠᠳᠠᠭᠤᠵᠢᠯᠳᠠᠢ ᠪᠠᠷ ᠡᠯᠡᠰᠥᠷᠬᠡᠭᠵᠢᠬᠦ ᠶᠢ ᠰᠡᠷᠭᠡᠶᠢᠯᠡᠵᠤ ᠡᠯᠡᠰᠤ ᠶᠢ ᠵᠠᠰᠠᠬᠤ ᠳᠡᠮᠡᠴᠡᠯ ᠥᠷᠨᠢᠬᠦᠯᠵᠤ᠂ ︽ᠳᠥᠷᠪᠡᠨ ᠬᠤᠪᠢᠷᠠᠯᠳᠠ︾ ᠶᠢ ᠪᠡᠶᠡᠯᠡᠬᠦᠯᠥᠨ ᠠᠬᠢᠭᠤᠯᠬᠤ ᠪᠠᠷ ᠳᠠᠮᠵᠢᠨ — ᠪᠠᠶᠢᠭᠠᠯᠢ ᠠᠴᠠ ᠠᠪᠬᠤ ᠶᠢ ᠪᠠᠶᠢᠭᠠᠯᠢ ᠶᠢ ᠬᠠᠮᠠᠭᠠᠯᠠᠬᠤ ᠪᠤᠯᠭᠠᠨ ᠬᠤᠪᠢᠷᠠᠭᠤᠯᠵᠤ᠂ ︽ᠨᠠᠮ᠎ᠠ ᠪᠠᠷ ᠡᠯᠡᠰᠤ ᠵᠠᠰᠠᠭᠤᠯᠬᠤ︾ ᠶᠢ ︽ᠪᠢ ᠡᠯᠡᠰᠤ ᠶᠢ ᠵᠠᠰᠠᠬᠤ︾ ᠪᠤᠯᠭᠠᠨ ᠬᠤᠪᠢᠷᠠᠭᠤᠯᠵᠤ᠂ ︽ᠡᠯᠡᠰᠤᠨ ᠭᠠᠮᠰᠢᠭ︾ ᠢ ︽ᠡᠯᠡᠰᠤ ᠶᠢ ᠠᠰᠢᠭᠯᠠᠬᠤ︾ ᠪᠤᠯᠭᠠᠨ ᠬᠤᠪᠢᠷᠠᠭᠤᠯᠵᠤ᠂ ︽ᠤᠯᠠᠮᠵᠢᠯᠠᠯᠳᠤ ᠡᠯᠡᠰᠤ ᠶᠢ ᠵᠠᠰᠠᠬᠤ︾ ᠶᠢ ︽ᠰᠢᠨᠵᠢᠯᠡᠬᠦ ᠤᠬᠠᠭᠠᠨ ᠲᠧᠭᠨᠢᠭ ᠮᠡᠷᠭᠡᠵᠢᠯ  ᠢᠶᠠᠷ ᠡᠯᠡᠰᠤ ᠶᠢ ᠵᠠᠰᠠᠬᠤ︾ ᠪᠤᠯᠭᠠᠨ ᠬᠤᠪᠢᠷᠠᠭᠤᠯᠵᠠᠢ᠃ ᠤᠳᠤ ᠮᠠᠨ ᠤ ᠬᠤᠳᠠ ᠶᠢᠨ ᠠᠮᠢ ᠠᠬᠤᠢ ᠶᠢᠨ  ᠤᠷᠴᠢᠨ ᠳᠤᠭᠤᠷᠢᠨ ᠤ ᠳᠠᠯ᠎ᠠ ᠪᠠᠷ ᠬᠦᠨᠳᠤ ᠨᠤᠴᠢᠳᠠᠢ ᠮᠠᠭᠤᠳᠠᠵᠤ ᠪᠠᠶᠢᠭᠰᠠᠨ ᠢ ᠶᠡᠷᠥᠩᠬᠡᠢ ᠳᠤᠨᠢ ᠬᠤᠷᠢᠭᠯᠠᠬᠤ᠂ ᠶᠡᠬᠡᠪᠡᠷ ᠰᠠᠶᠢᠵᠢᠷᠠᠭᠰᠠᠨ ᠳᠡᠤᠬᠡᠳᠤ ᠴᠢᠨᠠᠷᠳᠠᠢ ᠬᠤᠪᠢᠷᠠᠯᠳᠠ ᠶᠢ ᠪᠡᠶᠡᠯᠡᠬᠦᠯᠵᠠᠢ᠃ ᠤᠳᠤᠬᠠᠨ ᠳᠤ᠂ ᠪᠦᠬᠦ ᠬᠤᠳᠠ ᠶᠢᠨ ᠣᠢ ᠰᠢᠭᠤᠢ ᠶᠢᠨ ᠪᠦᠷᠬᠦᠴᠡ ᠶᠢᠨ ᠨᠤᠷᠮ᠎ᠠ ᠨᠢ 26.8%᠂ ᠤᠷᠭᠤᠮᠠᠯ ᠤᠨ ᠪᠦᠷᠬᠦᠴᠡ ᠨᠢ 70% ᠠᠴᠠ ᠳᠡᠭᠡᠭᠰᠢ ᠪᠤᠯᠤᠨ ᠳᠤᠭᠳᠠᠪᠤᠷᠢᠵᠢᠵᠤ᠂ ᠠᠭᠠᠷ ᠮᠠᠨᠳᠠᠯ ᠤᠨ ᠶᠠᠰᠤ ᠴᠢᠨᠠᠷ ᠤᠨ ᠰᠢᠯᠢᠳᠡᠭ ᠰᠠᠶᠢᠨ ᠨᠤᠷᠮ᠎ᠠ ᠨᠢ 85% ᠶᠢ ᠳᠠᠪᠠᠵᠤ᠂ ᠪᠦᠬᠦ ᠤᠯᠤᠰ ᠤᠨ ᠡᠮᠥᠨ᠎ᠡ ᠡᠩᠨᠡᠭᠡᠨ ᠳᠤ ᠪᠠᠶᠢᠷᠢᠰᠢᠵᠤ ᠪᠤᠢ᠃ ᠨᠢᠳᠤᠨᠤᠨ᠂ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠳᠠᠴᠢᠷᠰᠢᠯ ᠢ ᠰᠡᠷᠬᠡᠶᠢᠯᠡᠨ ᠵᠠᠰᠠᠬᠤ ᠨᠡᠶᠢᠳᠠ ᠶᠢᠨ ᠬᠡᠷ᠎ᠠ ᠶᠢᠨ ᠠᠷᠪᠠᠨ ᠭᠤᠷᠪᠠᠳᠤᠭᠠᠷ ᠤᠳᠠᠭᠠᠨ ᠤ ᠬᠡᠷ᠎ᠠ ᠪᠠᠶᠢᠭᠤᠯᠬᠤ ᠳᠠᠯ᠎ᠠ ᠶᠢᠨ ᠶᠡᠭᠡ ᠬᠤᠷᠠᠯ ᠢ ᠮᠠᠨ ᠤ ᠬᠤᠳᠠ ᠳᠤ ᠬᠤᠷᠠᠯᠳᠤᠭᠤᠯᠤᠭᠰᠠᠨ ᠨᠢ ᠮᠠᠨ ᠤ ᠬᠤᠳᠠ ᠶᠢᠨ ᠳᠠᠴᠢᠷᠰᠢᠯ ᠢ ᠰᠡᠷᠬᠡᠶᠢᠯᠡᠨ ᠵᠠᠰᠠᠬᠤ ᠪᠠ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢᠨ ᠥᠷ᠎ᠠ ᠪᠦᠳᠦᠮᠵᠢ ᠳᠤ ᠥᠭᠭᠦᠭᠰᠠᠨ ᠬᠦᠢᠴᠡᠳ ᠨᠤᠳᠠᠯᠠᠯᠳᠠ ᠪᠤᠯᠤᠨ᠎ᠠ᠂ ᠤᠬᠢ ᠰᠠᠶᠢᠨ ᠠᠮᠢ ᠠᠬᠤᠢ ᠶᠢᠨ ᠤᠷᠴᠢᠨ ᠳᠤᠭᠤᠷᠢᠨ ᠨᠢ ᠤᠷᠳᠤᠰ ᠤᠨ ᠰᠢᠨ᠎ᠡ ᠨᠠᠷ᠎ᠠ ᠶᠢᠨ ᠬᠠᠭᠤᠳᠠᠰᠤ ᠪᠤᠯᠵᠠᠢ᠃ ᠳᠠᠷᠠᠭᠠᠴᠢ ᠶᠢᠨ ᠠᠯᠬᠤᠮ ᠳᠤ᠂ ᠪᠢᠳᠠ ᠰᠢᠨ᠎ᠡ ᠬᠦᠭᠵᠢᠯᠳᠠ ᠶᠢᠨ ᠤᠶᠢᠯᠠᠭᠠᠭᠳᠠᠬᠤᠨ ᠢ ᠬᠦᠨᠵᠡᠬᠡᠢ ᠨᠠᠶᠢᠳᠠᠪᠤᠷᠢᠵᠢᠭᠤᠯᠵᠤ᠂ ︽ᠬᠦᠬᠡᠮᠳᠥᠭ ᠠᠭᠤᠯᠠ ᠴᠡᠩᠭᠡᠭ ᠤᠰᠤ ᠪᠤᠯ ᠥᠨᠢ ᠮᠥᠩᠭᠡ ᠶᠢᠨ ᠥᠪ ᠬᠦᠷᠥᠩᠬᠡ ᠮᠥᠨ︾ ᠬᠡᠬᠦ ᠤᠶᠢᠯᠠᠭᠠᠭᠳᠠᠬᠤᠨ ᠢ ᠪᠠᠳᠤ ᠪᠠᠬᠢ ᠪᠤᠢ ᠪᠤᠯᠭᠠᠵᠤ᠂ ᠠᠮᠢ ᠠᠬᠤᠢ ᠶᠢᠨ ᠰᠢᠰᠲ᠋ᠧᠮ ᠤᠨ ᠴᠢᠨᠠᠷ ᠪᠠ ᠳᠤᠭᠳᠠᠪᠤᠷᠢᠳᠤ ᠴᠢᠨᠠᠷ ᠢ ᠳᠠᠰᠤᠷᠠᠯᠳᠠ ᠥᠬᠡᠢ ᠳᠡᠭᠡᠭᠰᠢᠯᠡᠬᠦᠯᠵᠤ᠂ ᠮᠠᠨ ᠤ ᠤᠯᠤᠰ ᠤᠨ ᠤᠮᠠᠷᠠᠳᠤ ᠤᠷᠤᠨ ᠤ ᠴᠢᠬᠤᠯᠠ ᠠᠮᠢ ᠠᠬᠤᠢ ᠶᠢᠨ ᠠᠮᠤᠷ ᠳᠥᠪᠰᠢᠨ ᠤ ᠬᠠᠯᠬᠠᠪᠴᠢ ᠶᠢ ᠤᠯᠠᠮ ᠨᠢᠭᠡ ᠠᠯᠬᠤᠮ ᠪᠠᠬᠢᠵᠢᠬᠦᠯᠥᠨ᠎ᠠ᠃
 
ᠢᠷᠡᠯᠲᠡ᠄ ᠣᠷᠳᠣᠰ ᠬᠤᠳᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号