ᠲᠠᠯ᠎ᠠ ᠨᠤᠲᠤᠭ ᠤᠨ ᠰᠤᠶᠤᠯ ᠤᠨ ︽ᠰᠢᠤᠳᠠᠨᠴᠢ︾  — ᠮᠠᠯᠴᠢᠨ ᠴᠢᠷᠮᠠᠶᠢᠯᠳᠤ ᠠᠷᠪᠠᠨ ᠵᠢᠯ ᠤᠨ ᠴᠢᠷᠮᠠᠶᠢᠯᠭ᠎ᠠ ᠪᠠᠷ ᠣᠯᠣᠰ ᠤᠨ ᠱᠠᠩᠨᠠᠯ ᠲᠤᠰᠤᠯ᠎ᠠ
ᠨᠡᠶᠢᠲᠡᠯᠡᠭᠰᠡᠨ ᠴᠠᠭ᠄
2018-04-19
      ᠣᠶᠢᠷ᠎ᠠ ᠳᠤ᠂ ᠣᠯᠣᠰ ᠤᠨ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠤᠨ ᠶᠡᠷᠤᠩᠬᠡᠢ ᠲᠤᠪᠴᠢᠶ᠎ᠠ ᠠᠴᠠ ︽ᠮᠠᠯᠴᠢᠨ ᠲᠠᠷᠢᠶᠠᠴᠢᠨ ᠠᠶᠢᠯ ᠤᠨ ᠨᠤᠮ ᠤᠨ ᠦᠷᠦᠬᠡ ᠶᠢᠨ ᠪᠦᠲᠦᠭᠡᠨ ᠪᠠᠶᠢᠭᠤᠯᠤᠯᠳᠠ ᠶᠢᠨ ᠠᠷᠪᠠᠨ ᠵᠢᠯ ᠤᠨ ᠣᠢ  ᠶᠢᠨ ᠲᠡᠷᠢᠬᠦᠨ ᠤ ᠬᠠᠮᠳᠤ ᠨᠢᠬᠡᠴᠡ ᠪᠠ ᠬᠤᠪᠢ ᠬᠦᠮᠤᠨ ᠢ ᠰᠠᠶᠢᠰᠢᠶᠠᠨ ᠬᠦᠬᠢᠬᠦᠯᠬᠦ ᠮᠡᠳᠡᠭᠳᠡᠯ︾ ᠢ ᠨᠡᠶᠢᠳᠡᠯᠡᠵᠦ᠂  ᠮᠠᠨ ᠤ ᠬᠤᠰᠢᠭᠤᠨ ᠤ ᠲᠤᠭ ᠪᠠᠯᠭᠠᠰᠤᠨ ᠤ ᠲᠤᠭᠤᠯᠳᠠᠢ ᠭᠠᠴᠠᠭᠠᠨ ᠤ ᠮᠠᠯᠴᠢᠨ ᠮᠥ᠊᠂ ᠴᠢᠷᠮᠠᠶᠢᠯᠳᠤ ᠶᠢᠨ ᠨᠤᠮ ᠤᠨ ᠦᠷᠦᠬᠡ ᠨᠢ ︽ᠪᠦᠬᠦ ᠣᠯᠣᠰ ᠤᠨ ᠮᠠᠯᠴᠢᠨ ᠲᠠᠷᠢᠶᠠᠴᠢᠨ ᠠᠶᠢᠯ ᠤᠨ ᠵᠢᠱᠢᠶ᠎ᠡ ᠦᠵᠡᠬᠦᠯᠬᠦ ᠨᠤᠮ ᠤᠨ ᠦᠷᠦᠬᠡ︾  ᠪᠠᠷ ᠦᠨᠡᠯᠡᠭᠳᠡᠵᠦ᠂ ᠮᠠᠨ ᠤ ᠣᠷᠤᠨ ᠤ ᠴᠤᠷ ᠤᠨ ᠭᠠᠭᠴᠠ ᠱᠠᠩᠨᠠᠯ ᠬᠦᠷᠲᠡᠭᠰᠡᠨ ᠨᠤᠮ ᠤᠨ ᠦᠷᠦᠭᠡ ᠪᠤᠯᠤᠭᠰᠠᠨ ᠪᠠᠶᠢᠨ᠎ᠠ᠃      ᠣᠷᠴᠢᠮ ᠤᠨ ᠬᠤᠭᠤᠴᠠᠭᠠᠨ ᠳᠤ᠂ ᠮᠠᠯᠴᠢᠨ ᠴᠢᠷᠮᠠᠶᠢᠯᠳᠤ ᠬᠠᠪᠤᠷ ᠤᠨ ᠳᠦᠯ ᠳᠣᠰᠬᠤ ᠰᠡᠯᠡᠬᠦᠣ ᠴᠠᠭ ᠢᠶᠠᠨ ᠠᠰᠢᠭᠯᠠᠨ᠂ ᠡᠨᠡ ᠵᠢᠯ ᠤᠨ ᠰᠢᠨ᠎ᠡ ᠪᠠᠷ ᠭᠠᠷᠳᠠᠨ ᠠᠪᠤᠭᠰᠠᠨ ᠠᠵᠢᠯ ᠤᠨ ᠬᠤᠪᠢᠶᠠᠷᠢᠯᠠᠯ ᠢᠶᠠᠨ ᠣᠷᠮᠠᠳᠠᠶᠢᠬᠠᠨ ᠰᠤᠷᠤᠯᠴᠠᠵᠦ᠂ ᠮᠠᠰᠢᠨ ᠲᠤᠨᠤᠭ ᠤᠨ ᠬᠡᠷᠡᠭᠯᠡᠯᠳᠡ ᠶᠢᠨ ᠴᠢᠳᠠᠮᠵᠢ ᠶᠢ ᠡᠵᠡᠮᠰᠢᠨ᠂ ᠣᠶᠢᠷ᠎ᠠ ᠬᠠᠪᠢ ᠶᠢᠨ ᠮᠠᠯᠴᠢᠳ  ᠲᠠᠭᠠᠨ ᠰᠢᠨ᠎ᠡ ᠦᠢᠯᠡᠴᠢᠯᠡᠭᠡ ᠬᠦᠷᠲᠡᠭᠡᠬᠦ ᠪᠠᠷ ᠪᠡᠯᠡᠳᠬᠡᠯ ᠬᠢᠬᠡᠳ ᠶᠠᠭᠠᠷᠠᠯᠳᠤᠨ᠎ᠠ᠂ ᠡᠨᠡ ᠨᠢ ᠲᠠᠷᠤᠢ ᠪᠦᠬᠦ ᠣᠯᠣᠰ  ᠤᠨ ᠱᠠᠩᠨᠠᠯ ᠢ ᠲᠤᠰᠤᠭᠰᠠᠨ ᠤ ᠲᠠᠷᠠᠭ᠎ᠠ ᠦᠪᠡᠷᠳᠡᠬᠡᠨ ᠵᠠᠰᠠᠬᠤ ᠣᠷᠤᠨ ᠠᠴᠠ ᠲᠡᠬᠦᠨ ᠳᠤ ᠣᠯᠭᠤᠭᠰᠠᠨ ᠪᠠᠰᠨ ᠨᠢᠭᠡᠨ ᠰᠢᠨ᠎ᠡ ᠭᠠᠷᠤᠭ᠎ᠠ ᠪᠤᠯᠬᠤ ᠮᠠᠯᠴᠢᠨ ᠠᠶᠢᠯ ᠤᠨ ᠺᠢᠨᠤ᠋ ᠲᠠᠯᠪᠢᠭᠴᠢ ᠶᠢᠨ ᠠᠵᠢᠯ ᠪᠤᠯᠤᠨ᠎ᠠ᠃      ᠮᠠᠯᠴᠢᠨ ᠮᠥ᠊᠂ ᠴᠢᠷᠮᠠᠶᠢᠯᠳᠤ᠄ ︽ᠦᠪᠦᠷ ᠮᠤᠩᠭᠤᠯ ᠤᠨ ᠰᠤᠨᠢᠨ ᠮᠡᠳᠡᠭᠡ ᠬᠡᠪᠯᠡᠯ ᠷᠠᠳᠢᠤ᠋ ᠲᠤᠪᠴᠢᠶᠠᠨ ᠠᠴᠠ ᠨᠠᠳᠠᠳᠣ ᠰᠢᠨ᠎ᠡ ᠮᠠᠶ᠋ᠢᠭ ᠤᠨ ᠲᠤᠭᠠᠴᠠᠯᠠᠭᠰᠠᠨ ᠺᠢᠨᠤ᠋ ᠲᠠᠯᠪᠢᠬᠤ ᠮᠠᠰᠢᠨ ᠢ ᠲᠠᠭᠠᠭᠠᠴᠢᠯᠠᠭᠤᠯᠵᠦ ᠦᠭᠬᠦᠭᠰᠡᠨ᠂ ᠢᠩᠬᠢᠬᠡᠳ ᠲᠤᠭ ᠪᠠᠯᠭᠠᠰᠤᠨ ᠤ ᠵᠠᠰᠠᠭ ᠤᠨ ᠣᠷᠳᠤᠨ ᠪᠤᠯᠤᠨ ᠬᠤᠰᠢᠭᠤ ᠦᠨᠳᠤᠰᠤᠳᠡᠨ ᠱᠠᠰᠢᠨ ᠰᠤᠷᠲᠠᠬᠤᠨ ᠤ ᠬᠡᠷᠡᠭ ᠡᠷᠬᠢᠯᠡᠬᠦ ᠲᠤᠪᠴᠢᠶᠠᠨ ᠠᠴᠠ ᠨᠠᠳᠠᠳᠤ ᠺᠢᠨᠤ᠋ ᠶᠢᠨ ᠣᠷᠳᠤᠨ ᠢ ᠪᠠᠷᠢᠵᠦ ᠦᠭᠬᠦ ᠪᠠᠷ ᠪᠤᠯᠤᠭᠰᠠᠨ᠃ ᠣᠳᠤ ᠣᠳᠠᠬᠤ ᠦᠭᠡᠢ ᠠᠰᠢᠭᠯᠠᠯᠳᠠ ᠳᠤ ᠣᠷᠤᠴᠢᠬᠠᠨ᠎ᠠ᠃ ᠨᠤᠮ ᠣᠩᠰᠢᠭᠰᠠᠨ ᠴᠤ ᠪᠤᠯᠤᠭ᠂ ᠨᠤᠮ ᠬᠦᠷᠬᠡᠭᠰᠡᠨ ᠴᠤ ᠪᠤᠯᠤᠭ᠂ ᠡᠨᠡ ᠪᠤᠯ ᠪᠤᠶᠠᠠᠰᠤᠭ ᠠᠵᠢᠯᠯᠠᠭ᠎ᠠ ᠬᠡᠵᠦ ᠬᠦᠮᠦᠰ ᠶᠠᠷᠢᠯᠴᠠᠳᠠᠭ᠂ ᠡᠨᠡ ᠠᠵᠢᠯ ᠤᠳ ᠢ ᠬᠢᠭᠰᠡᠨ ᠨᠢ ᠨᠠᠳᠠᠳᠤ ᠶᠡᠭᠡ ᠪᠤᠶᠠᠨᠰᠤᠭ ᠠᠵᠢᠯ ᠪᠤᠯᠤᠯ᠎ᠠ ᠬᠡᠵᠦ ᠪᠤᠳᠤᠳᠠᠭ᠂ ᠡᠨᠡ ᠨᠢᠬᠡ ᠵᠥᠭ ᠢᠶᠠᠨ ᠪᠠᠷᠢᠮᠳᠠᠯᠠᠭᠠᠳ ᠨᠢᠭᠡ ᠵᠤᠷᠢᠭ  ᠢᠶᠠᠷ ᠢᠶᠠᠨ ᠶᠠᠪᠤᠭᠠᠳ ᠢᠷᠡᠭᠰᠡᠨ︾ ᠭᠡᠵᠤ ᠶᠠᠷᠢᠵᠤ ᠪᠠᠶᠢᠪᠠ᠃      ᠠᠷᠪᠠᠭᠠᠳ ᠵᠢᠯ ᠤᠨ ᠡᠮᠤᠨ᠎ᠡ᠂ ᠮᠠᠯᠴᠢᠳ ᠨᠤᠮ ᠰᠡᠳᠬᠦᠯ ᠲᠤᠩ ᠱᠠᠭᠠᠷᠳᠠᠭᠳᠠᠵᠦ ᠪᠠᠶᠢᠭ᠎ᠠ ᠪᠤᠯᠪᠠᠴᠦ ᠪᠤᠰᠤᠳᠴᠢ ᠨᠥᠬᠦᠴᠡᠯ ᠰᠢᠯᠲᠠᠭᠠᠨ ᠠᠴᠠ ᠪᠤᠯᠵᠦ᠂ ᠨᠤᠮ ᠰᠡᠳᠬᠦᠯ ᠠᠴᠠ ᠬᠤᠯᠠᠳᠠᠵᠦ ᠪᠠᠶᠢᠭ᠎ᠠ ᠶᠢ ᠴᠢᠷᠮᠠᠶᠢᠯᠳᠤ ᠰᠡᠷᠡᠵᠦ ᠮᠡᠳᠡᠬᠡᠳ᠂ 2008 ᠣᠨ ᠳᠤ ᠦᠪᠡᠷ ᠢᠶᠠᠨ ᠪᠡᠯᠡ ᠭᠠᠷᠭᠠᠨ ᠰᠢᠨᠵᠢᠯᠡᠭᠡ ᠮᠡᠷᠭᠡᠵᠢᠯ᠂ ᠬᠠᠤᠯᠢ ᠴᠠᠭᠠᠵᠠ ᠬᠡᠬᠦ ᠵᠡᠷᠭᠡ ᠶᠢᠨ ᠮᠠᠯᠴᠢᠨ ᠲᠠᠷᠢᠶᠠᠴᠢᠳ ᠤᠨ ᠡᠳᠤᠷ ᠲᠤᠲᠤᠮ ᠤᠨ ᠬᠡᠷᠡᠭᠯᠡᠭᠡᠨ ᠤ ᠨᠤᠮ ᠰᠡᠳᠬᠦᠯ ᠢ ᠦᠨᠳᠤᠰᠤᠨ ᠳᠡᠭᠡᠨ ᠪᠦᠷᠢᠯᠳᠦᠬᠦᠯᠵᠦ᠂ ᠦᠤᠰᠢᠨ ᠬᠤᠰᠢᠭᠤᠨ ᠤ ᠠᠩᠬᠠᠳᠠᠭᠴᠢ ︽ᠮᠠᠯᠴᠢᠨ ᠺᠯᠥ᠋ᠪ︾ ᠢ ᠡᠷᠬᠢᠯᠡᠭᠡᠳ᠂ ᠰᠤᠶᠤᠯ ᠤᠨ ︽ᠰᠢᠤᠳᠠᠨᠴᠢ︾ ᠶᠢᠨ ᠠᠵᠢᠯ ᠢᠶᠠᠨ ᠡᠬᠢᠯᠡᠬᠦᠯᠵᠦ᠂ ᠬᠤᠯᠠ ᠣᠶᠢᠷ᠎ᠠ ᠶᠢᠨ ᠮᠠᠯᠴᠢᠳ  ᠲᠠᠭᠠᠨ ᠬᠠᠷᠠᠮ ᠦᠭᠡᠢ ᠦᠢᠯᠡᠴᠢᠯᠡᠨ᠂ ᠪᠦᠢᠲᠠ ᠪᠦᠭᠯᠡᠬᠦᠤ ᠮᠠᠯᠵᠢᠬᠤ ᠣᠷᠤᠨ ᠤ ᠣᠷᠴᠢᠨ ᠲᠤᠭᠤᠷᠢᠨ ᠤ ᠬᠢᠵᠠᠭᠠᠷᠯᠠᠯ ᠪᠠ ᠰᠢᠤᠳᠡᠨ ᠤ ᠲᠠᠮᠪᠠᠷᠠᠯ ᠤᠨ ᠲᠤᠲᠠᠭᠳᠠᠯ ᠢ ᠨᠥᠬᠦᠪᠦᠷᠢᠯᠡᠭᠰᠡᠬᠡᠷ ᠢᠷᠡᠵᠠᠢ᠃      ᠠᠷᠪᠠᠨ ᠵᠢᠯ ᠤᠨ ᠲᠤᠷᠰᠢ ᠴᠢᠷᠮᠠᠶᠢᠯᠳᠤ ᠨᠤᠲᠤᠭ ᠤᠨ ᠢᠶᠠᠨ ᠣᠯᠠᠨ ᠲᠥᠮᠡᠨ ᠳᠤ ᠬᠠᠷᠠᠮ ᠦᠭᠡᠢ ᠦᠢᠯᠡᠴᠢᠯᠡᠵᠦ᠂ ᠰᠤᠶᠤᠯ ᠮᠡᠳᠡᠯᠬᠡ ᠶᠢ ᠣᠶᠢᠷᠠᠳᠤᠭᠤᠯᠵᠦ ᠶᠠᠪᠤᠬᠤ ᠳᠠᠭᠠᠨ ᠣᠯᠣᠰ ᠣᠷᠤᠨ᠂ ᠨᠠᠮ ᠵᠠᠰᠠᠭ ᠤᠨ ᠬᠦᠴᠦᠳᠡᠢ ᠲᠡᠮᠵᠢᠯᠬᠡ ᠶᠢ ᠬᠦᠷᠲᠡᠭᠰᠡᠨ ᠪᠠ ᠣᠯᠠᠨ ᠠᠷᠪᠢᠨ ᠱᠠᠩᠨᠠᠯ ᠬᠦᠬᠢᠬᠦᠯᠦᠯ ᠢᠶᠠᠷ ᠡᠩᠬᠡᠷ ᠢᠶᠠᠨ ᠮᠢᠯᠢᠶᠠᠯᠭᠠᠵᠦ ᠶᠠᠪᠤᠬᠤ ᠳᠠᠭᠠᠨ ᠣᠯᠠᠨ ᠤ ᠢᠳᠡᠬᠡᠯ ᠰᠡᠳᠬᠢᠯ ᠢ ᠬᠦᠰᠡᠷᠳᠡᠬᠦᠯᠦᠯ ᠦᠭᠡᠢ᠂ ᠡᠷᠴᠢ ᠵᠤᠷᠢᠭ ᠢᠶᠠᠨ ᠬᠤᠷᠴᠠᠯᠠᠨ ᠰᠢᠨ᠎ᠡ ᠲᠦᠷᠢ ᠲᠦᠷᠬᠦ ᠪᠠᠷ ᠢᠶᠠᠨ ᠰᠢᠨ᠎ᠡ ᠦᠢᠯᠡᠴᠢᠯᠡᠭᠡ ᠬᠠᠩᠭᠠᠬᠤ ᠪᠠᠷ ᠵᠢᠳᠬᠦᠭᠰᠡᠭᠡᠷ ᠢᠷᠡᠵᠡᠢ᠃      ᠳᠤᠭ ᠪᠠᠯᠭᠠᠰᠣᠨ ᠤ ᠲᠤᠭᠤᠯᠳᠠᠢ ᠭᠠᠴᠠᠭᠠᠨ ᠤ ᠱᠦᠵᠢ ᠵᠢᠷᠭᠠᠯ ᠤᠨ ᠬᠡᠯᠡᠬᠦ ᠪᠠᠷ᠄  ︽ᠡᠨᠡ ᠠᠵᠢᠯᠠᠯᠭ᠎ᠠ ᠪᠤᠯ ᠬᠠᠮᠤᠭ ᠤᠨ ᠡᠷᠬᠢᠮ ᠨᠠᠨᠳᠢᠨ ᠠᠵᠢᠯᠠᠯᠭ᠎ᠠ ᠬᠡᠵᠦ ᠦᠵᠡᠨ᠎ᠡ᠂ ᠬᠦᠮᠤᠨ ᠪᠦᠷ ᠵᠤᠭᠤᠰ ᠣᠯᠬᠤ ᠶᠢᠨ ᠲᠥᠯᠦᠭᠡ ᠠᠵᠢᠯ ᠬᠢᠨ᠎ᠡ᠂ ᠡᠨᠡ ᠬᠦᠮᠤᠨ ᠪᠤᠯ ᠰᠤᠶᠤᠯ ᠢᠶᠠᠷ ᠠᠷᠠᠳ ᠣᠯᠠᠨ ᠢᠶᠠᠨ ᠪᠠᠶᠠᠵᠢᠭᠤᠯᠤᠬᠤ ᠶᠢᠨ ᠲᠥᠯᠦᠭᠡ ᠦᠪᠡᠷ  ᠤᠨ ᠵᠤᠭᠤᠰ ᠢᠶᠠᠨ ᠵᠠᠷᠤᠵᠦ ᠪᠠᠶᠢᠭᠠᠳ ᠦᠢᠯᠡᠴᠢᠯᠡᠨ᠎ᠡ᠂ ᠡᠨᠡ ᠦᠵᠡᠯ ᠰᠠᠨᠠᠭ᠎ᠠ ᠪᠤᠯ ᠡᠩ ᠤᠨ ᠬᠦᠮᠤᠨ ᠳᠤ ᠪᠠᠶᠢᠵᠦ ᠲᠡᠶᠢᠯᠤᠰᠢ ᠦᠭᠡᠢ︾  ᠭᠡᠵᠤ ᠪᠠᠶᠢᠯ᠎ᠠ᠃      2008 ᠣᠨ ᠠᠴᠠ ᠣᠳᠤ ᠪᠤᠯᠲᠠᠯ᠎ᠠ᠂ ᠴᠢᠷᠮᠠᠶᠢᠯᠲᠤ ᠣᠷᠢᠳ ᠬᠤᠵᠢᠳ ᠠᠷᠪᠠ ᠭᠠᠷᠤᠢ ᠲᠥᠮᠡᠨ ᠲᠥᠬᠦᠷᠢᠭ ᠤᠨ ᠪᠡᠯᠡ ᠭᠠᠷᠭᠠᠵᠦ᠂ ᠨᠡᠶᠢᠲᠡ ᠲᠥᠮᠡ ᠭᠠᠷᠤᠢ ᠮᠠᠯᠴᠢᠳ ᠲᠤ 40 ᠭᠠᠷᠤᠢ ᠣᠳᠠᠭᠠᠨ ᠤ ᠨᠤᠮ ᠣᠩᠰᠢᠬᠤ ᠠᠵᠢᠯᠠᠯᠭ᠎ᠠ ᠦᠷᠨᠢᠬᠦᠯᠵᠦ᠂ ᠲᠠᠭᠤᠤ ᠰᠢᠯᠤᠭ᠌ ᠶᠠᠷᠢᠶ᠎ᠠ ᠢᠯᠡᠳᠬᠡᠯ ᠤᠨ ᠣᠷᠤᠯᠳᠤᠭᠠᠨ᠂ ᠲᠦᠷᠦ ᠶᠢᠨ ᠪᠤᠳᠤᠯᠭ᠎ᠠ᠂ ᠬᠠᠤᠯᠢ ᠴᠠᠭᠠᠵᠠ ᠶᠢᠨ ᠬᠢᠴᠢᠶᠡᠯ ᠬᠦᠮᠤᠵᠢᠯ ᠵᠡᠷᠭᠡ ᠰᠤᠶᠤᠯ ᠤᠨ ᠠᠵᠢᠯᠠᠯᠭᠠᠨ ᠢ 20 ᠭᠠᠷᠣᠢ ᠣᠳᠠᠭ᠎ᠠ ᠵᠤᠬᠢᠶᠠᠨ ᠪᠠᠶᠢᠭᠤᠯᠤᠨ᠂ ᠮᠠᠯᠴᠢᠳ ᠲᠤ ᠰᠤᠶᠤᠯ ᠮᠡᠳᠡᠯᠭᠡ ᠶᠢ ᠣᠶᠢᠷᠠᠲᠤᠭᠤᠯᠬᠤ ᠰᠢᠳᠤᠷᠭᠤ ︽ᠰᠢᠤᠳᠠᠨᠴᠢ︾ ᠪᠤᠯᠤᠭᠰᠠᠭᠠᠷ ᠢᠷᠡᠵᠠᠢ᠃ ᠲᠡᠬᠦᠨ ᠤ ᠲᠠᠭᠠᠭᠤᠯᠭ᠎ᠠ ᠪᠠᠷ ᠣᠳᠤᠬᠠᠨ ᠳᠤ ᠦᠤᠰᠢᠨ ᠬᠤᠰᠢᠭᠤᠨ ᠳᠤ ᠡᠶᠢᠮᠤᠷᠬᠦ ᠴᠡᠭ ᠨᠢᠭᠡᠨᠲᠡ ᠠᠷᠪᠠ ᠭᠠᠷᠤᠢ ᠪᠤᠯᠵᠦ ᠪᠦᠬᠦ ᠬᠤᠰᠢᠭᠤᠨ ᠤ ᠲᠦᠷᠪᠡᠨ ᠰᠤᠮᠤ ᠪᠠᠯᠭᠠᠰᠤᠨ ᠳᠤ ᠴᠦᠮ ᠲᠤᠤᠷᠵᠢᠭᠰᠠᠨ ᠪᠦᠷᠬᠦᠯᠲᠡ ᠶᠢ ᠪᠡᠶᠡᠯᠡᠬᠦᠯᠵᠦ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠳᠤ  ᠦᠨᠡᠨᠬᠦ ᠲᠥᠬᠦᠮ ᠢ ᠠᠪᠴᠢᠷᠠᠨ᠂ ᠪᠠᠶᠠᠵᠢᠯ ᠤᠨ ᠵᠠᠮ ᠳᠠᠬᠢ  ︽ᠲᠤᠰᠤ ᠨᠡᠮᠡᠬᠦ ᠦᠷᠲᠡᠭᠡ︾  ᠪᠤᠯᠤᠭᠰᠠᠨ ᠪᠠᠶᠢᠨ᠎ᠠ᠃      ᠮᠥ᠊᠂ ᠴᠢᠷᠮᠠᠶᠢᠯᠳᠤ᠄ ︽ᠠᠩᠬᠠᠨ ᠳᠠᠭᠠᠨ ᠪᠢ ᠦᠪᠡᠷ ᠤᠨ ᠬᠠᠳᠠᠭᠠᠯᠠᠭᠰᠠᠨ ᠨᠤᠮ ᠢᠶᠠᠨ ᠪᠤᠰᠤᠳ ᠲᠠᠢ ᠬᠤᠪᠢᠶᠠᠯᠴᠠᠶ᠎ᠠ ᠬᠡᠰᠡᠨ ᠲᠥᠬᠦᠮᠬᠡᠨ ᠪᠤᠳᠤᠯ ᠲᠠᠢ ᠪᠠᠶᠢᠭᠰᠠᠨ᠂ ᠶᠠᠪᠤᠴᠠ ᠶᠢᠨ ᠲᠤᠮᠳᠠ ︿ᠲᠠᠯ᠎ᠠ ᠨᠤᠲᠤᠭ ᠤᠨ ᠨᠤᠮ  ᠤᠨ ᠦᠷᠦᠭᠡ﹀ ᠬᠡᠬᠦ ᠡᠨᠡ ᠣᠯᠣᠰ ᠤᠨ ᠲᠤᠮᠤ ᠲᠦᠷᠦᠯ ᠵᠦᠢᠯ ᠢ ᠨᠠᠳᠠᠳᠤ ᠣᠯᠭᠤᠵᠦ ᠦᠭᠬᠦᠯ᠎ᠡ᠂ ᠨᠠᠮ ᠵᠠᠰᠠᠭ ᠤᠨ ᠲᠠᠯ᠎ᠠ ᠠᠴᠠ ᠠᠵᠦ ᠠᠬᠤᠢ ᠶᠢᠨ ᠲᠠᠯ᠎ᠠ ᠠᠴᠠ ᠣᠯᠠᠨ ᠲᠡᠮᠵᠢᠯᠬᠡ ᠦᠵᠡᠬᠦᠯᠵᠦ ᠡᠬᠦᠨ ᠢ ᠦᠷᠬᠦᠯᠵᠢᠯᠡᠨ ᠦᠷᠨᠢᠬᠦᠯᠵᠦ ᠬᠦᠭᠵᠢᠬᠦᠯᠵᠦ ᠶᠠᠪᠤᠭᠰᠠᠨ᠂ ᠡᠨᠡ ᠨᠢ ᠪᠤᠯ ᠮᠢᠨᠤ ᠰᠤᠩᠭᠤᠭᠰᠠᠨ ᠵᠠᠮ ᠮᠥᠷ ᠨᠢ ᠵᠥᠪ᠂ ᠡᠨᠡ ᠠᠵᠢᠯ ᠢᠶᠠᠨ ᠴᠢᠨᠠᠭᠰᠢᠲᠠ ᠲᠡᠬᠦᠯᠳᠡᠷᠵᠢᠬᠦᠯᠦᠶ᠎ᠡ ᠬᠡᠵᠦ ᠪᠤᠳᠤᠵᠦ ᠪᠠᠶᠢᠨ᠎ᠠ᠂ ᠡᠷᠴᠢ ᠵᠤᠷᠢᠭ ᠡᠷᠴᠢᠯᠡᠭᠳᠡᠵᠦ ᠪᠠᠶᠢᠨ᠎ᠠ︾ ᠭᠡᠵᠤ ᠢᠳᠡᠭᠡᠯ ᠲᠡᠬᠦᠯᠳᠡᠷ ᠶᠠᠷᠢᠵᠤ ᠪᠠᠶᠢᠯ᠎ᠠ᠃
 
ᠢᠷᠡᠯᠲᠡ᠄ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号