ᠤᠶᠤᠳᠠᠨ ᠵᠠᠯᠠᠭᠤ ᠶᠢᠨ ᠬᠢᠯᠠᠷᠠᠭᠰᠠᠨ ᠦᠢᠯᠡᠰ
ᠨᠡᠶᠢᠲᠡᠯᠡᠭᠰᠡᠨ ᠴᠠᠭ᠄
2018-04-19
                           ᠤᠶᠤᠳᠠᠨ ᠵᠠᠯᠠᠭᠤ ᠶᠢᠨ ᠬᠢᠯᠠᠷᠠᠭᠰᠠᠨ ᠦᠢᠯᠡᠰ            — — ᠪᠦᠬᠦ ᠤᠯᠤᠰ ᠤᠨ ᠮᠠᠯᠵᠢᠬᠤ ᠲᠠᠷᠢᠶᠠᠯᠠᠬᠤ ᠤᠷᠤᠨ ᠤ ᠪᠠᠶᠠᠵᠢᠯ ᠤᠨ ᠲᠠᠭᠠᠭᠤᠯᠤᠭᠴᠢ ‍ᠶᠢᠢᠨ ᠢᠷᠠᠭᠤ ᠠᠯᠳᠠᠷ ᠢ ᠬᠦᠷᠳᠡᠭᠰᠡᠨ ᠤᠶᠤᠲᠠᠨ ᠮᠠᠯᠴᠢᠨ ᠤᠳᠬᠠᠨᠳᠠᠯᠠᠢ ᠶᠢᠨ ᠲᠤᠬᠠᠢ ᠲᠠᠲᠠᠯᠠᠭ᠎ᠠ
     ᠬᠤᠷᠠᠭ᠎ᠠ ᠢᠰᠢᠭᠡ ᠮᠠᠶᠢᠯᠠᠯᠲᠤᠵᠤ ᠬᠠᠶᠢᠯ ᠤᠨ ᠤᠰᠤ ᠬᠤᠷᠴᠢᠬᠢᠨᠠᠭᠰᠠᠨ ᠬᠠᠪᠤᠷ ᠤᠨ ᠤᠷᠢᠨ ᠬᠦᠷᠴᠦ ᠢᠷᠡᠬᠦ ᠪᠠᠷ ᠬᠠᠮᠤᠭ ᠪᠤᠳᠠᠰ ᠠᠮᠢᠯᠠᠨ ᠰᠡᠷᠬᠦᠵᠤ ᠬᠠᠮᠢᠭ᠎ᠠ ᠤᠴᠢᠭᠰᠠᠨ ᠴᠤ ᠮᠠᠯᠴᠢᠨ ᠲᠦᠮᠡᠨ ᠮᠢᠨᠢ ᠲᠦᠯ ᠮᠠᠯ ᠳᠤ ᠪᠠᠨ ᠶᠠᠭᠠᠷᠠᠵᠠᠭᠠᠨ᠎ᠠ᠃      ᠪᠦᠬᠦ ᠤᠯᠤᠰ ᠤᠨ ᠮᠠᠯᠵᠢᠬᠤ ᠲᠠᠷᠢᠶᠠᠯᠠᠬᠤ ᠤᠷᠤᠨ ᠤ ᠪᠠᠶᠠᠵᠢᠯ ᠤᠨ ᠲᠠᠭᠠᠭᠤᠯᠤᠭᠴᠢ ᠶᠢᠨ ᠢᠷᠠᠭᠤ ᠠᠯᠳᠠᠷ ᠢ ᠬᠦᠷᠳᠡᠭᠰᠡᠨ ᠴᠢᠮᠡᠭᠡ ᠪᠠᠷ 3 ᠳ᠋ᠤᠭᠠᠷ ᠰᠠᠷ᠎ᠠ ᠶᠢᠨ ᠡᠬᠢ ᠪᠠᠷ ᠪᠢᠷᠴᠢᠨ ᠲᠤᠭ ᠪᠠᠯᠭᠠᠰᠤᠨ ᠤ ᠲᠤᠭᠤᠯᠲᠠᠢ ᠭᠠᠴᠠᠭᠠᠨ ᠤ ᠲᠠᠯ᠎ᠠ ᠶᠢᠨ ᠴᠡᠴᠡᠭ ᠮᠠᠯᠵᠢᠯ ᠤᠨ ᠬᠤᠷᠰᠢᠶ᠎ᠠ ᠶᠢᠨ ᠤᠳᠬᠠᠨᠳᠠᠯᠠᠢ ᠶᠢ ᠰᠤᠷᠪᠤᠯᠵᠢᠯᠠᠬᠤ ᠪᠠᠷ ᠬᠡᠷ ᠲᠤ ᠨᠢ ᠤᠴᠢᠯ᠎ᠠ᠃ ᠭᠡᠷ ᠤᠨ ᠭᠠᠳᠠᠨ᠎ᠠ ᠬᠦᠷᠪᠡᠯ ᠬᠦᠷᠢᠶ᠎ᠡ ᠬᠠᠰᠢᠶ᠎ᠠ ᠪᠠᠨ ᠬᠢᠯᠡ ᠴᠠᠯᠠ ᠴᠡᠪᠡᠷᠯᠡᠨ ᠲᠡᠭᠰᠢᠯᠡᠵᠤ᠂ ᠮᠠᠯ ᠤᠨ ᠫᠧᠩ ᠰᠠᠷᠠᠪᠴᠢ ᠂ ᠡᠪᠡᠰᠦ ᠬᠤᠷᠢᠶᠠᠬᠤ ᠫᠧᠩ᠂ ᠬᠦᠢᠳᠡᠨ ᠬᠦᠮᠦᠷᠭᠡ ᠁   ᠶᠢ ᠵᠢᠭᠳᠡᠷᠡᠬᠦᠯᠦᠨ ᠪᠠᠷᠢᠭᠰᠠᠨ ᠨᠢ ᠠᠵᠢᠯᠴᠢ ᠴᠢᠨᠡᠭᠡᠯᠢᠭ ᠠᠶᠢᠯ ᠪᠠᠶᠢᠭ᠎ᠠ ᠨᠢ ᠢᠯᠡᠭᠡᠨ ᠪᠠᠶᠢᠢᠯ᠎ᠠ᠃ ᠲᠡᠭᠡᠳᠡᠯ᠎ᠡ ᠶᠠᠪᠤᠵᠤ ᠰᠠᠭᠤᠬᠤ ᠳᠤ ᠪᠠᠨ ᠬᠦᠡᠭᠭᠡᠨ ᠰᠢᠭᠤᠮᠠᠭᠠᠢ ᠵᠠᠯᠠᠭᠤ ᠤᠭᠲᠤᠨ ᠢᠷᠡᠵᠤ ᠠᠮᠤᠷ ᠮᠡᠨᠲᠤ ᠠᠰᠠᠭᠤᠨ ᠬᠡᠷ ᠲᠤ ᠤᠷᠢᠯ᠎ᠠ᠃ ᠭᠡᠷ ᠢᠶᠠᠨ ᠰᠢᠨ᠎ᠠ ᠴᠠᠭ ᠦᠶ᠎ᠡ ᠶᠢᠨ ᠪᠠᠶᠢᠳᠠᠯ ᠢᠶᠠᠷ ᠵᠠᠰᠠᠨ ᠴᠢᠮᠡᠵᠤ᠂ ᠨᠤᠮ ᠤᠨ ᠲᠠᠯᠪᠢᠭᠤᠷ ᠲᠡᠭᠡᠷ᠎ᠡ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠠᠯᠴᠢᠨ ᠲᠠᠷᠢᠶᠠᠴᠢᠨ ᠤ ᠲᠤᠰᠬᠠᠢ ᠬᠤᠷᠰᠢᠶᠠᠵᠢᠯ ᠤᠨ ᠵᠢᠱᠢᠶ᠎ᠠ ᠦᠵᠡᠬᠦᠯᠬᠦ ᠬᠤᠷᠰᠢᠶᠠᠵᠢᠯ᠂ ᠨᠤᠮᠢᠨ ᠲᠠᠩᠰᠤᠭ ᠦᠤᠰᠢᠨ ᠤ ᠵᠢᠱᠢᠶᠡᠴᠢ ᠡᠷᠦᠬᠡ᠂ ᠦᠨᠳᠦᠰᠦᠲᠡᠨ ᠤ ᠰᠤᠶᠤᠯ ᠮᠡᠳᠡᠯᠭᠡ ᠲᠦᠭᠡᠮᠡᠯᠵᠢᠬᠦᠯᠬᠦ ᠲᠠᠭᠠᠭᠤᠯᠤᠭᠴᠢ ᠡᠷᠦᠬᠡ᠂ ᠵᠠᠯᠠᠭᠤ ᠦᠢᠯᠡᠰ ᠪᠦᠲᠦᠭᠡᠭᠴᠢᠳ ᠤᠨ ᠬᠤᠰᠢᠭᠤᠴᠢ᠂ ᠭᠠᠴᠠᠭᠠᠨ ᠤ ᠰᠢᠯᠢᠳᠡᠭ ᠵᠠᠯᠠᠭᠤ ᠁ ᠵᠡᠷᠭᠡ ᠢᠷᠠᠭᠤ ᠠᠯᠳᠠᠷ ᠤᠨ ᠦᠨᠡᠮᠯᠡᠯ ᠢ ᠵᠢᠭᠳᠡᠷᠡᠬᠦᠯᠦᠨ ᠲᠠᠯᠪᠢᠵᠤ᠂ ᠺᠤᠮᠫᠢᠦ᠋ᠲ᠋ᠧᠷ ᠪᠠ ᠪᠠᠭ᠎ᠠ ᠪᠤᠰᠤ ᠨᠤᠮ ᠲᠠᠯᠪᠢᠭᠠᠰᠤᠲᠠᠢ  ᠶᠢ ᠬᠠᠷᠠᠪᠠᠯ ᠰᠤᠶᠤᠯ ᠲᠠᠢ ᠮᠠᠯᠴᠢᠨ ᠪᠠᠶᠢᠬᠤ ᠨᠢ ᠲᠤᠳᠤᠷᠠᠭᠳᠠᠨ᠎ᠠ᠃      ᠠᠮᠤᠷ ᠮᠡᠨᠳᠥ ᠪᠠᠨ ᠠᠰᠠᠭᠤᠯᠴᠠᠵᠤ ᠠᠶᠠᠭ᠎ᠠ ᠴᠠᠢ ᠤᠭᠤᠴᠢᠯᠠᠬᠤ ᠵᠠᠭᠤᠷ᠎ᠠ ᠠᠵᠢᠯ ᠦᠢᠯᠡᠰ ᠠᠵᠦ ᠠᠮᠢᠳᠤᠷᠠᠯ᠂ ᠠᠶᠢᠯ ᠭᠡᠷ ᠤᠨ ᠬᠢᠨᠢ ᠲᠤᠬᠠᠢ ᠰᠤᠨᠢᠭᠤᠴᠢᠯᠠᠯ᠎ᠠ᠃      — ᠲᠠᠨ ᠤ ᠬᠢᠨ ᠬᠤᠨᠢ ᠮᠠᠯ ᠶᠠᠮᠠᠷ ᠰᠢᠦ ᠪᠠᠶᠢᠨ᠎ᠠ︖ ᠲᠦᠯ ᠢᠶᠠᠨ ᠲᠤᠰᠤᠭᠠᠳ ᠬᠢᠷᠢ ᠵᠡᠷᠭᠡ ᠪᠤᠯᠵᠤ ᠪᠠᠶᠢᠨ᠎ᠠ︖      — ᠤᠳᠤ 200 ᠭᠠᠷᠤᠢ ᠬᠤᠨᠢ ᠬᠤᠷᠢᠭᠠᠳ ᠦᠭᠡᠷ ᠲᠠᠢ ᠪᠠᠶᠢᠨ᠎ᠠ᠂ ᠤᠤᠯ ᠨᠢ 500 ᠭᠠᠷᠤᠢ ᠬᠤᠨᠢ ᠲᠠᠢ ᠪᠠᠶᠢᠭᠰᠠᠨ ᠶᠤᠮ᠂ ᠲᠡᠷᠡ ᠦᠶ᠎ᠡ ᠳᠤ ᠢᠮᠠᠭ᠎ᠠ ᠪᠠᠰᠠ ᠲᠡᠵᠢᠬᠡᠵᠤ ᠪᠠᠶᠢᠭᠰᠠᠨ᠃ ᠡᠨᠡ ᠬᠤᠶᠠᠷ ᠵᠢᠯ ᠮᠠᠯ ᠤᠨ ᠦᠨ᠎ᠡ ᠬᠠᠨᠭ᠍ᠰᠢ ᠪᠠᠭᠤᠷᠠᠭᠠᠳ ᠮᠠᠯᠴᠢᠳ ᠬᠤᠨᠢ ᠮᠠᠯ ᠢᠶᠠᠨ ᠪᠤᠷᠤᠯᠠᠭᠤᠯᠬᠤ ᠳᠤ ᠶᠡᠭᠡ ᠬᠦᠴᠢᠷᠳᠡᠵᠤ ᠪᠠᠶᠢᠢᠨ᠎ᠠ ᠃ ᠢᠡᠭᠬᠢᠭᠡᠳ ᠪᠢ ᠴᠤ ᠮᠠᠯ ᠤᠨ ᠠᠰᠢᠭ ᠰᠢᠮ᠎ᠠ ᠶᠢᠨ ᠪᠤᠷᠤᠯᠠᠭᠤᠯᠭ᠎ᠠ ᠶᠢᠨ ᠲᠠᠯ᠎ᠠ ᠪᠠᠷ ᠬᠦᠴᠦ ᠤᠷᠤᠶ᠎ᠠ ᠬᠡᠳ ᠮᠠᠯ  ᠢᠶᠠᠨ ᠴᠦᠬᠡᠳᠭᠡᠭᠰᠡᠨ᠂ ᠡᠨᠡ ᠵᠢᠯ ᠲᠠᠯᠠᠭᠠᠳ ᠬᠤᠷᠠᠭᠠᠯᠠᠬᠤ ᠬᠤᠨᠢ ᠦᠯᠡᠳᠡᠭᠡᠵᠤ ᠬᠤᠷᠢᠭᠠᠳ ᠨᠢ ᠨᠢᠭᠡᠨᠲᠡ ᠲᠦᠯᠵᠢᠴᠢᠬᠡᠯ᠎ᠡ᠃      — ᠬᠠᠰᠢᠶ᠎ᠠ ᠰᠠᠷᠠᠪᠴᠢ ᠵᠡᠷᠭᠡ ᠰᠠᠭᠤᠷᠢ ᠪᠦᠲᠦᠭᠡᠨ ᠪᠠᠶᠢᠢᠭᠤᠯᠤᠯᠲᠠ ᠪᠠᠨ ᠶᠡᠭᠡ ᠰᠠᠶᠢᠨ ᠬᠢᠵᠠᠢ᠂ ᠶᠠᠮᠠᠷ ᠰᠢᠤ ᠬᠡᠪᠴᠢᠶᠡᠵᠢᠯ ᠲᠠᠢ ᠪᠠᠶᠢᠭ᠎ᠠ ᠪᠤᠢ︖      — ᠪᠢ 2009 ᠤᠨ ᠠᠴᠠ ᠡᠬᠢᠯᠡᠨ ᠭᠡᠷ ᠪᠦᠯᠢ ᠶᠢᠨ ᠮᠠᠯᠵᠢᠯ ᠤᠨ ᠲᠠᠯᠠᠪᠠᠢ ᠶᠢᠨ ᠪᠠᠶᠢᠳᠠᠯ ᠲᠠᠢ ᠪᠦᠲᠦᠭᠡᠨ ᠪᠠᠶᠢᠭᠤᠯᠵᠤ ᠫᠧᠩ ᠰᠠᠷᠠᠪᠴᠢ ᠪᠠᠷᠢᠵᠤ ᠡᠬᠢᠯᠡᠭᠰᠡᠨ᠂ ᠲᠡᠭᠡᠭᠡᠳ 2014 ᠤᠨ ᠳᠤ ᠰᠢᠨ᠎ᠠ ᠪᠠᠷ 1400 ᠲᠡᠭᠰᠢ ᠲᠦᠷᠪᠡᠯᠵᠢᠨ ᠮᠧᠲᠷ ᠤᠨ ᠫᠧᠩ ᠰᠠᠷᠠᠪᠴᠢ ᠪᠠᠷᠢᠵᠤ᠂ ᠠᠵᠢᠯᠴᠢᠨ ᠰᠠᠭᠤᠬᠤ᠂ ᠡᠪᠡᠰᠦ ᠪᠤᠷᠳᠤᠭ᠎ᠠ ᠬᠠᠳᠠᠭᠠᠯᠠᠬᠤ᠂ ᠬᠦᠢᠳᠡᠨ ᠬᠦᠮᠦᠷᠬᠡ ᠵᠡᠷᠭᠡ ᠶᠢ ᠴᠦᠮ ᠪᠦᠷᠢᠨᠰᠢᠬᠦᠯᠵᠤ᠂ ᠬᠡᠷ ᠪᠦᠯᠢ ᠶᠢᠨ ᠮᠠᠯᠵᠢᠯ ᠤᠨ ᠲᠠᠯᠠᠪᠠᠢ ᠠᠴᠠ ᠪᠠᠨ ᠶᠡᠬᠡᠰᠬᠡᠬᠡᠳ ︽ᠤᠲᠤᠷ ᠠᠮᠢ ᠠᠬᠤᠢ ᠶᠢᠨ ᠲᠡᠵᠢᠭᠡᠪᠦᠷᠢ ᠶᠢᠨ ᠬᠢᠵᠠᠭᠠᠷᠲᠤ ᠺᠤᠮᠫᠠᠨᠢ︾ ᠶᠢ ᠪᠠᠶᠢᠭᠤᠯᠤᠭᠰᠠᠨ᠃      — ᠭᠡᠷ ᠪᠦᠯᠢ ᠬᠦᠳᠡᠯᠮᠦᠷᠢ ᠬᠦᠴᠦᠨ ᠤ ᠲᠠᠯ᠎ᠠ ᠪᠠᠷ ᠶᠠᠮᠠᠷ ᠰᠢᠦ ᠪᠠᠶᠢᠨ᠎ᠠ︖      — ᠭᠡᠷ ᠲᠤ ᠪᠠᠨ ᠬᠡᠷᠭᠡᠢ ᠬᠡᠤᠭᠡᠨ ᠭᠤᠷᠪᠠᠭᠤᠯᠠ ᠪᠠᠨ᠂ ᠦᠬᠢᠨ ᠮᠢᠨᠢ ᠤᠳᠤ ᠨᠢᠭᠡ ᠪᠦᠬᠦᠯᠢ ᠬᠠᠭᠠᠰ ᠬᠦᠷᠦᠭᠰᠡᠨ᠂ ᠤᠳᠤ ᠪᠤᠯ ᠪᠠᠷᠤᠭ ᠲᠤ ᠪᠠᠨ ᠬᠡᠳᠦᠬᠦᠯᠭᠡᠨ ᠢᠶᠠᠨ ᠬᠡᠷ ᠤᠨ ᠲᠤᠳᠤᠨ᠎ᠠ ᠭᠠᠳᠠᠨ᠎ᠠ ᠪᠠᠨ ᠲᠦᠪᠬᠢᠨᠡᠬᠦᠯᠦᠭᠡᠳ ᠵᠠᠪᠳᠤᠵᠤ ᠪᠠᠶᠢᠨ᠎ᠠ᠃ ᠲᠡᠭᠡᠷ᠎ᠡ ᠬᠡᠲᠦᠨ ᠵᠢᠯ ᠬᠤᠨᠢ ᠮᠠᠯ ᠵᠤᠵᠠᠭᠠᠨ ᠪᠠᠶᠢᠬᠤ ᠳᠤ ᠪᠠᠰᠠ ᠬᠦᠯᠦᠰᠦᠨ ᠬᠦᠮᠦᠨ ᠠᠪᠴᠤ ᠪᠠᠶᠢᠭᠰᠠᠨ᠂ ᠲᠦᠰᠦᠪ ᠲᠦᠯᠦᠪᠯᠡᠭᠡ ᠪᠠᠨ ᠶᠠᠪᠤᠭᠳᠠᠭᠤᠯᠤᠭᠰᠠᠭᠠᠷ ᠪᠠᠰᠠ ᠬᠦᠯᠦᠰᠦᠨ ᠬᠦᠮᠦᠨ ᠵᠠᠷᠤᠬᠤ ᠴᠢᠬᠤᠯᠠ ᠲᠠᠢ ᠪᠤᠯᠤᠨ᠎ᠠ᠂ ᠲᠡᠭᠡᠭᠦᠯᠡᠷ ᠪᠦᠲᠦᠭᠡᠨ ᠪᠠᠶᠢᠭᠤᠯᠬᠤ ᠲᠤᠮᠳᠠ ᠪᠠᠨ ᠲᠤᠰᠬᠠᠢ ᠠᠵᠢᠯᠴᠢᠨ ᠤ ᠬᠡᠷ ᠢ ᠪᠠᠵᠠᠭᠠᠭᠰᠠᠨ᠃      — ᠶᠠᠮᠠᠷ ᠰᠢᠤᠬᠠᠨ ᠲᠦᠰᠦᠪ ᠲᠦᠯᠦᠪᠯᠡᠭᠡ ᠲᠠᠢ ᠪᠤᠯ︖      — ᠤᠯᠠᠮᠵᠢᠯᠠᠯᠲᠤ ᠠᠷᠭ᠎ᠠ ᠪᠠᠷ ᠬᠡᠲᠤᠨ ᠮᠠᠯ ᠢᠶᠠᠨ ᠮᠠᠯᠵᠢᠵᠤ ᠰᠠᠭᠤᠪᠠᠯ ᠲᠡᠮᠡᠢ ᠤᠷᠤᠯᠭ᠎ᠠ ᠤᠯᠵᠤ ᠲᠡᠶᠢᠯᠬᠦ ᠦᠭᠡᠢ᠂ ᠮᠠᠨ ᠤ ᠮᠠᠯ ᠴᠢᠨᠢ ᠪᠡᠯᠴᠢᠭᠡᠷ ᠲᠠᠯ᠎ᠠ ᠳᠤ ᠢᠳᠡᠰᠢᠯᠡᠵᠤ ᠴᠤᠯ ᠪᠠᠶᠢᠭᠠᠯᠢᠯᠢᠭ ᠢᠶᠠᠷ ᠢᠶᠠᠨ ᠪᠠᠶᠢᠢᠭ᠎ᠠ ᠮᠠᠯ ᠤᠳ᠂ ᠬᠠᠰᠢᠶᠠᠯᠠᠭᠠᠤᠨ ᠪᠤᠷᠳᠤᠭ᠎ᠠ ᠲᠡᠵᠢᠬᠡᠭᠰᠡᠨ ᠮᠠᠯ ᠲᠠᠢ ᠬᠡᠷᠭᠢᠨ ᠠᠳᠠᠯᠢᠳᠬᠠᠵᠤ ᠪᠤᠯᠬᠤ ᠪᠤᠢ ᠳ᠋ᠠ᠂ ᠤᠳᠤ ‍ᠶᠢᠢᠨ ᠵᠠᠬ᠎ᠠ ᠲᠡᠯᠭᠡᠭᠦᠷ ᠲᠡᠭᠡᠷ᠎ᠡ ᠬᠤᠳᠠᠯᠳᠤᠭᠠᠨ ᠪᠤᠷᠳᠤᠭ᠎ᠠ ᠢᠳᠡᠭᠰᠡᠨ ᠮᠠᠯ ᠴᠤ ᠬᠡᠰᠡᠨ᠂ ᠪᠡᠯᠴᠢᠭᠡᠷ ᠳᠤ ᠶᠠᠪᠤᠭᠰᠠᠨ ᠮᠠᠯ ᠴᠤ ᠬᠡᠰᠡᠨ ᠮᠢᠬᠠᠨ ᠤ ᠦᠨ᠎ᠡ ᠬᠠᠨᠭ᠍ᠰᠢ ᠨᠢ ᠲᠡᠮᠡᠢ ᠵᠦᠷᠢᠶᠡᠨ ᠦᠬᠡᠢ᠂ ᠲᠡᠭᠡᠬᠦᠯᠡᠷ ᠭᠤᠤᠯᠳᠠᠭᠤ ᠪᠤᠬᠢᠷᠳᠤᠯ ᠦᠭᠡᠢ ᠮᠠᠯ ᠤᠨ ᠠᠰᠢᠭ ᠰᠢᠮ᠎ᠠ ᠶᠢ ᠪᠤᠯᠪᠠᠰᠤᠷᠠᠭᠤᠯᠬᠤ᠂ ᠲᠠᠸᠠᠷᠴᠢᠯᠠᠬᠤ᠂ ᠮᠠᠯᠴᠢᠳ ᠢ ᠬᠠᠪᠰᠤᠷᠤᠨ ᠪᠤᠷᠤᠯᠠᠭᠤᠯᠵᠤ ᠦᠭᠬᠦ ᠲᠠᠯ᠎ᠠ ᠪᠠᠷ ᠬᠦᠭᠵᠢᠬᠦᠯᠦᠶ᠎ᠡ ᠭᠡᠵᠤ ᠪᠤᠳᠤᠵᠤ ᠪᠠᠶᠢᠨ᠎ᠠ᠃      — ᠪᠤᠷᠤᠯᠠᠭᠤᠯᠭ᠎ᠠ ᠶᠢᠨ ᠲᠠᠯ᠎ᠠ ᠪᠠᠷ ᠶᠠᠮᠠᠷ ᠰᠢᠦ ᠪᠠᠶᠢᠨ᠎ᠠ︖      — ᠮᠠᠯᠴᠢᠳ ᠮᠢᠨᠢ ᠠᠵᠢᠯᠴᠢ ᠬᠤᠶᠠᠷ ᠭᠠᠷ᠂ ᠠᠷᠢᠭᠤᠨ ᠴᠠᠭᠠᠨ ᠬᠥᠳᠡᠯᠮᠥᠷᠢ ᠪᠠᠷ ᠢᠶᠠᠨ ᠵᠢᠷᠭᠠᠯᠳᠥ ᠠᠮᠢᠳᠤᠷᠠᠯ ᠢᠶᠠᠨ ᠴᠤᠭᠴᠠᠯᠠᠨ ᠥᠶ᠎ᠡ ᠶᠢᠨ ᠥᠶ᠎ᠡ ᠳᠤ ᠤᠯᠠᠮᠵᠢᠯᠠᠯ ᠢᠶᠠᠨ ᠵᠠᠯᠭᠠᠮᠵᠢᠯᠠᠨ ᠥᠨᠥᠳᠥᠷ ᠲᠤ ᠬᠥᠷᠴᠥ ᠢᠷᠡᠭᠰᠡᠨ ᠪᠢᠯᠡ᠂ ᠡᠶᠢᠮᠦ ᠠᠴᠠ ᠮᠠᠯ ᠠᠵᠤ ᠠᠬᠤᠢ ᠶᠢ ᠬᠦᠭᠵᠢᠬᠦᠯᠬᠦ ᠳᠤ ᠤᠯᠠᠮᠵᠢᠯᠠᠯᠲᠤ ᠲᠤᠷᠰᠢᠯᠭ᠎ᠠ ᠳᠤ ᠲᠦᠰᠢᠭᠯᠡᠬᠦ ᠬᠡᠷᠡᠭᠲᠠᠢ᠂ ᠮᠦᠨ ᠴᠤ ᠰᠢᠨ᠎ᠠ ᠴᠠᠭ ᠦᠶ᠎ᠡ ᠲᠠᠢ ᠨᠡᠶᠢᠴᠡᠬᠦ ᠴᠢᠬᠤᠯᠠ ᠲᠠᠢ ᠪᠠᠶᠢᠨ᠎ᠠ᠂ ᠡᠶᠢᠮᠦ ᠠᠴᠠ ᠪᠤᠷᠤᠯᠠᠭᠤᠯᠭ᠎ᠠ ᠶᠢᠨ ᠲᠠᠯ᠎ᠠ ᠪᠠᠷ ᠵᠠᠪᠠᠯ ᠰᠢᠨᠡᠴᠢᠯᠡᠬᠦ ᠴᠢᠬᠤᠯᠠ ᠲᠠᠢ᠂ ᠪᠢ ᠺᠤᠮᠫᠠᠨᠢ ᠪᠠᠶᠢᠭᠤᠯᠬᠤ ᠦᠶ᠎ᠠ ᠳᠤ ᠪᠠᠨ ︽ᠤᠲᠤᠷ︾ ᠬᠡᠰᠡᠨ ᠲᠠᠸᠠᠷ ᠤᠨ ᠲᠡᠮᠳᠡᠭ ᠢ ᠲᠠᠩᠰᠠᠯᠠᠭᠤᠯᠤᠭᠰᠠᠨ ᠶᠤᠮ᠂ ᠤᠳᠤ ᠲᠤᠤ ᠪᠤᠤ ᠵᠡᠷᠭᠡ ᠰᠦᠯᠵᠢᠶᠡᠨ ᠲᠡᠭᠡᠷ᠎ᠡ ᠲᠡᠯᠭᠡᠭᠦᠷ ᠭᠠᠷᠭᠠᠵᠤ ᠬᠠᠭᠤᠷᠤᠭᠰᠠᠨ ᠠᠮᠤ᠂ ᠰᠢᠷ᠎ᠠ ᠲᠤᠰᠤ᠂ ᠴᠤᠷᠮ᠎ᠠ ᠵᠡᠷᠭᠡ ᠪᠦᠲᠦᠭᠡᠭᠳᠡᠬᠦᠨ ᠢᠶᠠᠨ ᠪᠤᠷᠤᠯᠠᠭᠤᠯᠵᠤ ᠪᠠᠶᠢᠨ᠎ᠠ᠂ ᠲᠡᠭᠡᠷ᠎ᠡ ᠬᠡᠳᠦᠨ ᠡᠳᠦᠷ ᠪᠡᠬᠡᠵᠢᠩ ᠤᠨ ᠨᠢᠭᠡ ᠺᠤᠮᠫᠠᠨᠢ ᠲᠠᠢ 5000 ᠵᠢᠩ ᠤᠨ ᠬᠤᠨᠢᠨ ᠮᠢᠬ᠎ᠠ ᠶᠢ ᠪᠤᠭᠤᠳᠠᠯᠯᠠᠵᠤ ᠬᠠᠨᠭ᠍ᠭᠠᠬᠤ ᠬᠡᠷ᠎ᠡ ᠲᠤᠭᠳᠠᠭᠰᠠᠨ ᠶᠤᠮ᠂ ᠪᠢ ᠭᠤᠤᠯᠳᠠᠭᠤ ᠬᠤᠷᠰᠢᠶᠠᠵᠢᠯ ᠤᠨ ᠢᠶᠠᠨ ᠬᠦᠮᠦᠰ ᠤᠨ ᠬᠤᠨᠢ ᠮᠠᠯ ᠪᠤᠶᠤ ᠮᠠᠯᠴᠢᠳ ᠢᠶᠠᠷ ᠪᠦᠷᠢᠯᠳᠦᠭᠰᠡᠨ ᠵᠢᠷᠬᠢᠶ᠎ᠡ ᠶᠢᠨ ᠴᠤᠭᠯᠠᠷᠠᠯ ᠢᠶᠠᠷ ᠲᠠᠮᠵᠢᠵᠤ ᠮᠠᠯᠴᠢᠳ ᠤᠨ ᠬᠤᠨᠢ ᠮᠠᠯ ᠢ ᠨᠢ ᠪᠤᠷᠤᠯᠠᠭᠤᠯᠵᠤ ᠦᠭᠳᠡᠭ᠃      ᠶᠠᠷᠢᠶ᠎ᠠ ᠬᠦᠬᠡᠷᠦᠭᠡ ᠪᠠᠨ ᠲᠡᠯᠭᠡᠵᠤ ᠠᠳᠠᠯ᠎ᠠ ᠤᠳᠠᠯ ᠦᠭᠡᠢ ᠬᠤᠨᠢ ᠲᠡᠵᠢᠬᠡᠬᠦ ᠴᠠᠭ ᠪᠤᠯᠤᠭᠰᠠᠨ ᠲᠤᠯᠠ ᠪᠢᠳᠡ ᠭᠡᠷ ᠤᠨ ᠡᠵᠡᠨ ᠢ ᠳᠠᠭᠠᠭᠠᠳ ᠭᠠᠷᠤᠯ᠎ᠠ᠃ ᠡᠵᠡᠨ ᠢᠶᠠᠨ ᠦᠵᠡᠭᠰᠡᠨ ᠬᠤᠨᠢᠳ ᠡᠪᠡᠰᠦ ᠪᠤᠷᠳᠤᠭ᠎ᠠ ᠦᠭᠬᠦ ᠶᠢ ᠠᠨᠢᠷᠯᠠᠵᠤ ᠮᠡᠳᠡᠭᠡᠳ ᠤᠡᠭᠭᠤᠴᠠ ᠤᠷᠤᠭᠤ ᠰᠢᠬᠠᠯᠳᠤᠵᠤ᠂ ᠰᠦᠨ ᠳᠡᠭᠡᠨ ᠴᠠᠳᠤᠭᠰᠠᠨ ᠬᠦᠬᠡᠷᠦᠬᠦᠨ ᠨᠢᠯᠬ᠎ᠠ ᠬᠤᠷᠠᠭᠠᠳ ᠬᠠᠷᠢᠨ ᠡᠪᠡᠰᠦ ᠶᠠᠭᠤ ᠬᠡᠳᠡᠭ ᠢ ᠮᠡᠳᠡᠬᠦ ᠦᠭᠡᠢ ᠰᠢᠭ ᠨᠠᠷᠠᠨ ᠤ ᠡᠭᠡᠪᠦᠷ ᠲᠤ ᠲᠤᠭᠯᠠᠯᠲᠤᠨ ᠬᠦᠶᠦᠵᠤ ᠬᠦᠮᠦᠨ ᠤ ᠬᠠᠶᠢᠷ᠎ᠠ ᠶᠢ ᠠᠷᠭ᠎ᠠ ᠦᠭᠡᠢ ᠪᠤᠯᠢᠶᠠᠨ᠎ᠠ᠃ ᠤᠳᠬᠠᠨᠳᠠᠯᠢ ᠬᠤᠨᠢᠨ ᠬᠦᠷᠢᠶᠡᠨ ᠳᠤ ᠪᠠᠨ ᠬᠦᠷᠴᠦ ᠬᠤᠨᠢ ᠪᠠᠨ ᠡᠷᠳᠡᠨᠢ ᠰᠢᠰᠢ ᠪᠠᠷ ᠪᠤᠷᠳᠤᠭᠠᠳ ᠭᠤᠷᠪᠠᠨ ᠬᠦᠷᠲᠦᠲᠤ ᠮᠤᠲ᠋ᠤᠷ ᠲᠡᠷᠭᠡᠨ ᠳᠤ ᠪᠠᠨ ᠬᠠᠭᠤᠷᠠᠢ ᠡᠪᠡᠰᠦ ᠪᠠᠨ ᠰᠠᠪᠠᠯᠠᠭᠠᠳ ᠲᠠᠬᠢᠨ ᠬᠤᠨᠢᠳ ᠢᠶᠠᠨ ᠡᠪᠡᠰᠦᠯᠡᠵᠤ᠂ ᠨᠤᠭᠤᠭᠠᠨ ᠪᠤᠷᠳᠤᠭ᠎ᠠ ᠪᠠᠷ ᠦᠭᠡᠷ ᠪᠠᠨ ᠲᠡᠵᠢᠬᠡᠵᠤ ᠂  ᠤᠩᠭᠤᠴᠠᠨ ᠳᠤ ᠪᠠᠨ ᠤᠰᠤ ᠬᠢᠨ᠂ ᠲᠠᠬᠢᠨ ᠮᠠᠯ ᠢᠶᠠᠨ ᠪᠡᠯᠴᠢᠭᠡᠷ ᠲᠤ ᠭᠠᠷᠭᠠᠬᠤ ᠁ ᠵᠡᠷᠭᠡ ᠡᠳᠦᠷ ᠤᠨ ᠠᠵᠢᠯ ᠢᠶᠠᠨ ᠵᠤᠷᠰᠢᠯ ᠶᠤᠰᠤᠭᠠᠷ ᠬᠢᠵᠤ ᠭᠠᠷᠤᠯ᠎ᠠ᠃      ᠤᠳᠬᠠᠨᠳᠠᠯᠠᠢ 2007 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠤᠯᠢ ᠴᠠᠭᠠᠵᠠ ᠶᠢᠨ ᠰᠠᠯᠪᠤᠷᠢ ᠠᠴᠠ ᠲᠡᠬᠦᠰᠦᠭᠡᠳ ᠬᠦᠳᠡᠭᠡ ᠨᠤᠲᠤᠭ ᠲᠤ ᠪᠠᠨ ᠢᠷᠡᠵᠤ᠂ ᠮᠠᠯᠵᠢᠬᠤ ᠦᠢᠯᠡᠳᠪᠦᠷᠢᠯᠡᠯ  ᠢᠶᠠᠨ ᠵᠠᠯᠭᠠᠮᠵᠢᠯᠠᠨ ᠬᠦᠭᠵᠢᠬᠦᠯᠵᠤ ᠡᠬᠢᠯᠡᠵᠠᠢ᠃ ᠠᠩᠬ᠎ᠠ ᠬᠡᠷ ᠤᠨ ᠠᠮᠢᠳᠤᠷᠠᠯ ᠲᠡᠶᠢᠮᠦ ᠰᠠᠶᠢᠨ ᠪᠠᠶᠢᠭ᠎ᠠ ᠦᠭᠡᠢ᠂ ᠬᠠᠮᠤᠭ ᠠᠩᠬ᠎ᠠ ᠭᠡᠷ ᠢᠶᠠᠨ ᠡᠯᠵᠢᠭᠡᠨ ᠬᠠᠰᠠᠭ ᠢᠶᠠᠷ ᠲᠤᠭᠤᠰᠬ᠎ᠠ ᠵᠦᠭᠡᠭᠡᠵᠤ ᠪᠠᠷᠢᠭᠰᠠᠨ ᠭᠡᠵᠤ ᠬᠡᠯᠡᠵᠤ ᠪᠠᠶᠢᠯ᠎ᠠ᠃ ᠤᠳᠤ ᠦᠵᠡᠬᠦ ᠳᠤ ᠬᠡᠷ ᠬᠤᠷᠤᠭ᠎ᠠ ᠨᠢ ᠨᠡᠶᠢᠢᠲᠡ ᠪᠠᠷᠤᠭ ᠬᠡᠳᠦᠨ ᠮᠢᠩᠭᠠᠨ ᠲᠡᠭᠰᠢ ᠲᠦᠷᠪᠡᠯᠵᠢᠨ ᠮᠧᠲᠷ ᠬᠦᠷᠴᠠᠢ᠃ ᠬᠡᠷᠬᠡᠢ ᠰᠡᠴᠡᠨᠭᠤᠸ᠎ᠠ ᠨᠢ ᠯᠢᠶᠤᠤᠨᠢᠩ ᠤᠨ ᠠᠵᠤ ᠦᠢᠯᠡᠳᠪᠤᠷᠢ ᠶᠢᠨ ᠶᠡᠭᠡ ᠰᠤᠷᠭᠠᠭᠤᠯᠢ ᠠᠴᠠ ᠲᠡᠬᠦᠰᠴᠤ᠂ ᠤᠤᠯ ᠨᠢ ᠪᠡᠬᠡᠵᠢᠩ ᠬᠤᠲᠠ ᠳᠤ ᠵᠢᠷᠤᠭ ᠲᠦᠰᠦᠪᠯᠡᠭᠡ ᠶᠢᠨ ᠠᠵᠢᠯ ᠲᠠᠢ ᠶᠠᠪᠤᠭ᠎ᠠ ᠪᠠᠶᠢᠵᠠᠢ᠃ ᠤᠳᠤ ᠰᠦᠯᠵᠢᠶᠡᠨ ᠲᠡᠯᠭᠡᠬᠦᠷ ᠲᠡᠭᠡᠷ᠎ᠡ ᠪᠠᠨ ᠪᠦᠲᠦᠭᠡᠭᠳᠡᠬᠦᠨ ᠤ ᠪᠠᠨ ᠬᠡᠷᠡᠯ ᠵᠢᠷᠤᠭ ᠢ ᠦᠪᠡᠷᠳᠡᠭᠡᠨ ᠰᠠᠶᠢᠬᠠᠨ ᠴᠢᠮᠡᠵᠤ ᠲᠦᠰᠦᠪᠯᠡᠵᠤ ᠬᠤᠳᠠᠯᠳᠤᠵᠤ ᠪᠠᠶᠢᠢᠭ᠎ᠠ᠃      ᠬᠦᠮᠦᠨ ᠪᠦᠬᠦᠨ ᠬᠦᠰᠡᠯ ᠵᠤᠷᠢᠯᠲᠠ ᠲᠠᠢ ᠪᠠᠶᠢᠳᠠᠭ ᠪᠦᠭᠡᠳ ᠬᠦᠰᠡᠯ ᠵᠤᠷᠢᠯᠲᠠ ᠶᠢᠨ ᠢᠶᠠᠨ ᠲᠦᠯᠦᠭᠡ ᠴᠢᠷᠮᠠᠶᠢᠨ ᠲᠡᠮᠡᠴᠡᠳᠡᠭ ᠤᠴᠢᠷᠲᠠᠢ᠃ ᠬᠦᠳᠡᠭᠡ ᠨᠤᠲᠤᠭ ᠢᠶᠠᠨ ᠪᠦᠲᠦᠭᠡᠨ ᠪᠠᠶᠢᠭᠤᠯᠤᠶ᠎ᠠ᠂ ᠬᠦᠭᠵᠢᠬᠦᠯᠦᠶ᠎ᠠ᠂ ᠤᠯᠠᠮᠵᠢᠯᠠᠶ᠎ᠠ ᠬᠡᠰᠡᠨ ᠵᠤᠷᠢᠯᠲᠠ ᠲᠠᠢ ᠤᠳᠬᠠᠨᠳᠠᠯᠠᠢ ᠪᠤᠯ ᠬᠠᠷᠠᠬᠠᠨ ᠪᠠᠭ᠎ᠠ ᠠᠴᠠ ᠪᠠᠨ ᠨᠤᠲᠤᠭ ᠤᠰᠤ ᠳᠤ ᠪᠠᠨ ᠬᠢᠵᠠᠭᠠᠷ ᠦᠭᠡᠢ ᠬᠠᠶᠢᠷᠠᠲᠠᠢ ᠬᠦᠮᠦᠨ ᠪᠠᠶᠢᠯ᠎ᠠ᠃ ᠲᠡᠭᠡᠬᠦ ᠪᠠᠷ   ᠢᠶᠠᠨ ᠰᠤᠷᠭᠠᠭᠤᠯᠢ ᠳᠤ ᠪᠠᠶᠢᠬᠤ ᠳᠤ ᠪᠠᠨ ︽ᠪᠢ ᠲᠠᠯ᠎ᠠ ᠨᠤᠲᠤᠭ ᠲᠤ ᠪᠠᠨ ᠬᠠᠶᠢᠷᠠᠲᠠᠢ︾ ᠬᠡᠬᠦ ᠨᠤᠮ ᠢᠶᠠᠨ ᠬᠡᠪᠯᠡᠬᠦᠯᠦᠭᠰᠡᠨ ᠪᠠᠶᠢᠵᠠᠢ᠃ ᠶᠡᠭᠡ ᠰᠤᠷᠭᠠᠭᠤᠯᠢ ᠪᠠᠨ ᠲᠡᠭᠦᠰᠬᠡᠭᠡᠳ ᠬᠦᠳᠡᠭᠡ ᠨᠤᠲᠤᠭ ᠢᠶᠠᠨ ᠰᠠᠬᠢᠵᠤ᠂ ᠬᠦᠳᠡᠭᠡ ᠨᠤᠲᠤᠭ ᠲᠤ ᠪᠠᠨ ᠬᠢᠯᠠᠷᠠᠭᠤᠯᠵᠤ᠂ ᠮᠠᠯᠴᠢᠳ ᠲᠦᠮᠡᠨ  ᠢᠶᠠᠨ ᠲᠠᠭᠠᠭᠤᠯᠤᠨ ᠪᠠᠶᠠᠵᠢᠭᠤᠯᠬᠤ ᠵᠤᠷᠢᠯᠳᠠ ᠲᠠᠢ ᠶᠠᠪᠤᠭ᠎ᠠ ᠤᠳᠬᠠᠨᠳᠠᠯᠠᠢ ᠰᠡᠴᠡᠨᠭᠤᠸ᠎ᠠ ᠠᠴᠠ ᠮᠠᠨ ᠤ ᠵᠠᠯᠠᠭᠤᠴᠤᠳ ᠪᠦᠬᠦᠨ ᠲᠠᠭᠠᠨ ᠰᠤᠷᠤᠯᠴᠠᠭᠤᠰᠢᠲᠠᠢ ᠪᠠᠶᠢᠨ᠎ᠠ᠃
 
ᠢᠷᠡᠯᠲᠡ᠄ ︽ᠨᠤᠮᠢᠨ ᠲᠠᠩᠰᠤᠭ ᠦᠤᠰᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号