ᠠᠯᠲᠠ ᠬᠡᠲᠤᠢ ᠦᠨᠡᠲᠠᠢ ᠪᠤᠯᠪᠠᠴᠤ ᠨᠤᠲᠤᠭ ᠤᠨ ᠰᠢᠷᠤᠢ ᠠᠴᠠ ᠤᠨᠳᠤᠷᠤᠨᠠᠮ
ᠨᠡᠶᠢᠲᠡᠯᠡᠭᠰᠡᠨ ᠴᠠᠭ᠄
2018-04-19
     ᠵᠤᠨ ᠤ ᠵᠢᠷᠭᠤᠭᠠᠨ ᠰᠠᠷ᠎ᠠ ᠶᠢᠨ ᠬᠦᠳᠡᠭᠡ ᠨᠤᠲᠤᠭ ᠭᠡᠭᠴᠢ ᠶᠠᠭ ᠯᠠ ᠵᠢᠷᠤᠭ ᠮᠡᠲᠤ᠃ ᠪᠢᠳᠠ ᠦᠤᠰᠢᠨᠵᠤᠤ ᠪᠠᠯᠭᠠᠰᠤᠨ ᠤ ᠪᠦᠷᠢᠲᠤ ᠭᠠᠴᠠᠭᠠᠨ ᠳᠤ ᠬᠦᠷᠬᠦ ᠳᠤ ᠮᠠᠩᠬᠠᠨ ᠳᠤᠮᠳᠠᠭᠤᠷ ᠰᠢᠪᠠᠭ ᠬᠠᠷᠭᠠᠨ᠎ᠠ ᠭᠠᠵᠠᠷ ᠰᠠᠢ ᠦᠭᠡᠢ ᠤᠷᠭᠤᠵᠤ᠂ ᠤᠳᠠ ᠪᠤᠷᠭᠠᠰᠤ ᠰᠠᠯᠬᠢᠨ ᠤ ᠠᠶ᠎ᠠ ᠪᠠᠷ ᠭᠠᠩᠬᠤᠨ᠂ ᠬᠠᠶᠠ ᠬᠠᠷᠠᠭᠳᠠᠬᠤ ᠬᠦᠯᠢᠭᠡᠷ ᠴᠠᠭᠠᠨ ᠮᠠᠩᠬᠠᠨ ᠤ ᠡᠩᠭᠡᠷ ᠲᠤ ᠤᠰᠤ ᠲᠤᠭᠲᠠᠨ᠂ ᠬᠠᠷᠠᠬᠰᠠᠨ ᠪᠦᠬᠦᠨ ᠤ ᠪᠠᠭ᠋ᠠᠷᠬᠠᠯ ᠢ ᠠᠷᠭ᠎ᠠ ᠦᠭᠡᠢ ᠲᠠᠳᠠᠨ᠎ᠠ᠃ ᠪᠢᠳᠠᠨ ᠤ ᠤᠴᠢᠭᠰᠠᠨ ᠠᠶᠢᠯ ᠤᠨ ᠡᠵᠡᠨ ᠢ ᠵᠢᠷᠭᠠᠯᠲᠤ ᠭᠡᠳᠡᠭ᠂ ᠪᠦᠷᠢᠲᠤ ᠭᠠᠴᠠᠭᠠᠨ ᠤ ᠴᠠᠭᠠᠨᠲᠤᠯᠤᠭᠠᠢ ᠮᠠᠯᠵᠢᠯ ᠤᠨ ᠬᠤᠷᠰᠢᠶᠠᠨ ᠤ ᠪᠠᠶᠢᠰᠢᠩ ᠤᠨ ᠬᠤᠭᠤᠯᠠᠢ ᠬᠡᠮᠡᠬᠦ ᠭᠠᠵᠠᠷ ᠤᠨ ᠮᠠᠯᠴᠢᠨ᠂ ᠲᠡᠳᠡᠨᠠᠶᠢᠬᠢᠨ ᠤᠳᠤᠭ ᠬᠤᠰᠢᠭᠤᠨ ᠤ ᠰᠠᠪ ᠲᠠᠢ ᠤᠶᠢᠷᠠᠬᠠᠨ ᠪᠦᠭᠡᠳ ᠪᠠᠷᠠᠭᠤᠨᠰᠢ ᠪᠠᠨ ᠭᠠᠯᠠᠭᠤᠲᠤ ᠪᠠᠯᠭᠠᠰᠤᠨ ᠤ ᠪᠠᠭᠠᠴᠠᠶᠢᠳᠠᠮ ᠮᠠᠯᠵᠢᠯ ᠤᠨ ᠬᠤᠷᠰᠢᠶ᠎ᠠ ᠲᠠᠢ ᠰᠠᠪ ᠨᠡᠶᠢᠯᠡᠵᠤ ᠪᠠᠶᠢᠳᠠᠭ᠃ ᠵᠢᠷᠭᠠᠯᠲᠤ ᠶᠢᠨ ᠬᠢᠨ ᠭᠡᠵᠤ ᠪᠡᠯᠴᠢᠭᠡᠷ ᠤᠨ ᠢᠶᠠᠨ ᠪᠠᠷᠠᠭᠤᠨ ᠬᠤᠶᠢᠲᠤ ᠵᠠᠬ᠎ᠠ ᠳᠤ ᠰᠠᠭᠤᠷᠢᠰᠢᠭᠰᠠᠨ ᠠᠶᠢᠯ ᠪᠠᠶᠢᠯ᠎ᠠ᠃ ᠮᠠᠯ ᠤᠨ ᠪᠡᠯᠴᠢᠭᠡᠷ ᠨᠢ ᠭᠡᠷ ᠠᠴᠠ ᠪᠠᠨ ᠵᠡᠬᠦᠨ ᠡᠮᠦᠨᠡᠰᠢ ᠪᠠᠨ ᠦᠵᠦᠬᠦᠷ ᠨᠢ ᠦᠵᠡᠭᠳᠡᠬᠦ ᠦᠭᠡᠢ ᠨᠤᠭᠤᠭᠠᠷᠠᠨ ᠦᠷᠬᠦᠯᠵᠢᠯᠡᠵᠤ᠂ ᠪᠠᠷᠤᠭ ᠭᠤᠴᠢ ᠭᠠᠷᠤᠢ ᠭᠠᠵᠠᠷ ᠤᠨ ᠬᠤᠯᠠ ᠬᠦᠷᠳᠡᠭ᠃ ᠲᠡᠷᠡ ᠭᠤᠴᠢ ᠭᠠᠷᠤᠢ ᠵᠢᠯ ᠤᠨ ᠲᠤᠷᠰᠢ ᠪᠦᠰᠡᠬᠦᠢ ᠲᠠᠢ ᠪᠠᠨ ᠬᠤᠶᠠᠭᠤᠯᠠ ᠠᠵᠢᠯᠴᠢ ᠬᠤᠶᠠᠷ ᠭᠠᠷ ᠢᠶᠠᠷ  ᠢᠶᠠᠨ ᠲᠦᠮᠡ ᠭᠠᠷᠤᠢ ᠮᠦ ᠶᠢᠨ ᠡᠯᠡᠰᠦ ᠮᠠᠩᠬ᠎ᠠ ᠶᠢ ᠨᠤᠭᠤᠭᠠᠷᠠᠭᠤᠯᠵᠤ᠂ ᠠᠮᠢ ᠠᠬᠤᠢ ᠪᠠᠨ ᠰᠡᠷᠬᠦᠭᠡᠨ᠂ ᠬᠦᠷᠦᠰᠦ ᠰᠢᠷᠤᠢ ᠪᠠᠨ ᠰᠠᠶᠢᠵᠢᠷᠠᠭᠤᠯᠵᠤ᠂ ᠨᠤᠲᠤᠭ ᠤᠰᠤᠨ ᠳᠤ ᠪᠠᠨ ᠡᠵᠡᠨ ᠨᠢ ᠪᠤᠯᠵᠤ᠂ ᠨᠤᠮᠢᠨ ᠲᠠᠩᠰᠤᠭ ᠦᠤᠰᠢᠨ ᠤ ᠪᠦᠲᠦᠭᠡᠨ ᠪᠠᠶᠢᠭᠤᠯᠤᠯᠲᠠ ᠳᠤ ᠬᠤᠪᠢ ᠨᠡᠮᠡᠷᠢ ᠪᠠᠨ ᠦᠵᠡᠬᠦᠯᠦᠭᠰᠡᠷ ᠢᠷᠡᠪᠡ᠃
                 ᠠᠮᠢᠳᠤᠷᠠᠯ ᠠᠴᠠ ᠬᠦᠪᠴᠢᠯᠡᠭᠳᠡᠭᠰᠡᠨ ᠬᠠᠳᠠᠨ ᠵᠤᠷᠢᠭ      ᠵᠢᠷᠭᠠᠯᠲᠤ ᠪᠤᠯ ᠠᠶᠢᠯ ᠤᠨ ᠭᠠᠭᠴᠠ ᠬᠦᠦ᠂ ᠬᠠᠷᠠᠬᠠᠨ ᠪᠠᠭ᠎ᠠ ᠠᠴᠠ ᠪᠠᠨ ᠠᠪᠤ ᠡᠵᠢ ᠨᠢ ᠠᠯᠠᠭᠠᠨ ᠳᠤ ᠪᠠᠨ ᠲᠠᠯᠪᠢᠪᠠᠯ ᠪᠦᠮᠪᠦᠷᠢᠬᠦᠯᠦᠮᠡᠷ ᠠᠮᠠᠨ ᠳᠤ ᠪᠠᠨ ᠬᠢᠪᠠᠯ ᠬᠠᠶᠢᠢᠯᠤᠴᠢᠬᠠᠮᠠᠷ ᠬᠠᠶᠢᠷᠠᠯᠠᠵᠤ᠂ ᠠᠶᠢᠯ ᠤᠨ ᠬᠡᠤᠭᠡᠳ ᠰᠢᠬᠢᠷ ᠦᠵᠡᠭᠡᠳᠦᠢ ᠪᠠᠶᠢᠬᠤ ᠳᠤ ᠲᠡᠷᠡ ᠬᠠᠷᠢᠨ ᠠᠳᠬᠤ ᠠᠳᠬᠤ ᠪᠠᠷ ᠢᠳᠡᠴᠢᠭᠡᠭᠰᠡᠨ ᠡᠷᠬᠡ ᠲᠠᠩᠭᠢ ᠦᠰᠦᠭᠰᠡᠨ ᠬᠡᠤᠭᠡᠳ ᠪᠠᠶᠢᠢᠵᠠᠢ᠃ ᠪᠠᠭ᠎ᠠ ᠰᠤᠷᠭᠠᠭᠤᠯᠢ   ᠶᠢᠨ ᠨᠢᠭᠡᠳᠦᠭᠡᠷ ᠤᠨ ᠳᠤ ᠪᠠᠶᠢᠬᠤ ᠳᠤ ᠪᠠᠨ ᠰᠤᠷᠤᠯᠭ᠎ᠠ ᠨᠢ ᠤᠨᠴᠠ ᠰᠠᠶᠢᠨ ᠠᠴᠠ ᠪᠤᠯᠵᠤ ᠨᠢᠭᠡᠳᠦᠭᠡᠷ ᠤᠨ ᠠᠴᠠ ᠪᠠᠨ ᠭᠤᠷᠪᠠᠳᠤᠭᠠᠷ ᠤᠨ ᠳᠤ ᠰᠢᠭᠤᠳ ᠦᠰᠦᠷᠦᠨ ᠤᠷᠤᠭᠠᠳ᠂ ᠡᠬᠢᠨ ᠳᠤ ᠪᠠᠨ ᠵᠢᠭᠠᠬᠠᠨ ᠬᠦᠴᠢᠷᠳᠡᠬᠦ ᠳᠤ ᠠᠪᠤ ᠡᠵᠢ ᠨᠢ ᠬᠠᠯᠠ ᠠᠮᠰᠠᠬᠤ ᠠᠴᠠ ᠪᠠᠨ ᠵᠤᠪᠠᠭᠠᠳ ᠰᠤᠷᠭᠠᠭᠤᠯᠢ ᠠᠴᠠ ᠪᠠᠨ ᠭᠠᠷᠭᠠᠵᠤ ᠠᠪᠤᠭᠰᠠᠨ ᠪᠠᠶᠢᠵᠠᠢ᠃ ᠲᠡᠭᠡᠭᠡᠳ 1982 ᠤᠨ ᠳᠤ ᠮᠠᠯ ᠪᠡᠯᠴᠢᠭᠡᠷ ᠢ ᠡᠷᠦᠬᠡ ᠳᠤ ᠲᠠᠭᠠᠭᠠᠴᠢᠯᠠᠭᠤᠯᠬᠤ ᠵᠢᠯ ᠵᠠᠶᠠᠭᠠᠨ ᠤ ᠠᠮᠠᠷᠠᠭ ᠲᠠᠢ ᠪᠠᠨ ᠵᠤᠯᠭᠠᠨ᠎ᠠ ᠬᠡᠭᠴᠢ ᠵᠠᠯᠠᠭᠤ ᠬᠦᠮᠦᠨ ᠤ ᠲᠠᠪᠢᠯᠠᠩ ᠭᠡᠳᠡᠭ ᠢᠶᠠᠷ ᠨᠤᠲᠤᠭ ᠤᠨ ᠬᠡᠤᠭᠡᠨ ᠤᠳᠬᠠᠨᠭᠡᠷᠡᠯ ᠲᠠᠢ ᠬᠡᠷ ᠪᠤᠯᠵᠤ᠂ ᠡᠨᠡ ᠨᠤᠲᠤᠭ ᠲᠡᠭᠡᠷ᠎ᠡ ᠰᠠᠭᠤᠭᠠᠳ ᠤᠳᠤ ᠨᠢᠭᠡᠨᠲᠠᠢ ᠭᠤᠴᠢᠨ ᠲᠠᠪᠤᠨ ᠵᠢᠯ ᠤᠨ ᠨᠢᠭᠤᠷ ᠢ ᠦᠵᠡᠭᠰᠡᠨ ᠪᠠᠶᠢᠨ᠎ᠠ᠃ ᠠᠩᠬ᠎ᠠ ᠢᠷᠡᠵᠤ ᠰᠠᠭᠤᠬᠤ ᠳᠤ ᠡᠨᠡ ᠭᠠᠵᠠᠷ ᠤᠨ ᠵᠡᠬᠦᠨ ᠪᠠᠷᠠᠭᠤᠨ ᠬᠤᠶᠢᠲᠤ ᠭᠤᠷᠪᠠᠨ ᠲᠠᠯ᠎ᠠ ᠨᠢ ᠨᠢᠴᠦᠬᠦᠨ ᠰᠢᠷ᠎ᠠ ᠨᠤᠷ᠎ᠡ ᠡᠯᠡᠰᠦᠨ ᠳᠤ ᠬᠦᠷᠢᠶᠡᠯᠡᠭᠳᠡᠵᠤ ᠂ ᠡᠮᠦᠨ᠎ᠡ ᠲᠠᠯ᠎ᠠ ᠳᠤ ᠪᠠᠨ ᠨᠠᠷᠢᠬᠠᠨ ᠵᠢᠭᠠᠬᠠᠨ ᠴᠠᠶᠢᠢᠳᠠᠮ ᠲᠠᠢ ᠪᠠᠶᠢᠢᠵᠠᠢ᠃ ᠲᠡᠳᠡᠨᠡᠶᠢᠬᠢᠨ ᠤ ᠲᠠᠭᠠᠭᠠᠴᠢᠯᠠᠨ ᠠᠪᠤᠭᠰᠠᠨ 12000 ᠭᠠᠷᠤᠢ ᠮᠦ ᠪᠡᠯᠴᠢᠭᠡᠷ ᠨᠤᠲᠤᠭ ᠠᠴᠠ ᠭᠤᠷᠪᠠᠳᠤᠭᠠᠷ ᠲᠡᠰ ᠤᠨ ᠡᠪᠡᠰᠦ ᠤᠷᠭᠤᠮᠠᠯ ᠲᠠᠢ ᠭᠠᠵᠠᠷ ᠨᠢ ᠰᠠᠶ᠋ᠢ ᠲᠤᠯᠤᠭᠠᠨ ᠵᠠᠭᠤᠬᠠᠨ ᠮᠦ ᠪᠠᠶᠢᠵᠤ᠂ ᠪᠤᠰᠤᠳ ᠨᠢ ᠴᠦᠮ ᠡᠯᠡᠰᠦ ᠮᠠᠩᠬ᠎ᠠ ᠪᠠᠶᠢᠪᠠ᠃
     ᠠᠪᠤ ᠡᠵᠢ ᠶᠢᠨ ᠬᠠᠶᠢᠷ᠎ᠠ ᠳᠤ ᠬᠠᠯᠠ ᠠᠮᠰᠠᠵᠤ ᠦᠵᠡᠭᠡ ᠦᠬᠡᠢ ᠦᠰᠦᠭᠰᠡᠨ ᠵᠢᠷᠭᠠᠯᠲᠤ ᠦᠪᠡᠷ ᠤᠨ ᠠᠮᠢᠳᠤᠷᠠᠯ ᠦᠢᠯᠡᠰ ᠢᠶᠠᠨ ᠴᠤᠭᠴᠠᠯᠠᠬᠤ ᠶᠢᠨ ᠭᠠᠷᠤᠭ᠎ᠠ ᠳᠤ ᠡᠶᠢᠮᠦ ᠶᠡᠭᠡ ᠡᠯᠡᠰᠦ ᠲᠠᠢ ᠲᠡᠮᠡᠴᠡᠨ᠎ᠡ ᠬᠡᠵᠤ ᠵᠡᠬᠦᠳᠦᠯᠡᠵᠤ ᠴᠤ ᠦᠡᠭᠭᠡᠷᠡᠭᠡ ᠦᠭᠡᠢ ᠪᠠᠶᠢᠵᠠᠢ᠃ ᠠᠩᠬ᠎ᠠ ᠡᠬᠢᠨ ᠳᠤ ᠪᠠᠨ ᠬᠤᠷᠢᠭᠠᠳ ᠬᠤᠨᠢ ᠲᠠᠢ ᠪᠠᠶᠢᠭᠰᠠᠨ ᠴᠤ ᠬᠠᠮᠠᠷ ᠬᠠᠳᠬᠤᠬᠤ ᠡᠪᠡᠰᠦ ᠦᠭᠡᠢ ᠡᠨᠡ ᠶᠡᠭᠡ ᠡᠯᠡᠰᠦᠨ ᠴᠦᠯ ᠳᠤ ᠮᠠᠯ ᠮᠠᠯᠵᠢᠬᠤ ᠬᠡᠳᠡᠭ ᠨᠢ ᠶᠤᠰᠤᠲᠠᠢ ᠨᠢᠭᠡ ᠲᠠᠮᠤ ᠪᠠᠶᠢᠪᠠ᠂ ᠰᠠᠯᠬᠢ ᠲᠡᠭᠳᠡᠮᠡᠭᠴᠡ ᠡᠯᠡᠰᠦᠨ ᠰᠢᠭᠤᠷᠭ᠎ᠠ ᠲᠡᠭᠷᠢ ᠭᠠᠵᠠᠷ ᠢ ᠪᠦᠷᠬᠦᠮ᠎ᠠ ᠨᠦᠷᠢᠨ ᠢᠷᠡᠵᠤ᠂ ᠬᠡᠲᠤᠨ ᠮᠠᠯ ᠨᠢ ᠮᠠᠩᠬᠠᠨ ᠳᠤ ᠪᠤᠯᠠᠭᠳᠠᠭᠠᠳ ᠪᠤᠰᠴᠤ ᠴᠢᠳᠠᠬᠤ ᠦᠭᠡᠢ ᠪᠤᠯᠳᠠᠭ ᠬᠡᠨ᠎ᠡ᠂ ᠲᠡᠭᠡᠭᠡᠳ ᠡᠳᠦᠷ ᠪᠦᠷᠢ ᠮᠠᠯ ᠤᠨ  ᠢᠶᠠᠨ ᠰᠢᠷᠤᠢ ᠶᠢ ᠬᠦᠪᠢᠨ᠎ᠠ᠂ ᠨᠢᠭᠡ ᠰᠠᠯᠬᠢᠯᠠᠪᠠᠯ ᠮᠠᠯ ᠤᠨ ᠬᠦᠷᠢᠶ᠎ᠠ ᠬᠠᠰᠢᠶ᠎ᠠ ᠪᠤᠯᠤᠨ ᠰᠠᠭᠤᠳᠠᠭ ᠭᠡᠷ ᠨᠢ ᠪᠤᠯᠠᠭᠳᠠᠭᠠᠳ ᠵᠠᠷᠢᠮ ᠳᠤ ᠪᠠᠨ ᠡᠬᠦᠳᠡ ᠪᠠᠷ ᠢᠶᠠᠨ ᠴᠤ ᠭᠠᠷᠴᠤ ᠲᠡᠶᠢᠯᠬᠦ ᠦᠭᠡᠢ ᠪᠤᠯᠵᠤ᠂ ᠦᠨᠵᠢᠭᠡᠳ ᠬᠤᠨᠤᠭᠠᠳ ᠰᠢᠷᠤᠢ ᠮᠠᠯᠳᠠᠬᠤ ᠪᠤᠯᠪᠠ ᠁ ᠢᠡᠭᠭᠢᠵᠤ ᠬᠡᠲᠤᠨ ᠮᠠᠯ ᠢᠶᠠᠨ ᠦᠰᠬᠡᠨ ᠠᠮᠢᠳᠤᠷᠠᠯ ᠢᠶᠠᠨ ᠠᠷᠭᠠᠴᠠᠭᠠᠳ ᠡᠳᠦᠷ ᠦᠡᠭᠭᠡᠷᠡᠭᠡᠬᠦ ᠨᠢ ᠲᠠᠩᠴᠢ ᠦᠢᠯᠡ ᠲᠠᠮᠤ ᠲᠠᠢ ᠪᠦᠭᠡᠳ ᠵᠤᠭᠤᠰ ᠮᠦᠡᠭᠭᠦ ᠪᠠᠷ ᠲᠤᠳᠠᠭᠠᠳ ᠬᠡᠴᠡᠭᠦᠦ ᠪᠤᠯᠬᠤ ᠳᠤ ᠵᠢᠷᠭᠠᠯᠲᠤ ᠡᠷᠭᠡ ᠲᠠᠩᠭᠢ ᠦᠰᠦᠭᠰᠡᠨ   ᠢᠶᠠᠨ ᠮᠠᠷᠳᠠᠵᠤ ᠶᠠᠳᠠᠷᠠᠵᠤ ᠦᠬᠦᠭᠰᠡᠨ ᠴᠤ ᠡᠯᠡᠰᠦᠨ ᠳᠤ ᠲᠠᠷᠤᠯᠠᠭᠳᠠᠵᠤ ᠦᠬᠦᠬᠦ ᠦᠭᠡᠢ ᠭᠡᠵᠤ ᠵᠤᠷᠢᠭ ᠰᠢᠭᠤᠳᠤᠨ᠂ ᠡᠯᠡᠰᠦ ᠲᠠᠢ ᠲᠡᠮᠡᠴᠡᠵᠤ ᠡᠬᠢᠯᠡᠭᠰᠡᠨ ᠪᠠᠶᠢᠨ᠎ᠠ᠃
       ᠡᠯᠡᠰᠦ ᠮᠠᠩᠭ᠎ᠠ ᠲᠠᠢ ᠲᠡᠮᠡᠴᠡᠭᠰᠡᠨ ᠤᠨ ᠵᠢᠯ      ︽ᠨᠠᠰᠤᠨ ᠳᠤ ᠪᠠᠨ ᠮᠠᠷᠳᠠᠬᠤ ᠦᠭᠡᠢ ᠴᠠᠭ ᠦᠶ᠎ᠡ ᠨᠠᠶᠠᠭᠠᠳ ᠤᠨ ᠪᠠᠶᠢᠭᠰᠠᠨ      ᠨᠠᠷᠢᠨ ᠪᠤᠷᠤᠭᠠᠨ ᠤᠷᠤᠭᠰᠠᠨ ᠮᠡᠲᠤ ᠰᠢᠷᠤᠢ ᠰᠢᠭᠤᠷᠭ᠎ᠠ ᠪᠤᠰᠴᠤ      ᠨᠠᠰᠢ ᠴᠠᠰᠢ ᠶᠠᠪᠤᠬᠤ ᠵᠠᠮ ᠲᠠᠯᠳᠠᠷᠢᠨ ᠪᠤᠯᠠᠭᠳᠠᠵᠤ      ᠨᠡᠶᠢᠲᠡᠮ ᠡᠩᠨᠡᠷᠡᠬᠦ ᠡᠯᠡᠰᠦ ‍ᠶᠢᠢ ᠬᠠᠷᠠᠨ ᠰᠢᠬᠦᠷᠡᠰᠦ ᠠᠯᠳᠠᠨ ᠵᠤᠭᠰᠤᠮᠤᠢ︾      ᠡᠨᠡ ᠪᠤᠯ ᠵᠢᠷᠭᠠᠯᠲᠤ ᠶᠢᠨ ᠦᠪᠦᠷ ᠲᠡᠮᠳᠡᠭᠯᠡᠯ ᠳᠤ ᠪᠢᠴᠢᠭᠰᠡᠨ ᠰᠢᠯᠦᠭ ᠤᠨ ᠨᠢᠭᠡ ᠪᠠᠳᠠᠭ᠃ ᠲᠤᠬᠠᠢ ‍ᠶᠢᠢᠨ ᠦᠶ᠎ᠠ ᠳᠤ ᠡᠪᠡᠰᠦ ᠤᠷᠭᠤᠮᠠᠯ ᠤᠨ ᠦᠷ᠎ᠠ ᠬᠦᠷᠦᠩᠭᠡ ᠦᠭᠡᠢ᠂ ᠴᠠᠪᠴᠢᠵᠤ ᠠᠪᠴᠢᠷᠠᠭᠠᠳ ᠵᠠᠶᠢᠯᠠᠬᠤ ᠰᠢᠪᠠᠭ ᠪᠤᠷᠭᠠᠰᠤ ᠴᠤ ᠦᠭᠡᠢ᠂ ᠭᠠᠳᠠᠨ᠎ᠠ ᠠᠴᠠ ᠬᠤᠳᠠᠯᠳᠤᠨ ᠠᠪᠤᠶ᠎ᠠ ᠬᠡᠬᠦᠯᠡᠷ ᠵᠤᠭᠤᠰ ᠮᠦᠡᠭᠭᠦ ᠴᠤ ᠦᠭᠡᠢ᠂ ᠮᠦᠨ ᠴᠤ ᠵᠠᠯᠠᠭᠤ ᠬᠤᠶᠠᠷ ᠲᠤ ᠲᠡᠶᠢᠮᠦ ᠶᠡᠭᠡ ᠠᠷᠭ᠎ᠠ ᠲᠤᠷᠰᠢᠯᠭ᠎ᠠ ᠪᠠᠶᠢᠭᠰᠠᠨ ᠦᠭᠡᠢ ᠪᠠᠶᠢᠳᠠᠯ ᠲᠤᠤᠷ᠎ᠠ ᠡᠶᠢᠮᠦ ᠶᠡᠭᠡ ᠡᠯᠡᠰᠦ  ᠶᠢ ᠤᠶᠢᠵᠢᠭᠤᠯᠤᠨ᠎ᠠ ᠬᠡᠳᠡᠭ ᠲᠡᠶᠢᠮᠦ ᠬᠢᠯᠪᠠᠷ ᠠᠵᠤ ᠪᠢᠰᠢ ᠪᠠᠶᠢᠵᠠᠢ᠃ ᠲᠡᠭᠡᠭᠡᠳ ᠬᠠᠮᠤᠭ ᠠᠩᠬ᠎ᠠ ᠭᠡᠷ ᠠᠴᠠ ᠪᠠᠨ ᠭᠤᠴᠢ ᠲᠦᠴᠢᠨ ᠭᠠᠵᠠᠷ ᠤᠨ ᠬᠤᠯᠠ ᠠᠶᠢᠯ ᠤᠨ ᠬᠦᠷᠢᠶ᠎ᠠ ᠠᠴᠠ ᠪᠤᠷᠭᠠᠰᠤ ᠰᠢᠪᠠᠭ ᠭᠤᠶᠤᠵᠤ ᠠᠪᠤᠭᠠᠳ ᠲᠡᠭᠡᠰᠦ ᠪᠠᠷ ᠪᠠᠭᠯᠠᠨ ᠡᠬᠦᠷᠴᠤ ᠭᠡᠷ ᠢᠶᠠᠨ ᠲᠤᠭᠤᠷᠢᠭᠤᠯᠤᠨ ᠲᠠᠷᠢᠵᠤ ᠡᠬᠢᠯᠡᠭᠰᠡᠨ ᠪᠠᠶᠢᠨ᠎ᠠ᠃ ᠬᠡᠳᠡᠯ᠎ᠡ ᠲᠠᠷᠢᠭᠰᠠᠨ ᠪᠤᠷᠭᠠᠰᠤ ᠰᠢᠪᠠᠭ ᠨᠢ ᠨᠢᠭᠡ ᠵᠢᠯ ᠤᠨ ᠰᠠᠯᠬᠢᠨ ᠰᠢᠭᠤᠷᠭᠠᠨ ᠢᠶᠠᠷ ᠲᠠᠮᠵᠢᠭᠠᠳ ᠲᠠᠷᠠᠭ᠎ᠠ ᠵᠢᠯ ᠨᠢ ᠪᠤᠯᠬᠤ ᠳᠤ ᠦᠨᠳᠦᠰᠦ ᠨᠢ ᠭᠠᠷᠴᠤ ᠬᠠᠳᠠᠬᠤ ᠪᠤᠶᠤ ᠬᠡᠶᠢᠰᠴᠤ ᠢᠷᠡᠭᠰᠡᠨ ᠰᠢᠷᠤᠢ ᠮᠠᠩᠬᠠᠨ ᠳᠤ ᠪᠤᠯᠠᠭᠳᠠᠨ ᠬᠦᠳᠡᠯᠮᠦᠷᠢ ᠬᠦᠴᠦ ᠪᠠᠨ ᠲᠠᠯᠠᠭᠠᠷ ᠪᠤᠯᠭᠠᠳᠠᠭ ᠪᠠᠶᠢᠯ᠎ᠠ᠃ ᠡᠨᠡᠬᠦ ᠬᠡᠴᠡᠬᠦᠤ ᠴᠤᠬᠠᠭ ᠴᠠᠭ ᠲᠤ ᠭᠠᠯ ᠰᠢᠲᠠᠭᠠᠬᠤ ᠰᠢᠪᠠᠭ ᠪᠤᠷᠭᠠᠰᠤ ᠬᠦᠷᠳᠡᠯ᠎ᠡ ᠬᠡᠴᠢᠨᠡᠨ ᠭᠠᠵᠠᠷ ᠤᠨ ᠦᠵᠦᠭᠦᠷ ᠠᠴᠠ ᠠᠪᠴᠢᠷᠠᠵᠤ᠂ ᠠᠪᠴᠢᠷᠠᠭᠰᠠᠨ ᠰᠢᠪᠠᠭ ᠠᠴᠠ ᠪᠠᠨ ᠨᠤᠭᠤᠭᠠᠨ ᠭᠤᠤᠯ ᠢ ᠨᠢ ᠲᠡᠬᠦᠵᠤ ᠭᠠᠵᠠᠷ ᠤᠨ ᠬᠦᠷᠦᠰᠦᠨ ᠳᠤ ᠪᠤᠯᠠᠵᠤ ᠲᠠᠷᠢᠳᠠᠭ ᠪᠠᠶᠢᠭᠰᠠᠨ᠂ ᠲᠡᠷᠡ ᠦᠶ᠎ᠡ ᠳᠤ ᠬᠠᠵᠠᠭᠤ ᠬᠠᠪᠢ ᠶᠢᠨ ᠬᠦᠮᠦᠰ ᠨᠢ ᠵᠢᠷᠭᠠᠯᠲᠤ ᠶᠢ ︽ᠲᠡᠨᠡᠭ ᠬᠦᠮᠦᠨ︾ ᠭᠡᠵᠤ ᠱᠤᠭᠯᠠᠳᠠᠭ ᠴᠤ ᠪᠠᠶᠢᠢᠭᠰᠠᠨ ᠬᠡᠨ᠎ᠡ᠃ ᠲᠡᠭᠡᠭᠡᠳ ᠬᠡᠲᠤᠨ ᠵᠢᠯ ᠤᠨ ᠲᠤᠷᠰᠢ ᠬᠢᠬᠦ ᠢᠯᠠᠭᠳᠠᠬᠤ ᠶᠢᠨ ᠲᠤᠮᠳᠠ ᠠᠵᠢᠨ ᠰᠢᠨᠵᠢᠵᠤ ᠲᠤᠷᠰᠢᠯᠭ᠎ᠠ ᠰᠤᠷᠭᠠᠮᠵᠢ ᠪᠠᠨ ᠳ᠋ᠦᠡᠭᠨᠡᠵᠤ᠂ ᠤᠶᠤᠨ ᠤᠬᠠᠭᠠᠨ ᠢᠶᠠᠨ ᠬᠦᠳᠡᠯᠭᠡᠨ᠂ ᠠᠷᠭ᠎ᠠ ᠮᠠᠶ᠋ᠢᠭ ᠢᠶᠠᠨ ᠦᠭᠡᠷᠡᠴᠢᠯᠡᠭᠰᠡᠭᠡᠷ ᠪᠠᠶᠢᠢᠵᠤ ᠡᠴᠦᠰ ᠲᠤ ᠪᠠᠨ ᠪᠤᠰᠤᠭ᠎ᠠ ᠴᠠᠭᠠᠨ ᠮᠠᠩᠬᠠᠨ ᠳᠤ ᠪᠤᠷᠭᠠᠰᠤ ᠰᠢᠪᠠᠭ ᠢᠶᠠᠨ ᠲᠠᠷᠢᠬᠤ ᠳᠤ ᠪᠠᠨ ᠤᠷᠤᠢ ᠪᠤᠶᠤ ᠠᠷᠤ ᠠᠴᠠ ᠪᠠᠨ ᠡᠬᠢᠯᠡᠵᠤ ᠲᠠᠷᠢᠬᠤ ᠪᠠᠨ ᠪᠤᠯᠢᠵᠤ᠂ ᠵᠡᠬᠦᠨ ᠪᠠᠷᠠᠭᠤᠨ ᠬᠤᠶᠠᠷ ᠲᠠᠯ᠎ᠠ ᠠᠴᠠ ᠪᠠᠨ ᠲᠠᠷᠢᠭᠠᠳ ᠨᠡᠯᠢᠶᠡᠳ ᠪᠦᠲᠦᠮᠵᠢᠲᠠᠢ ᠪᠤᠯᠪᠠ᠃ ᠵᠢᠷᠭᠠᠯᠳᠤ ᠮᠦᠨ ᠶᠡᠭᠡ ᠠᠪᠠᠯᠠᠬᠤ ᠪᠠᠬ᠎ᠠ ᠲᠠᠢ ᠬᠦᠮᠦᠨ ᠪᠠᠶᠢᠵᠠᠢ᠂ ᠲᠡᠷᠡ ᠵᠤᠷᠢᠭ ᠰᠢᠨᠳᠠᠷᠠᠭᠰᠠᠨ ᠦᠶ᠎ᠡ ᠳᠤ ︽ᠨᠢᠭᠡ ᠪᠤᠲᠠ ᠶᠢ ᠲᠠᠷᠢᠭᠠᠳ ᠤᠷᠭᠤᠭᠤᠯᠴᠢᠬᠠᠪᠠᠯ ᠨᠢᠭᠡ ᠲᠠᠤᠯᠠᠢ ᠶᠢᠨ ᠬᠡᠪᠳᠡᠰᠢ ᠭᠠᠷᠴᠢᠬᠠᠨ᠎ᠠ᠂ ᠨᠢᠭᠡ ᠤᠷᠤᠢ ᠶᠢ ᠲᠠᠷᠢᠭᠠᠳ ᠤᠷᠭᠤᠭᠤᠯᠴᠢᠬᠠᠪᠠᠯ ᠠᠷᠪᠠᠨ ᠬᠤᠨᠢᠨ ᠤ ᠪᠡᠯᠴᠢᠭᠡᠷ ᠭᠠᠷᠴᠢᠬᠠᠨ᠎ᠠ︾ ᠭᠡᠵᠤ ᠪᠡᠶ᠎ᠡ ᠪᠠᠨ ᠵᠤᠷᠢᠭᠵᠢᠭᠤᠯᠳᠠᠭ ᠪᠠᠶᠢᠵᠠᠢ᠃ ᠲᠡᠳᠡ ᠦᠯᠦᠭᠡᠢ ᠲᠠᠢ ᠨᠢᠯᠬ᠎ᠠ ᠪᠠᠨ ᠲᠠᠭᠠᠭᠤᠯᠵᠤ᠂ ᠬᠦᠨ ᠡᠯᠡᠰᠦᠨ ᠳᠤ ᠡᠳᠦᠷ ᠰᠦᠨᠢ ᠦᠭᠡᠢ ᠠᠵᠢᠯᠯᠠᠨ᠂ ᠶᠠᠳᠠᠷᠠᠪᠠᠯ ᠡᠯᠡᠰᠦᠨ ᠲᠡᠭᠡᠷ᠎ᠡ ᠬᠡᠪᠳᠡᠨ ᠠᠮᠠᠷᠠᠵᠤ᠂ ᠦᠯᠦᠰᠪᠡᠯ ᠠᠮᠤ ᠴᠠᠢ ᠪᠠᠨ ᠤᠤᠭᠤᠭᠠᠳ᠂ ᠨᠤᠶᠢᠷ ᠬᠤᠭᠤᠯᠠ ᠪᠠᠨ ᠲᠠᠶᠠᠭᠳᠠᠵᠤ ᠪᠤᠷᠭᠠᠰᠤ ᠲᠤᠷᠯᠤᠭ ᠲᠠᠷᠢᠨ ᠡᠯᠡᠰᠦ ᠲᠠᠢ ᠲᠡᠮᠡᠴᠡᠵᠤ ᠪᠠᠶᠢᠵᠠᠢ᠃ ᠢᠡᠭᠭᠢᠵᠤ ᠬᠡᠲᠤᠨ ᠵᠢᠯ ᠤᠨ ᠦᠬᠦᠵᠤ ᠰᠡᠬᠡᠬᠦ ᠶᠢᠨ ᠲᠡᠮᠡᠴᠡᠯ ᠢᠶᠠᠷ ᠭᠡᠷ ᠤᠨ ᠬᠠᠵᠠᠭᠤ ᠬᠠᠪᠢ ᠪᠠᠷ ᠬᠢ ᠡᠯᠡᠰᠦ ᠶᠢ ᠲᠤᠭᠳᠠᠪᠤᠷᠢᠵᠢᠭᠤᠯᠵᠤ᠂ ᠮᠦᠷ ᠮᠦᠷ ᠰᠢᠪᠠᠭ ᠪᠤᠷᠭᠠᠰᠤ ᠵᠢᠭᠳᠡᠷᠡᠵᠤ᠂ ᠴᠢᠬᠢ ᠮᠤᠳᠤᠳ ᠨᠤᠭᠤᠭᠠᠷᠠᠨ ᠨᠠᠪᠴᠢᠯᠠᠵᠤ ᠡᠬᠢᠯᠡᠭᠰᠡᠨ ᠨᠢ ᠡᠳᠡ ᠬᠤᠶᠠᠭᠤᠯᠠ ᠳᠤ ᠬᠢᠵᠠᠭᠠᠯᠠᠰᠢ ᠦᠭᠡᠢ ᠶᠡᠭᠡ ᠵᠤᠷᠢᠭᠵᠢᠭᠤᠯᠤᠯ ᠪᠤᠯᠤᠭᠰᠠᠨ ᠪᠠᠶᠢᠨ᠎ᠠ᠃ ᠲᠡᠭᠡᠭᠡᠳ ᠠᠯᠭᠤᠷ ᠠᠭᠠᠵᠢᠮ ᠢᠶᠠᠷ ᠰᠤᠶᠤᠭ᠎ᠠ ᠬᠦᠷᠦᠩᠬᠡ ᠪᠠᠨ ᠦᠪᠡᠷᠳᠡᠭᠡᠨ ᠬᠠᠨᠭ᠍ᠭᠠᠵᠤ ᠲᠡᠶᠢᠯᠬᠦ ᠪᠤᠯᠤᠭᠰᠠᠨ ᠨᠢ ᠨᠡᠩ ᠴᠤ ᠶᠡᠭᠡ ᠲᠦᠬᠦᠮ ᠠᠪᠴᠢᠷᠠᠭᠰᠠᠨ ᠪᠠᠶᠢᠨ᠎ᠠ᠃
     ᠤᠶᠢᠵᠢᠭᠤᠯᠤᠯᠲᠠ ᠬᠢᠵᠤ ᠦᠡᠭᠭᠡᠷᠡᠭᠰᠡᠨ ᠦᠭᠡᠢ ᠬᠦᠮᠦᠨ ᠨᠢᠭᠡ ᠮᠦ ᠡᠯᠡᠰᠤ ᠮᠠᠩᠬ᠎ᠠ ᠶᠢ ᠤᠶᠢᠵᠢᠭᠤᠯᠬᠤ ᠳᠤ ᠬᠡᠴᠢᠨᠡᠨ ᠬᠦᠴᠦ ᠬᠦᠳᠡᠯᠮᠦᠷᠢ ᠵᠠᠷᠤᠴᠠᠭᠤᠯᠤᠨ᠎ᠠ ᠬᠡᠳᠡᠭ ᠢ ᠤᠶᠢᠯᠠᠭᠠᠬᠤᠶ᠎ᠠ ᠪᠡᠷᠭᠡ᠃ ᠡᠶᠢᠮᠦ ᠲᠦᠮᠡ ᠭᠠᠷᠤᠢ ᠮᠦ ᠶᠢ ᠬᠤᠶᠠᠷᠬᠠᠨ ᠬᠦᠮᠦᠨ ᠬᠦᠮᠦᠨ ᠤ ᠬᠦᠴᠦ ᠪᠠᠷ ᠤᠶᠢᠵᠢᠭᠤᠯᠤᠨ᠎ᠠ ᠬᠡᠳᠡᠭ ᠦᠨᠡᠨ ᠴᠤ ᠠᠮᠠᠷ ᠦᠭᠡᠢ ᠶᠠᠪᠤᠳᠠᠯ ᠪᠤᠯᠤᠨ᠎ᠠ ᠃ ᠢᠡᠭᠭᠢᠵᠤ ᠰᠤᠶᠤᠭ᠎ᠠ ᠪᠤᠶᠢᠵᠢᠭᠤᠯᠬᠤ᠂ ᠤᠳᠠᠰᠤ ᠲᠠᠳᠠᠬᠤ ᠵᠡᠷᠭᠡ ᠵᠢᠯ ᠤᠨ ᠲᠦᠷᠪᠡᠨ ᠤᠯᠠᠷᠢᠯ ᠢᠶᠠᠷ ᠡᠯᠡᠰᠦ ᠮᠠᠩᠬ᠎ᠠ ᠲᠠᠢ ᠲᠡᠮᠡᠴᠡᠵᠤ᠂ ᠬᠦᠴᠦ ᠬᠦᠯᠦᠰᠦ ᠪᠠᠨ ᠴᠤᠪᠤᠭᠤᠯᠵᠤ᠂ ᠭᠠᠷ ᠤᠨ ᠦᠵᠦᠭᠦᠷ ᠭᠠᠴᠢᠭᠳᠠᠬᠤ ᠳᠤ ᠨᠠᠭᠠᠲᠤ ᠵᠠᠬ᠎ᠠ ᠳᠤ ᠪᠠᠨ ᠵᠠᠷᠤᠬᠤ ᠬᠡᠲᠤᠨ ᠮᠦᠡᠭᠭᠦ ᠪᠠᠨ ᠴᠤ ᠤᠯᠵᠤ ᠲᠡᠶᠢᠯᠬᠦ ᠦᠭᠡᠢ ᠪᠦᠭᠡᠳ ᠠᠷᠤ ᠳᠤ ᠨᠢ ᠰᠦᠨᠳᠡᠷᠯᠡᠬᠦ ᠠᠰᠬ᠎ᠠ ᠠᠰᠬ᠎ᠠ ᠴᠠᠭᠠᠨ ᠮᠠᠩᠬ᠎ᠠ ᠶᠢ ᠬᠠᠷᠠᠨ ᠬᠠᠷᠠᠨ ᠵᠤᠷᠢᠭ ᠰᠤᠯᠠᠷᠠᠭᠠᠳ 2003 ᠤᠨ ᠤ ᠨᠢᠭᠡᠨ ᠡᠳᠦᠷ ᠵᠢᠷᠭᠠᠯᠳᠤ ᠪᠦᠰᠡᠬᠦᠢ ᠲᠠᠢ ᠪᠠᠨ ᠬᠤᠶᠠᠭᠤᠯᠠ ᠬᠤᠰᠢᠭᠤᠨ ᠲᠦᠪ ᠲᠤ ᠬᠡᠷ ᠲᠦᠷᠢᠶᠡᠰᠦᠯᠡᠨ ᠰᠠᠭᠤᠵᠤ ᠨᠢᠭᠡ ᠰᠠᠭᠠᠯᠢ  ᠶᠢᠨ ᠦᠨᠢᠶ᠎ᠠ ᠬᠤᠳᠠᠯᠳᠤᠨ ᠠᠪᠴᠤ ᠰᠦ ᠰᠠᠭᠠᠯᠢ ᠬᠤᠳᠠᠯᠳᠤᠬᠤ ᠪᠠᠷ ᠪᠤᠯᠪᠠ᠃ ᠬᠦᠳᠡᠭᠡ ᠶᠢᠨ ᠠᠭᠤᠵᠢᠮ ᠳᠤ ᠠᠮᠢᠳᠤᠷᠠᠵᠤ ᠲᠠᠰᠤᠭᠰᠠᠨ ᠮᠠᠯᠴᠢᠨ ᠬᠦᠮᠦᠨ ᠪᠤᠯᠬᠤᠷ ᠬᠤᠲᠠ ᠭᠠᠵᠠᠷ ᠤᠨ ᠦᠢᠮᠡᠭᠡᠨ ᠲᠡᠪᠵᠢᠶᠠᠨ ᠳᠤ ᠲᠠᠰᠬᠤ ᠬᠡᠳᠡᠭ ᠴᠢᠨᠢ ᠮᠠᠩᠬᠠᠨ ᠨᠤᠲᠤᠭ ᠲᠤ ᠪᠠᠨ ᠪᠠᠶᠢᠭᠰᠠᠨ ᠠᠴᠠ ᠢᠯᠡᠬᠦᠦ ᠵᠤᠪᠠᠯᠠᠩ ᠪᠠᠶᠢᠯ᠎ᠠ᠂ ᠲᠡᠭᠡᠭᠡᠳ ᠬᠤᠰᠢᠭᠤᠨ ᠲᠦᠪ ᠲᠤ 36 ᠬᠤᠨᠤᠭᠠᠳ᠂ ᠲᠠᠬᠢᠨ ᠨᠤᠲᠤᠭ ᠲᠤ ᠪᠠᠨ ᠪᠤᠴᠠᠨ ᠢᠷᠡᠪᠡ᠃ ᠨᠤᠲᠤᠭ ᠲᠤ ᠪᠠᠨ ᠪᠤᠴᠠᠨ ᠢᠷᠡᠭᠰᠡᠨ ᠲᠡᠷᠡ ᠬᠤᠶᠠᠷ ᠡᠯᠡᠰᠦ ᠮᠠᠩᠬ᠎ᠠ ᠪᠠᠨ ᠤᠶᠢᠵᠢᠭᠤᠯᠤᠨ ᠨᠤᠮᠤᠬᠠᠳᠬᠠᠵᠤ᠂ ᠨᠤᠲᠤᠭ ᠤᠰᠤ ᠪᠠᠨ ᠤᠶᠢᠵᠢᠭᠤᠯᠦᠨ᠂ ᠢᠯᠡᠬᠦᠦ ᠬᠡᠲᠤᠨ ᠮᠠᠯ ᠮᠠᠯᠵᠢᠨ ᠠᠮᠢᠳᠤᠷᠠᠬᠤ ᠪᠤᠯ ᠲᠡᠳᠡᠨ ᠤ ᠴᠤᠷ ᠤᠨ ᠭᠠᠭᠴᠠ ᠭᠠᠷᠬᠤ ᠵᠠᠮ ᠮᠦᠨ ᠭᠡᠵᠤ ᠮᠡᠳᠡᠭᠡᠳ ᠨᠡᠩ ᠶᠡᠭᠡ ᠵᠤᠷᠢᠭ ᠰᠡᠳᠬᠢᠯ ᠬᠦᠪᠴᠢᠯᠡᠭᠳᠡᠨ ᠢᠳᠡᠵᠤ ᠤᠤᠭᠤᠬᠤ ᠪᠠᠨ ᠠᠷᠪᠢᠯᠠᠨ ᠪᠤᠰᠤᠳ ᠠᠴᠠ ᠵᠤᠭᠤᠰ ᠮᠦᠡᠭᠭᠦ ᠵᠢᠭᠡᠯᠡᠨ ᠪᠠᠶᠢᠵᠤ᠂ ᠤᠷᠢᠳᠠᠪᠡᠷ ᠲᠤᠭᠳᠠᠪᠤᠷᠢᠵᠢᠭᠤᠯᠵᠤ ᠲᠠᠷᠠᠭ᠎ᠠ ᠨᠢ ᠪᠠᠳᠤᠳᠬᠠᠬᠤ ᠠᠷᠭ᠎ᠠ ᠪᠠᠷ ᠨᠤᠲᠤᠭ ᠪᠡᠯᠴᠢᠭᠡᠷ ᠤᠨ ᠢᠶᠠᠨ ᠨᠢᠴᠦᠬᠦᠨ ᠰᠢᠷᠭᠠᠯ ᠮᠠᠩᠬᠠᠨ ᠳᠤ ᠰᠢᠪᠠᠭ᠂ ᠪᠤᠷᠭᠠᠰᠤ᠂ ᠲᠤᠷᠯᠤᠭ᠂ ᠬᠠᠷᠭᠠᠨ᠎ᠠ ᠮᠡᠲᠤ ᠶᠢᠨ ᠪᠤᠳᠠ ᠤᠷᠭᠤᠮᠠᠯ ᠪᠠ ᠴᠦᠯᠡᠭᠡᠷ ᠬᠤᠰᠢᠶᠠᠩᠭᠤᠷ ᠬᠤᠨᠴᠢᠷ ᠮᠡᠲᠤ ᠶᠢᠨ ᠡᠪᠡᠰᠦ ᠲᠠᠷᠢᠵᠤ᠂ ᠤᠳᠠ ᠮᠤᠳᠤᠨ ᠰᠤᠶᠤᠭ᠎ᠠ ᠵᠠᠶᠢᠯᠠᠵᠤ᠂ ᠤᠶᠢᠵᠢᠭᠤᠯᠤᠯᠲᠠ ᠬᠢᠭᠰᠡᠭᠡᠷ ᠪᠠᠶᠢᠵᠤ᠂ ᠤᠳᠤ ᠵᠦᠪᠬᠡᠨ ᠭᠡᠷ ᠠᠴᠠ ᠪᠠᠨ ᠪᠠᠷᠠᠭᠤᠨ ᠬᠤᠶᠢᠰᠢ ᠵᠢᠷᠤᠭ ᠬᠡᠮᠡᠷ ᠪᠦᠷᠢᠳᠦ ᠲᠠᠢ ᠲᠠᠪᠤᠨ ᠵᠠᠭᠤᠬᠠᠨ ᠮᠦ ᠤᠶᠢᠵᠢᠭᠤᠯᠤᠭᠠᠳᠤᠢ ᠮᠠᠩᠬ᠎ᠠ ᠶᠢ ᠭᠠᠷᠭᠠᠪᠠᠯ ᠪᠤᠰᠤᠳ ᠨᠢ ᠴᠦᠮ ᠨᠤᠮᠢᠨ ᠨᠤᠭᠤᠭᠠᠨ ᠢᠶᠠᠷ ᠬᠤᠴᠢᠭᠳᠠᠵᠤ᠂ ᠶᠡᠭᠡ ᠰᠠᠯᠬᠢᠨ ᠰᠠᠯᠬᠢᠯᠠᠭᠰᠠᠨ ᠴᠤ ᠮᠤᠳᠤᠨ ᠨᠠᠪᠴᠢᠰ ᠤᠨ ᠱᠤᠤᠬᠢᠬᠤ ᠴᠢᠮᠡᠭᠡ ᠰᠤᠨᠤᠰᠳᠠᠬᠤ ᠠᠴᠠ ᠪᠢᠰᠢ ᠲᠤᠭᠤᠰᠤ ᠰᠢᠷᠤᠢ ᠲᠡᠭᠳᠡᠬᠦ ᠦᠭᠡᠢ ᠪᠤᠯᠤᠭᠰᠠᠨ ᠪᠠᠶᠢᠯ᠎ᠠ᠃        ᠰᠡᠳᠬᠢᠯ ᠬᠠᠨᠤᠮᠵᠢᠲᠠᠢ ᠠᠮᠢᠳᠤᠷᠠᠯ ᠦᠢᠯᠡᠰ      ︽ᠮᠦᠡᠭᠭᠡ ᠲᠡᠭᠷᠢ ᠶᠢᠨ ᠲᠠᠩᠨᠠᠢ ᠳᠤ ᠰᠡᠮᠡᠵᠡᠨ ᠡᠬᠦᠯᠡ ᠨᠠᠲᠠᠪᠠᠯᠵᠠᠨ      ᠮᠦᠭᠡᠷᠡᠬᠦ ᠮᠠᠶᠢᠯᠠᠬᠤ ᠮᠠᠯ ᠤᠳ ᠲᠠᠯ᠎ᠠ ᠶᠢᠨ ᠬᠦᠷᠦᠰᠦᠨ ᠳᠤ ᠪᠦᠮᠪᠦᠯᠵᠡᠨ      ᠮᠦᠯᠦᠭᠡᠷ ᠴᠠᠭᠠᠨ ᠮᠠᠩᠬᠠᠨ ᠳᠤ ᠨᠤᠭᠤᠭᠠᠨ ᠬᠦᠷᠮ᠎ᠡ ᠡᠮᠦᠰᠬᠡᠵᠤ      ᠮᠦᠷᠦᠯᠡᠵᠤ ᠵᠢᠭᠳᠡᠷᠡᠭᠰᠡᠨ ᠡᠯᠡᠰᠦ ᠨᠢ ᠪᠡᠯᠴᠢᠭᠡᠷ ᠪᠤᠯᠵᠤ ᠬᠤᠪᠢᠷᠠᠪᠠᠢ︾      ᠁
 
ᠢᠷᠡᠯᠲᠡ᠄ ︽ᠨᠤᠮᠢᠨ ᠲᠠᠩᠰᠤᠭ ᠦᠤᠰᠢᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号