ᠬᠡᠣᠬᠡᠳ ᠢ ᠴᠤᠬᠢᠵᠤ ᠰᠢᠷᠬᠠᠳᠤᠭᠤᠯᠪᠠᠯ ᠶᠠᠮᠠᠷ ᠬᠠᠣᠯᠢ ᠶᠢᠨ ᠬᠠᠷᠢᠭᠤᠴᠠᠯᠭ᠎ᠠ ᠡᠬᠦᠷᠭᠡᠯᠡᠬᠦ ᠪᠣᠢ︖
ᠨᠡᠶᠢᠲᠡᠯᠡᠭᠰᠡᠨ ᠴᠠᠭ᠄
2018-04-20
      ᠬᠡᠤᠬᠡᠳ ᠤᠳ ᠬᠤᠭᠤᠷᠤᠨᠲᠤ ᠪᠠᠨ ᠨᠠᠭᠠᠳᠴᠤ ᠪᠠᠶᠢᠭᠰᠠᠭᠠᠷ ᠨᠠᠭᠠᠳᠤᠮ ᠢᠶᠠᠨ ᠪᠤᠯᠢᠶᠠᠯᠴᠠᠬᠤ ᠶᠤᠮ ᠦᠦ᠂ ᠦᠭᠡ ᠵᠦᠷᠢᠬᠦ᠂ ᠡᠰᠡᠭᠦᠯ᠎ᠡ ᠨᠢᠭᠡᠨ ᠨᠢᠭᠡᠨ ᠲᠠᠢ ᠪᠠᠨ ᠭᠡᠷᠡᠭᠦᠯ ᠵᠢᠭᠤᠷᠠᠭᠠᠨ ᠪᠤᠯᠲᠠᠭ ᠨᠢ ᠵᠦᠩᠳᠡᠭᠡᠨ᠃ ᠡᠭᠦᠨ ᠢ ᠤᠯᠠᠩᠬᠢ ᠬᠦᠮᠦᠰ ᠶᠠᠪᠤᠳᠠᠯ ᠪᠤᠯᠭᠠᠳᠠᠭ ᠦᠭᠡᠢ᠂ ᠦᠪᠡᠷ ᠤᠨ ᠬᠡᠤᠬᠡᠳ ᠢᠶᠠᠨ ᠭᠡᠷᠡᠭᠦᠯ ᠠᠴᠠ ᠰᠠᠯᠭᠠᠨ ᠠᠪᠤᠭᠠᠳ ᠵᠢᠮᠡᠯᠡᠨ ᠰᠤᠷᠭᠠᠵᠤ᠂ ᠪᠤᠰᠤᠳ ᠲᠠᠢ ᠭᠡᠷᠡᠭᠦᠯ ᠵᠢᠭᠤᠷᠠᠭᠠᠨ ᠪᠤᠯᠬᠤ‌‍ᠶᠢᠨ ᠬᠤᠤᠷ ᠬᠦᠨᠦᠬᠡᠯ ᠢ ᠬᠡᠯᠡᠵᠤ ᠦᠭᠭᠦ ᠮᠦᠷᠲᠡᠭᠡᠨ ᠪᠤᠰᠤᠳ ᠲᠠᠢ ᠡᠶ᠎ᠡ ᠡᠪᠲᠡᠢ ᠶᠠᠪᠤᠬᠤ ᠰᠠᠶᠢᠨ ᠰᠠᠶᠢᠬᠠᠨ ᠵᠠᠩ ᠮᠤᠷᠠᠯ ᠲᠠᠢ ᠪᠤᠯᠬᠤ ᠶᠢ ᠬᠦᠰᠡᠳᠡᠭ᠃ ᠭᠡᠲᠡᠯ᠎ᠡ ᠡᠭᠦᠨ ᠤ ᠡᠰᠡᠷᠭᠦ ᠪᠠᠷ᠂ ᠸᠠᠩ ᠤᠪᠤᠭᠲᠤ ᠬᠠᠷᠢᠨ ︽ᠯᠢ ᠤᠪᠤᠭᠲᠤ ᠶᠢᠨ ᠬᠦᠦ ᠯᠢ X ᠶᠢ ᠲᠡᠭᠦᠨ ᠤ ᠬᠦᠦ ᠸᠠᠩ X ᠲᠠᠢ ᠨᠠᠭᠠᠳᠤᠮ ᠪᠤᠯᠢᠶᠠᠯᠳᠤᠵᠤ ᠬᠡᠷᠡᠬᠦᠯ ᠪᠤᠯᠤᠯ᠎ᠠ︾ ᠭᠡᠰᠡᠨ ᠢᠶᠠᠷ ᠰᠢᠯᠲᠠᠭᠯᠠᠵᠤ᠂ ᠯᠢ ᠤᠪᠤᠭᠲᠤ ᠶᠢᠨ ᠬᠦᠦ ᠯᠢ X ᠶᠢ ᠴᠤᠬᠢᠵᠤ ᠰᠢᠷᠬᠠᠳᠤᠭᠤᠯᠤᠭᠰᠠᠨ ᠠᠴᠠ ᠲᠤᠬᠠᠢ ᠶᠢᠨ ᠭᠠᠵᠠᠷ ᠤᠨ ᠲᠤᠲᠤᠭᠠᠲᠤ ᠶᠢ ᠬᠠᠮᠠᠭᠠᠯᠠᠬᠤ ᠲᠤᠪᠴᠢᠶ᠎ᠠ ᠠᠴᠠ ᠲᠡᠭᠦᠨ ᠢ ︽15 ᠡᠳᠦᠷ ᠲᠦᠷ ᠬᠤᠷᠢᠵᠤ᠂ 500 ᠲᠦᠭᠦᠷᠢᠭ ᠵᠤᠭᠤᠰ ᠢᠶᠠᠷ ᠲᠤᠷᠭᠠᠬᠤ ᠵᠠᠰᠠᠭ ᠵᠠᠬᠢᠷᠭᠠᠨ ᠤ ᠰᠢᠳᠬᠡᠯ︾ ᠦᠭᠪᠡ᠃ ᠸᠠᠩ ᠤᠪᠤᠭᠲᠤ ᠬᠤᠷᠢᠭᠤᠯ ᠠᠴᠠ ᠭᠠᠷᠤᠭᠰᠠᠨ ᠤ ᠳᠠᠷᠠᠭ᠎ᠠ ︽ᠵᠠᠰᠠᠭ ᠵᠠᠬᠢᠷᠭᠠᠨ ᠤ ᠰᠢᠳᠬᠡᠯ ᠤᠯᠤᠭᠰᠠᠨ ᠲᠤᠯᠠ ᠯᠢ X ᠶᠢᠨ ᠡᠮ ᠡᠮᠨᠡᠯᠭᠡ ᠶᠢᠨ ᠰᠦᠢᠳᠬᠡᠯ ᠵᠡᠷᠬᠡ ᠲᠦᠯᠦᠪᠦᠷᠢ ᠶᠢ ᠲᠦᠯᠦᠬᠦ ᠦᠭᠡᠢ︾ ᠭᠡᠰᠡᠨ ᠪᠤᠯᠬᠤᠷ ᠯᠢ ᠤᠪᠤᠭᠲᠤ ᠸᠠᠩ ᠤᠪᠤᠭᠲᠤ ᠶᠢ ᠠᠷᠠᠳ ᠤᠨ ᠰᠢᠬᠦᠬᠦ ᠬᠤᠷᠢᠶᠠᠨ ᠳᠤ ᠵᠠᠭᠠᠯᠳᠤᠵᠤ᠂ ᠡᠮ ᠡᠮᠨᠡᠯᠭᠡ ᠶᠢᠨ ᠰᠦᠢᠳᠬᠡᠯ ᠵᠡᠷᠭᠡ ᠯᠢ X ᠶᠢ ᠡᠮᠨᠡᠬᠦᠯᠦᠭᠰᠡᠨ ᠪᠦᠬᠦ ᠰᠦᠢᠳᠬᠡᠯ ᠢ ᠨᠡᠶᠢᠲᠠ 25200 ᠲᠦᠭᠦᠷᠢᠭ ᠲᠦᠯᠦᠬᠦᠯᠵᠡᠢ᠃      ᠬᠡᠷᠡᠭ ᠤᠨ ᠦᠩᠭᠡᠷᠡᠯᠲᠡ      ᠸᠠᠩ ᠤᠪᠤᠭᠲᠤ ᠶᠢᠨ ᠡᠷᠬᠢᠯᠡᠵᠤ ᠪᠠᠶᠢᠭ᠎ᠠ ᠪᠠᠭᠠᠷᠢᠨ ᠴᠢᠯᠠᠭᠤᠨ ᠤ ᠲᠡᠯᠭᠡᠭᠦᠷ ᠨᠢ ᠯᠢ ᠤᠪᠤᠭᠲᠤ ᠶᠢᠨ ᠡᠷᠬᠢᠯᠡᠵᠤ ᠪᠠᠶᠢᠭ᠎ᠠ ᠬᠤᠯᠢᠰᠢᠨ ᠢᠲᠡᠭᠡᠨ ᠤ ᠲᠡᠯᠭᠡᠭᠦᠷ ᠲᠠᠢ ᠵᠠᠮ ᠬᠠᠪᠴᠢᠨ ᠪᠠᠶᠢᠷᠢᠯᠠᠵᠤ᠂ ᠸᠠᠩ ᠤᠪᠤᠭᠲᠤ ᠨᠢ ᠵᠠᠮ ᠤᠨ ᠪᠠᠷᠠᠭᠤᠨ ᠲᠠᠯ᠎ᠠ ᠳᠤ ᠪᠠᠶᠢᠵᠤ᠂ ᠯᠢ ᠤᠪᠤᠭᠲᠤ ᠶᠢᠨ ᠲᠡᠯᠭᠡᠭᠦᠷ ᠨᠢ ᠵᠠᠮ ᠤᠨ ᠵᠡᠬᠦᠨ ᠲᠠᠯ᠎ᠠ ᠳᠤ ᠪᠠᠶᠢᠳᠠᠭ᠃ ᠬᠤᠶᠠᠷ ᠬᠡᠤᠬᠡᠳ ᠸᠠᠩ X ᠪᠤᠯᠤᠨ ᠯᠢ X ᠬᠤᠶᠠᠭᠤᠯᠠ ᠪᠠᠭ᠎ᠠ ᠰᠤᠷᠭᠠᠭᠤᠯᠢ ᠶᠢᠨ ᠨᠢᠭᠡᠳᠦᠭᠡᠷ ᠤᠨ ᠤ ᠬᠠᠮᠲᠤ ᠰᠤᠷᠤᠯᠭᠠᠲᠠᠨ ᠪᠤᠯᠬᠤᠷ ᠦᠷᠭᠦᠯᠵᠢ ᠬᠠᠮᠲᠤ ᠳᠠᠭᠠᠨ ᠨᠠᠭᠠᠳᠣᠳᠠᠭ ᠪᠠᠶᠢᠯ᠎ᠠ᠃ 2017 ᠤᠨ ᠤ 8 ᠰᠠᠷ᠎ᠠ ᠶᠢᠨ 13 ᠤ ᠡᠳᠦᠷ ᠪᠣᠯ ᠭᠠᠷᠠᠭ ᠤᠨ ᠡᠳᠦᠷ ᠪᠤᠯᠬᠤᠷ ᠸᠠᠩ X ᠪᠤᠯᠤᠨ ᠯᠢ X ᠮᠦᠨ ᠯᠡ ᠬᠤᠶᠠᠭᠤᠯᠠ ᠪᠠᠨ ᠠᠭᠤᠯᠵᠠᠵᠤ᠂ ᠯᠢ ᠤᠪᠤᠭᠲᠤ ᠶᠢᠨ ᠲᠡᠯᠭᠡᠭᠦᠷ ᠤᠨ ᠡᠮᠤᠨᠡᠬᠢ ᠠᠭᠤᠳᠠᠮ ᠲᠠᠯᠠᠪᠡᠢ ᠲᠡᠭᠡᠷ᠎ᠡ ᠨᠠᠭᠠᠳᠤᠨ ᠳᠤᠭᠯᠠᠵᠠᠢ᠃ ᠸᠠᠩ X ᠳᠤᠭᠯᠠᠭᠠᠮ ᠤᠨ ᠤᠰᠤ ᠰᠦᠷᠴᠢᠬᠦ ᠫᠤᠤ ᠪᠠᠷ ᠢᠶᠠᠨ ᠯᠢ X ᠶᠢᠨ ᠪᠡᠶ᠎ᠡ ᠲᠡᠭᠡᠷ᠎ᠡ ᠨᠢ ᠤᠰᠤ ᠰᠦᠷᠴᠢᠭᠰᠡᠨ ᠳᠤ᠂ ᠯᠢ X ᠤᠪᠠᠶᠢᠨ ᠳᠤ ᠦᠭᠡᠢ ᠪᠠᠶᠢᠭᠰᠠᠨ ᠪᠤᠯᠬᠤᠷ ᠰᠤᠴᠢᠭᠰᠠᠨ ᠮᠦᠷᠲᠡᠭᠡᠨ ᠠᠭᠤᠷᠯᠠᠵᠤ᠂ ᠸᠠᠩ X ᠤ ᠫᠤᠤ ᠶᠢ ᠪᠤᠯᠢᠶᠠᠨ ᠠᠪᠬᠤ ᠭᠡᠳ ᠸᠠᠩ X ᠲᠠᠢ ᠨᠤᠴᠤᠯᠳᠤᠵᠤ ᠡᠬᠢᠯᠡᠪᠡ᠃ ᠡᠨᠡᠭᠦ ᠪᠠᠶᠢᠳᠠᠯ ᠢ ᠸᠠᠩ ᠤᠪᠤᠭᠲᠤ ᠲᠡᠯᠭᠡᠭᠦᠷ ᠠᠴᠠ ᠪᠠᠨ ᠤᠯᠵᠤ ᠦᠵᠡᠭᠡᠳ ᠬᠦᠶᠦᠵᠦ ᠢᠷᠡᠩᠬᠦᠳᠡ ᠯᠢ X ᠶᠢ ᠲᠦᠯᠬᠢᠨ ᠤᠨᠠᠭᠠᠭᠠᠳ ᠬᠡᠲᠤ ᠲᠦᠬᠦᠰᠢᠯᠡᠬᠦ ᠶᠢᠨ ᠬᠠᠮᠳᠤ ᠪᠠᠰᠠ ᠬᠡᠲᠤ ᠢᠰᠬᠦᠯᠪᠠ᠃ ᠲᠡᠯᠭᠡᠭᠦᠷ ᠲᠡᠭᠡᠨ ᠪᠠᠶᠢᠭᠰᠠᠨ ᠯᠢ ᠤᠪᠤᠭᠲᠤ ᠭᠡᠨᠡᠳᠲᠡ ᠭᠠᠲᠠᠨ᠎ᠠ ᠬᠦᠮᠦᠨ ᠪᠠᠷᠬᠢᠷᠠᠬᠤ ᠶᠢ ᠰᠤᠨᠤᠰᠤᠭᠠᠳ ᠭᠠᠳᠠᠭᠰᠢ ᠠᠵᠢᠬᠯᠠᠪᠠᠯ ᠸᠠᠩ ᠤᠪᠤᠭᠳᠤ ᠬᠦᠦ ᠶᠢ ᠨᠢ ᠴᠤᠬᠢᠵᠤ ᠪᠠᠶᠢᠭᠰᠠᠨ ᠳᠤᠯᠠ ᠬᠦᠶᠦᠵᠦ ᠢᠷᠡᠭᠡᠳ ᠬᠦᠦ ᠪᠠᠨ ᠰᠠᠯᠭᠠᠨ ᠠᠪᠤᠪᠠ᠃ ᠯᠢ X ᠸᠠᠩ ᠤᠪᠤᠭᠲᠤ ᠳᠤ ᠴᠢᠯᠠᠭᠤᠠ ᠲᠡᠭᠡᠷ᠎ᠡ ᠲᠦᠯᠬᠢᠭᠲᠡᠨ ᠤᠶᠢᠴᠢᠭᠰᠠᠨ ᠪᠠ ᠴᠤᠬᠢᠭᠲᠠᠭᠰᠠᠨ ᠠᠴᠠ ᠡᠪᠦᠳᠤᠭ᠌ ᠪᠤᠯᠤᠨ ᠲᠤᠬᠤᠢ ᠶᠢᠨ ᠠᠷᠠᠰᠤ ᠨᠢ ᠰᠢᠯᠪᠤᠷᠠᠭᠰᠠᠡ ᠮᠦᠷᠲᠡᠭᠡᠨ ᠬᠠᠮᠠᠷ ᠨᠢ ᠪᠤᠯᠭᠤᠷᠠᠵᠤ ᠴᠢᠰᠤ ᠰᠠᠳᠠᠭᠠᠨᠠᠵᠤ ᠪᠠᠶᠢᠯ᠎ᠠ᠃ ᠯᠢ ᠤᠪᠤᠭᠲᠤ ᠲᠡᠷᠡ ᠲᠠᠷᠤᠢ ᠳᠤᠨᠢ ᠲᠤᠬᠠᠢ ᠶᠢᠨ ᠭᠠᠵᠠᠷ ᠤᠨ ᠢᠶᠠᠨ ᠲᠤᠲᠤᠭᠠᠲᠤ ᠶᠢ ᠬᠠᠮᠠᠭᠠᠯᠠᠬᠤ ᠲᠤᠮᠢᠯᠠᠭᠰᠠᠨ ᠰᠠᠯᠪᠤᠷᠢ ᠳᠤ ᠬᠡᠷᠡᠭ ᠮᠡᠳᠡᠭᠦᠯᠦᠭᠰᠡᠨ ᠪᠦᠭᠡᠳ ᠪᠠᠴᠢᠮ ᠠᠪᠤᠷᠠᠬᠤ ᠲᠡᠷᠭᠡ ᠲᠠᠭᠤᠲᠠᠨ ᠬᠦᠦ ᠪᠠᠨ ᠡᠮᠨᠡᠯᠭᠡ ᠳᠤ ᠬᠦᠷᠬᠡᠵᠡᠢ᠃ ᠡᠮᠴᠢ ᠶᠢᠨ ᠲᠤᠲᠤᠯᠠᠭᠰᠠᠨ ᠢᠶᠠᠷ᠂ ᠯᠢ X ᠶᠢᠨ ᠪᠡᠶ᠎ᠡ ᠶᠢᠨ ᠠᠷᠠᠰᠤ ᠨᠢ ᠤᠯᠠᠨ ᠭᠠᠵᠠᠷ ᠪᠤᠷᠤᠯᠠᠨ ᠨᠦᠵᠢᠷᠡᠭᠰᠡᠨ ᠪᠦᠭᠡᠳ ᠬᠢᠩᠭᠠᠷ  ᠤᠨ ᠶᠠᠰᠤ ᠨᠢ ᠴᠠᠪ ᠭᠠᠷᠤᠭᠰᠠᠨ ᠪᠠᠶᠢᠯ᠎ᠠ᠃ ᠯᠢ X ᠶᠢ ᠡᠮᠨᠡᠯᠬᠡ ᠶᠢᠨ ᠬᠤᠷᠢᠶᠠᠨ ᠳᠤ 72 ᠡᠳᠤᠷ ᠡᠮᠨᠡᠬᠦᠯᠦᠭᠡᠳ ᠨᠡᠶᠢᠲᠡ 19700 ᠲᠦᠭᠦᠷᠢᠭ ᠤᠨ ᠡᠮᠨᠡᠯᠭᠡ ᠶᠢᠨ ᠰᠦᠢᠳᠭᠡᠯ ᠵᠠᠷᠤᠴᠠᠭᠤᠯᠪᠠ᠃      ᠲᠤᠲᠤᠭᠠᠲᠤ ᠶᠢ ᠬᠠᠮᠠᠭᠠᠯᠠᠬᠤ ᠲᠤᠮᠢᠯᠠᠭᠰᠠᠨ ᠰᠠᠯᠪᠤᠷᠢ ᠲᠤᠰ ᠬᠡᠷᠡᠭ ᠢ ᠪᠠᠶᠢᠴᠠᠭᠠᠨ ᠲᠤᠲᠤᠯᠠᠭᠰᠠᠨ ᠤ ᠲᠡᠷᠠᠭ᠎ᠠ ︽ᠪᠦᠬᠦᠲᠠ ᠨᠠᠶᠢᠷᠠᠮᠳᠠᠬᠤ ᠲᠤᠮᠲᠠᠲᠤ ᠠᠷᠠᠳ ᠤᠯᠤᠰ ᠤᠨ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠳᠭᠡᠯ ᠤᠨ ᠬᠠᠤᠯᠢ︾ ᠶᠢᠨ ᠲᠦᠴᠢᠨ ᠭᠤᠷᠪᠠᠲᠤᠭᠠᠷ ᠵᠦᠢᠯ ᠤᠨ ᠬᠤᠶᠠᠳᠤᠭᠠᠷ ᠵᠤᠷᠪᠤᠰ ᠤᠨ ᠲᠤᠭᠲᠠᠭᠠᠯ ᠶᠤᠰᠤᠭᠠᠷ ︽ᠸᠠᠩ ᠤᠪᠤᠭᠲᠤ ᠶᠢ 15 ᠡᠳᠦᠷ ᠲᠦᠷ ᠬᠤᠷᠢᠵᠤ᠂ 500 ᠲᠦᠭᠦᠷᠢᠭ ᠢᠶᠠᠷ ᠲᠤᠷᠭᠠᠬᠤ ᠵᠠᠰᠠᠭ ᠵᠠᠬᠢᠷᠭᠠᠨ ᠤ ᠰᠢᠳᠬᠡᠯ︾ ᠦᠭᠴᠡᠢ᠃      ᠸᠠᠩ ᠤᠪᠤᠭᠲᠤ ᠯᠢ X ᠶᠢᠨ ᠡᠮᠨᠡᠯᠭᠡ ᠳᠤ ᠰᠢᠷᠬ᠎ᠠ ᠪᠠᠨ ᠵᠠᠰᠠᠭᠤᠯᠤᠭᠰᠠᠨ ᠡᠮ ᠡᠮᠨᠡᠯᠭᠡ ᠶᠢᠨ ᠰᠦᠢᠳᠬᠡᠯ᠂ ᠰᠤᠪᠢᠯᠠᠭᠰᠠᠨ ᠰᠦᠢᠳᠬᠡᠯ᠂ ᠬᠤᠭᠤᠯᠠᠨ ᠤ ᠨᠦᠬᠦᠪᠤᠷᠢ ᠵᠡᠷᠭᠡ ᠪᠦᠬᠦ ᠰᠦᠢᠳᠭᠡᠯ ᠢ ᠲᠦᠯᠤᠪᠦᠷᠢᠯᠡᠬᠦ ᠶᠢ ᠲᠡᠪᠴᠢᠭᠰᠡᠨ  ᠠᠴᠠ ᠯᠢ ᠤᠪᠤᠭᠲᠤ ᠸᠠᠩ ᠤᠪᠤᠭᠲᠤ ᠶᠢ ᠠᠷᠠᠳ ᠤᠨ ᠰᠢᠬᠦᠬᠦ ᠬᠤᠷᠢᠶᠠᠨ ᠳᠤ ᠵᠠᠭᠠᠯᠲᠤᠵᠤ᠂ ᠸᠠᠩ ᠤᠪᠤᠭᠲᠤ ᠠᠴᠠ ᠨᠡᠶᠢᠲᠠ 25200 ᠲᠦᠭᠦᠷᠢᠭ ᠤᠨ ᠲᠦᠯᠦᠪᠤᠷᠢ ᠠᠪᠬᠤ ᠪᠠᠷ ᠱᠠᠭᠠᠷᠳᠠᠪᠠ᠃ ᠠᠷᠠᠳ ᠤᠨ ᠰᠢᠬᠦᠬᠦ ᠬᠤᠷᠢᠶ᠎ᠠ ᠪᠤᠲᠠᠲᠤ ᠭᠡᠷᠡᠭ ᠢ ᠪᠠᠶᠢᠴᠠᠭᠠᠨ ᠲᠤᠲᠤᠯᠠᠭᠰᠠᠨ ᠰᠠᠭᠤᠷᠢᠨ ᠲᠡᠭᠡᠷ᠎ᠡ ︽ᠸᠠᠩ ᠤᠪᠤᠭᠲᠤ ᠤᠯᠤᠰ ᠤᠨ ᠬᠠᠤᠯᠢ ᠴᠠᠭᠠᠵᠠ ᠶᠢᠨ ᠲᠤᠭᠲᠠᠭᠠᠯ ᠢ ᠵᠦᠷᠢᠴᠠᠵᠤ᠂ ᠨᠠᠰᠤᠨ ᠳᠤ ᠦᠯᠦ ᠬᠦᠷᠦᠭᠰᠡᠳ ᠢ ᠴᠤᠬᠢᠨ ᠰᠢᠷᠬᠠᠳᠤᠭᠤᠯᠵᠤ᠂ ᠲᠡᠭᠦᠨ ᠤ ᠪᠡᠶ᠎ᠡ ᠶᠢᠨ ᠡᠷᠬᠡ ᠳᠤ ᠬᠠᠯᠳᠠᠭᠰᠠᠨ ᠲᠤᠯᠠ ᠤᠰᠤᠯ ᠪᠤᠷᠤᠭᠤ ᠲᠠᠢ᠂ ᠯᠢ X ᠶᠢᠨ ᠡᠮ ᠡᠮᠨᠡᠯᠭᠡ ᠶᠢᠨ ᠰᠦᠢᠳᠬᠡᠯ ᠵᠡᠷᠭᠡ ᠪᠦᠬᠦ ᠬᠤᠬᠢᠷᠠᠯ ᠢ ᠲᠦᠯᠤᠪᠡᠯ ᠵᠤᠬᠢᠨ᠎ᠠ ᠬᠡᠵᠤ ᠦᠵᠡᠨ᠂ ᠡᠮᠨᠡᠬᠦᠯᠦᠭᠰᠡᠨ ᠰᠦᠢᠳᠬᠡᠯ ᠵᠡᠷᠭᠡ ᠪᠦᠬᠦ ᠰᠦᠢᠳᠬᠡᠯ ᠢ ᠨᠡᠶᠢᠲᠠ 25200 ᠲᠦᠭᠦᠷᠢᠭ ᠲᠦᠯᠦᠬᠦ ᠬᠡᠷᠡᠭᠲᠡᠢ︾ ᠬᠡᠵᠤ ᠰᠢᠬᠦᠨ ᠲᠠᠰᠤᠯᠪᠠ᠃ ᠸᠠᠩ ᠤᠪᠤᠭᠲᠤ ᠰᠢᠬᠦᠬᠦ ᠬᠤᠷᠢᠶᠠᠨ ᠤ ᠰᠢᠬᠦᠨ ᠲᠠᠰᠤᠯᠤᠯᠲᠠ ᠶᠢ ᠠᠷᠭ᠎ᠠ ᠪᠤᠰᠤ ᠲᠠᠭᠠᠵᠤ᠂ ᠪᠦᠬᠦ ᠰᠦᠢᠳᠭᠡᠯ ᠢ ᠲᠦᠯᠦᠵᠡᠢ᠃      ᠭᠡᠷᠡᠭ ᠤᠨ ᠵᠠᠳᠠᠯᠤᠯᠲᠠ      ᠲᠤᠰ ᠭᠡᠷᠡᠭ ᠪᠤᠯ ᠨᠠᠰᠤᠨ ᠳᠤ ᠬᠦᠷᠦᠭᠰᠡᠳ ᠦᠪᠡᠷ ᠤᠨ ᠬᠡᠤᠬᠡᠳ ᠢᠶᠠᠨ ᠦᠮᠤᠭᠡᠷᠡᠵᠤ᠂ ᠦᠷᠤᠭᠡᠯ ᠪᠤᠰᠤᠳ ᠤᠨ ᠨᠠᠰᠤᠨ ᠳᠤ ᠭᠦᠷᠦᠭᠡᠲᠦᠢ ᠬᠡᠤᠭᠡᠳ ᠢ ᠴᠤᠬᠢᠵᠤ ᠰᠢᠷᠬᠠᠳᠤᠭᠤᠯᠤᠭᠰᠠᠨ ᠬᠠᠤᠯᠢ ᠶᠢ ᠵᠦᠷᠢᠴᠡᠭᠰᠡᠨ ᠠᠵᠢᠯᠯᠠᠭ᠎ᠠ ᠠᠴᠠ ᠡᠭᠦᠰᠦᠭᠰᠡᠨ ᠬᠦᠮᠦᠨ ᠤ ᠪᠡᠶ᠎ᠡ ᠶᠢᠨ ᠬᠤᠬᠢᠷᠠᠯ ᠤᠨ ᠨᠢᠭᠡᠨ ᠵᠢᠭᠤᠷᠠᠭᠠᠨ ᠪᠤᠯᠤᠨ᠎ᠠ᠃ ᠬᠦᠮᠦᠨ ᠤ ᠪᠠᠶ᠎ᠠ ᠰᠡᠳᠬᠢᠯ ᠤᠨ ᠡᠷᠡᠭᠦᠯ ᠡᠩᠭᠡ ᠬᠠᠤᠯᠢ ᠶᠤᠰᠤᠨ ᠤ ᠡᠷᠭᠡ ᠠᠰᠢᠭ᠂ ᠢᠯᠠᠩᠭᠤᠶ᠎ᠠ ᠨᠠᠰᠤᠨ ᠳᠤ ᠦᠯᠦ ᠬᠦᠷᠦᠭᠰᠡᠳ ᠤᠨ ᠪᠡᠶ᠎ᠡ ᠰᠡᠳᠬᠢᠯ ᠤᠨ ᠡᠷᠡᠭᠦᠯ ᠡᠩᠭᠡ ᠪᠡ ᠬᠠᠤᠯᠢ ᠶᠤᠰᠤᠨ ᠤ ᠡᠷᠭᠡ ᠠᠰᠢᠭ ᠢ ᠬᠠᠤᠯᠢ ᠴᠠᠭᠠᠵᠠ‌‍ᠪᠠᠷ ᠬᠠᠮᠠᠭᠠᠯᠠᠳᠠᠭ᠃ ᠶᠠᠮᠠᠷᠪᠠ ᠪᠠᠶᠢᠭᠤᠯᠤᠯᠭ᠎ᠠ ᠨᠢᠭᠡᠴᠡ ᠪᠠ ᠬᠤᠪᠢ ᠬᠦᠮᠦᠨ ᠪᠤᠰᠤᠳ ᠤᠨ ᠬᠠᠤᠯᠢ ᠶᠤᠰᠤᠨ ᠤ ᠡᠷᠭᠡ ᠠᠰᠢᠭ ᠲᠤ ᠬᠠᠯᠲᠠᠵᠤ ᠪᠤᠯᠬᠤ ᠦᠭᠡᠢ᠃ ᠬᠡᠨ ᠬᠠᠯᠲᠠᠪᠠᠯ ᠲᠡᠷᠡ ᠬᠠᠤᠯᠢ ᠴᠠᠭᠠᠵᠠ ᠵᠨ ᠴᠢᠩᠭ᠎ᠠ ᠰᠢᠳᠬᠡᠯ ᠢ ᠤᠯᠬᠤ ᠶᠤᠰᠤᠲᠠᠢ᠃ ᠡᠨᠡ ᠲᠤᠬᠠᠢ ᠮᠠᠨ ᠤ ᠤᠯᠤᠰ ᠤᠨ ᠬᠠᠮᠢᠶ᠎ᠠ ᠪᠦᠬᠦᠢ ᠬᠠᠤᠯᠢ ᠴᠠᠭᠠᠵᠠ ᠳᠤ ᠴᠦᠮ ᠲᠤᠲᠤᠷᠬᠠᠢ ᠲᠤᠭᠲᠠᠭᠠᠯ ᠲᠠᠢ ᠪᠠᠶᠢᠳᠠᠭ᠃ ︽ᠪᠦᠬᠦᠲᠡ ᠨᠠᠶᠢᠷᠠᠮᠲᠠᠬᠤ ᠲᠤᠮᠲᠠᠲᠤ ᠠᠷᠠᠳ ᠤᠯᠤᠰ ᠤᠨ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠳᠭᠡᠯ ᠤᠨ ᠬᠠᠤᠯᠢ︾ ᠶᠢᠨ ᠲᠦᠴᠢᠨ ᠭᠤᠷᠪᠠᠳᠤᠭᠠᠷ ᠵᠦᠢᠯ ᠤ ᠪᠤᠰᠤᠳ ᠢ ᠴᠤᠬᠢᠭᠰᠠᠨ ᠪᠤᠶᠤ ᠡᠰᠡᠭᠦᠯ᠎ᠡ ᠪᠤᠰᠤᠳ ᠤᠨ ᠪᠡᠶ᠎ᠡ ᠶᠢ ᠵᠤᠷᠢᠭᠤᠳᠠ ᠰᠢᠷᠬᠠᠳᠤᠭᠤᠯᠤᠭᠰᠠᠨ ᠪᠠᠶᠢᠪᠠᠯ ᠲᠠᠪᠤᠨ ᠡᠳᠦᠷ ᠠᠴᠠ ᠲᠡᠭᠡᠭᠰᠢ ᠠᠷᠪᠠᠨ ᠡᠳᠦᠷ ᠠᠴᠠ ᠲᠤᠭᠤᠭᠰᠢ ᠲᠦᠷ ᠬᠤᠷᠢᠬᠤ ᠶᠢᠨ ᠬᠠᠮᠲᠤ ᠬᠤᠶᠠᠷ ᠵᠠᠭᠤᠨ ᠲᠦᠭᠦᠷᠢᠭ ᠠᠴᠠ ᠲᠡᠭᠡᠭᠰᠢ ᠲᠠᠪᠤᠨ ᠵᠠᠭᠤᠨ ᠲᠦᠭᠦᠷᠢᠭ ᠠᠴᠠ ᠲᠤᠭᠤᠭᠰᠢ ᠵᠤᠭᠤᠰ ᠢᠶᠠᠷ ᠲᠤᠷᠭᠠᠨ᠎ᠠ︔ ᠦᠢᠯᠡ ᠪᠠᠶᠢᠳᠠᠯ ᠨᠢ ᠬᠦᠩᠭᠡᠨ ᠪᠠᠶᠢᠪᠠᠯ ᠲᠠᠪᠤᠨ ᠡᠳᠦᠷ ᠠᠴᠠ ᠲᠤᠭᠤᠭᠰᠢ ᠲᠦᠷ ᠬᠤᠷᠢᠬᠤ ᠪᠤᠶᠤ ᠲᠠᠪᠤᠨ ᠵᠠᠭᠤᠨ ᠲᠦᠭᠦᠷᠢᠭ ᠠᠴᠠ ᠲᠤᠭᠤᠭᠰᠢ ᠵᠤᠭᠤᠰ ᠲᠤᠷᠭᠠᠨ᠎ᠠ ︔ ᠲᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠠᠷᠪᠠᠨ ᠡᠳᠦᠷ ᠠᠴᠠ ᠲᠡᠭᠡᠭᠰᠢ ᠠᠷᠪᠠᠨ ᠲᠠᠪᠤᠨ‌ᠡᠳᠦᠷ ᠠᠴᠠ ᠲᠤᠭᠤᠭᠰᠢ ᠲᠦᠷ ᠬᠤᠷᠢᠬᠤ ᠶᠢᠨ ᠬᠠᠮᠲᠤ ᠲᠠᠪᠤᠨ ᠵᠠᠭᠤᠨ ᠲᠦᠬᠦᠷᠢᠭ ᠠᠴᠠ ᠲᠡᠭᠡᠭᠰᠢ ᠨᠢᠭᠡ ᠮᠢᠩᠭᠠᠨ ᠲᠦᠭᠦᠷᠢᠭ ᠠᠴᠠ ᠲᠤᠭᠤᠭᠰᠢ ᠵᠤᠭᠤᠰ ᠢᠶᠠᠷ ᠲᠤᠷᠭᠠᠨ᠎ᠠ ᠬᠡᠰᠡᠨ ᠲᠣᠭᠳᠠᠭᠠᠯ ᠲᠠᠢ᠄      ᠨᠢᠬᠡ᠂ ᠪᠦᠯᠦᠭᠯᠡᠵᠤ ᠬᠦᠮᠦᠨ ᠴᠤᠬᠢᠭᠠᠳ ᠪᠤᠰᠤᠳ ᠢ ᠰᠢᠷᠬᠠᠳᠤᠭᠤᠯᠤᠭᠰᠠᠨ︔      ᠬᠤᠶᠠᠷ᠂ ᠵᠡᠮᠳᠡᠭ ᠬᠦᠮᠦᠨ᠂ ᠵᠢᠷᠮᠤᠰᠤᠨ ᠡᠮᠡᠭᠲᠡᠢ᠂ ᠠᠷᠪᠠᠨ ᠲᠦᠷᠪᠡᠨ ᠪᠦᠬᠦᠯᠢ ᠨᠠᠰᠤ ᠬᠦᠷᠦᠭᠡᠲᠤᠢ ᠪᠤᠶᠤ ᠡᠰᠡᠭᠦᠯ᠎ᠡ ᠵᠢᠷᠠᠨ ᠪᠦᠬᠦᠯᠢ ᠨᠠᠰᠤᠨ ᠠᠴᠠ ᠲᠡᠭᠡᠭᠰᠢ ᠬᠦᠮᠦᠨ ᠢ ᠴᠤᠬᠢᠵᠤ ᠰᠢᠷᠬᠠᠳᠤᠭᠤᠯᠤᠭᠰᠠᠨ︔      ᠭᠤᠷᠪᠠ᠂ ᠪᠤᠰᠤᠳ ᠢ ᠤᠯᠠᠨ ᠤᠲᠠᠭ᠎ᠠ ᠴᠤᠬᠢᠵᠤ ᠰᠢᠷᠬᠠᠳᠤᠭᠤᠯᠤᠭᠰᠠᠨ ᠪᠤᠶᠤ ᠨᠢᠭᠡᠯᠡ ᠤᠳᠠᠭ᠎ᠠ ᠳᠤ ᠤᠯᠠᠨ ᠬᠦᠮᠦᠨ ᠢ ᠴᠤᠬᠢᠵᠤ ᠰᠢᠷᠬᠠᠳᠤᠭᠤᠯᠤᠭᠰᠠᠨ᠃      ︽ᠪᠦᠬᠦᠲᠡ ᠨᠠᠶᠢᠷᠠᠮᠲᠠᠬᠤ ᠲᠤᠮᠲᠠᠲᠤ ᠠᠷᠠᠳ ᠤᠯᠤᠰ ᠤᠨ ᠡᠷᠡᠭᠦᠦ ᠶᠢᠨ ᠬᠠᠤᠯᠢ︾ ᠶᠢᠨ ᠬᠤᠶᠠᠷ ᠵᠠᠭᠤ ᠭᠤᠴᠢᠨ ᠲᠦᠷᠪᠡᠳᠦᠭᠡᠷ ᠵᠦᠢᠯ ᠳᠤ ︽ᠵᠤᠷᠢᠭᠤᠲᠠ ᠪᠤᠰᠤᠳ ᠤᠨ ᠪᠡᠶ᠎ᠡ ᠶᠢ ᠰᠢᠷᠬᠠᠳᠤᠭᠤᠯᠤᠭᠰᠠᠨ ︵ᠬᠦᠩᠭᠡᠨ ᠰᠢᠷᠬᠠᠲᠤᠭᠤᠯᠤᠭᠰᠠᠨ︶ ‍ᠤᠯ ᠭᠤᠷᠪᠠᠨ ᠵᠢᠯ ᠠᠴᠠ ᠲᠤᠭᠤᠭᠰᠢ ᠬᠤᠭᠤᠴᠠᠭ᠎ᠠ ᠲᠠᠢ ᠬᠤᠷᠢᠬᠤ᠂ ᠬᠤᠷᠢᠵᠤ ᠬᠦᠲᠡᠯᠮᠤᠷᠢᠯᠡᠬᠦᠯᠬᠦ ᠪᠤᠶᠤ ᠵᠠᠬᠢᠷᠤᠨ ᠬᠠᠮᠢᠶᠠᠷᠬᠤ ᠪᠠᠷ ᠰᠢᠳᠭᠡᠨ᠎ᠡ︔ ᠡᠮᠤᠨᠡᠬᠢ ᠬᠡᠰᠡᠭ ᠲᠤ ᠲᠤᠭᠲᠠᠭᠠᠭᠰᠠᠨ ᠶᠠᠯ᠎ᠠ ᠬᠢᠭᠡᠳ ᠬᠦᠮᠦᠨ ᠢ ᠬᠦᠨᠲᠤ ᠰᠢᠷᠬᠠᠳᠤᠭᠤᠯᠤᠭᠰᠠᠨ ᠪᠠᠶᠢᠪᠠᠯ ᠭᠤᠷᠪᠠᠨ ᠵᠢᠯ ᠠᠴᠠ ᠲᠡᠭᠡᠭᠰᠢ ᠠᠷᠪᠠᠨ ᠵᠢᠯ ᠠᠴᠠ ᠲᠤᠭᠤᠭᠰᠢ ᠬᠤᠭᠤᠴᠠᠭ᠎ᠠ ᠲᠠᠢ ᠬᠤᠷᠢᠬᠤ ᠪᠠᠷ ᠰᠢᠳᠬᠡᠨ᠎ᠡ︔ ᠬᠦᠮᠦᠨ ᠢ ᠦᠬᠦᠬᠦ ᠳᠤ ᠬᠦᠷᠦᠭᠦᠯᠦᠭᠰᠡᠨ ᠪᠤᠶᠤ ᠤᠨᠴᠠᠭᠠᠢ ᠬᠠᠷᠭᠢᠰ ᠬᠡᠷᠴᠡᠭᠡᠢ ᠠᠷᠭ᠎ᠠ ᠪᠠᠷ ᠭᠦᠮᠦᠨ ᠢ ᠭᠦᠨᠲᠤ ᠰᠢᠷᠬᠠᠳᠤᠭᠤᠯᠵᠤ᠂ ᠬᠦᠨᠲᠤ ᠨᠤᠴᠢᠲᠡᠢ ᠵᠡᠮᠲᠡᠭ ᠪᠤᠯᠭᠠᠭᠰᠠᠨ ᠪᠠᠶᠢᠪᠠᠯ ᠠᠷᠪᠠᠨ ᠵᠢᠯ ᠠᠴᠠ ᠲᠡᠭᠡᠭᠰᠢ ᠬᠤᠭᠤᠴᠠᠭ᠎ᠠ ᠲᠠᠢ ᠬᠤᠷᠢᠬᠤ᠂ ᠬᠤᠭᠤᠴᠠᠭ᠎ᠠ ᠦᠭᠡᠢ ᠬᠤᠷᠢᠬᠤ ᠪᠤᠶᠤ ᠠᠯᠠᠬᠤ ᠶᠠᠯ᠎ᠠ ᠪᠠᠷ ᠰᠢᠳᠬᠡᠨ᠎ᠡ᠃ ᠲᠤᠰ ᠬᠠᠤᠯᠢ ᠳᠤ ᠠᠰᠲᠠᠭᠠᠨ ᠲᠤᠭᠲᠠᠭᠠᠯ ᠲᠠᠢ ᠪᠠᠶᠢᠪᠠᠯ ᠲᠡᠷᠡ ᠲᠤᠭᠲᠠᠭᠠᠯ ᠤᠨ ᠶᠤᠰᠤᠭᠠᠷ ᠶᠠᠪᠤᠭᠤᠯᠤᠨ᠎ᠠ︾ ᠬᠡᠵᠤ ᠲᠤᠭᠲᠠᠭᠠᠵᠤ᠂ ︽ᠪᠦᠬᠦᠲᠡ ᠨᠠᠶᠢᠷᠠᠮᠲᠠᠬᠤ ᠲᠤᠮᠲᠠᠲᠤ ᠠᠷᠠᠳ ᠤᠯᠤᠰ ᠤᠨ ᠡᠷᠭᠡᠨ ᠳᠤ ᠬᠠᠯᠳᠠᠭᠰᠠᠨ ᠬᠠᠷᠢᠭᠤᠴᠠᠯᠭ᠎ᠠ ᠶᠢᠨ ᠬᠠᠤᠯᠢ︾ ᠶᠢᠨ ᠠᠷᠪᠠᠨ ᠵᠢᠷᠭᠤᠲᠤᠭᠠᠷ ᠵᠦᠢᠯ ᠳᠤ ︽ᠪᠤᠰᠤᠳ ᠲᠤ ᠬᠠᠯᠲᠠᠨ ᠬᠦᠮᠦᠨ ᠤ ᠪᠡᠶ᠎ᠡ ᠳᠤ ᠬᠤᠬᠢᠷᠠᠯ ᠤᠴᠠᠷᠠᠭᠤᠯᠤᠭᠰᠠᠨ ᠪᠠᠶᠢᠪᠠᠯ ᠡᠮᠴᠢᠯᠡᠭᠡᠨ ᠤ ᠵᠠᠷᠤᠳᠠᠯ᠂ ᠰᠤᠪᠢᠯᠠᠬᠤ ᠵᠠᠷᠤᠲᠠᠯ᠂ ᠵᠠᠮ ᠬᠠᠷᠢᠯᠴᠠᠭᠠᠨ ᠤ ᠵᠠᠷᠤᠲᠠᠯ ᠵᠡᠷᠭᠡ ᠡᠮᠴᠢᠯᠡᠭᠡ ᠪᠠ ᠡᠷᠡᠭᠦᠯᠵᠢᠬᠦ ᠳᠤ ᠵᠠᠷᠤᠴᠠᠭᠤᠯᠤᠭᠰᠠᠨ ᠵᠦᠢ ᠵᠤᠬᠢᠰᠲᠠᠢ ᠵᠠᠷᠤᠲᠠᠯ ᠵᠢᠴᠢ ᠠᠵᠢᠯ ᠰᠠᠭᠠᠳᠠᠭᠰᠠᠨ ᠠᠴᠠ ᠪᠤᠯᠵᠤ ᠬᠠᠰᠤᠭᠳᠠᠭᠰᠡᠨ ᠤᠷᠤᠯᠭ᠎ᠠ ᠶᠢ ᠨᠢ ᠲᠦᠯᠦᠬᠦ ᠬᠡᠷᠡᠭᠲᠡᠢ︔ ᠵᠠᠮᠲᠡᠭ ᠪᠤᠯᠭᠠᠭᠰᠠᠨ ᠪᠠᠶᠢᠪᠠᠯ ᠪᠠᠰᠠ ᠠᠮᠢᠲᠤᠷᠠᠯ ᠤᠨ ᠲᠤᠰᠠᠯᠠᠬᠤ ᠪᠠᠭᠠᠵᠢ ᠶᠢᠨ ᠵᠠᠷᠤᠳᠠᠯ ᠪᠡ ᠵᠡᠮᠳᠡᠭᠷᠡᠭᠦᠯᠦᠭᠰᠡᠨ ᠲᠦᠯᠦᠪᠦᠷᠢ ᠲᠦᠯᠦᠬᠦ ᠬᠡᠷᠡᠭᠲᠡᠢ︔ ᠦᠬᠦᠬᠦᠯᠦᠭᠰᠡᠨ ᠪᠠᠶᠢᠪᠠᠯ ᠪᠠᠰᠠ ᠤᠷᠤᠰᠢᠭᠤᠯᠤᠭᠰᠠᠨ ᠵᠠᠷᠤᠲᠠᠯ ᠪᠠ ᠦᠬᠦᠯ ᠤᠨ ᠲᠦᠯᠦᠪᠦᠷᠢ ᠲᠦᠯᠦᠬᠦ ᠬᠡᠷᠡᠭᠲᠡᠢ︾ ᠬᠡᠵᠤ ᠲᠤᠭᠲᠠᠭᠠᠨ᠂ ︽ᠨᠠᠰᠤᠨ ᠳᠤ ᠦᠯᠦ ᠬᠦᠷᠦᠭᠰᠡᠳ ᠢ ᠬᠠᠮᠠᠭᠠᠯᠠᠬᠤ ᠬᠠᠤᠯᠢ︾ ᠶᠢᠨ ᠵᠢᠷᠠᠳᠤᠭᠠᠷ ᠵᠦᠢᠯ ᠳᠤ ︽ᠲᠤᠰ ᠬᠠᠤᠯᠢ ᠶᠢᠨ ᠲᠤᠭᠲᠠᠭᠠᠯ ᠢ ᠵᠦᠷᠢᠴᠡᠵᠤ᠂ ᠨᠠᠰᠤᠨ ᠳᠤ ᠦᠯᠦ ᠬᠦᠷᠦᠭᠰᠡᠳ ᠤᠨ ᠬᠠᠤᠯᠢ ᠶᠤᠰᠤᠨ ᠤ ᠡᠷᠬᠡ ᠠᠰᠢᠭ ᠲᠤ ᠬᠠᠯᠲᠠᠭᠠᠳ ᠪᠤᠰᠤᠳ ᠬᠠᠤᠯᠢ ᠴᠠᠭᠠᠵᠠ ᠬᠠᠤᠯᠢ ᠲᠦᠷᠢᠮ ᠤᠨ ᠲᠤᠭᠲᠠᠭᠠᠯ ᠶᠤᠰᠤᠭᠠᠷ ᠵᠠᠰᠠᠭ ᠵᠠᠬᠢᠷᠭᠠᠨ ᠤ ᠰᠢᠳᠬᠡᠯ ᠦᠭᠭᠦᠭᠰᠡᠨ ᠪᠠᠶᠢᠪᠠᠯ ᠲᠤᠰ ᠲᠤᠭᠲᠠᠭᠠᠯ ᠢᠶᠠᠷ ᠨᠢ ᠶᠠᠪᠤᠭᠤᠯᠵᠤ᠂ ᠬᠦᠮᠦᠨ ᠤ ᠪᠡᠶ᠎ᠡ ᠡᠳ᠋ ᠪᠤᠲᠠᠰ ᠬᠤᠬᠢᠷᠠᠭᠰᠠᠨ ᠪᠤᠶᠤ ᠪᠤᠰᠤᠳ ᠬᠤᠬᠢᠷᠠᠯ ᠲᠠᠢ ᠪᠠᠶᠢᠪᠠᠯ ᠬᠠᠤᠯᠢ ᠶᠤᠰᠤᠭᠠᠷ ᠢᠷᠭᠡᠨ ᠤ ᠭᠡᠷᠡᠭ ᠤᠨ ᠬᠠᠷᠢᠭᠤᠴᠠᠯᠭ᠎ᠠ ᠡᠭᠦᠷᠭᠡᠯᠡᠬᠦ ᠭᠡᠷᠡᠭᠲᠡᠢ︔ ᠶᠠᠯ᠎ᠠ ᠳᠤ ᠬᠦᠷᠦᠭᠰᠡᠨ ᠪᠠᠶᠢᠪᠠᠯ ᠬᠠᠤᠯᠢ ᠶᠤᠰᠤᠭᠠᠷ ᠡᠷᠠᠭᠦᠦ ᠶᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ︾ ᠭᠡᠵᠤ ᠲᠤᠭᠲᠠᠭᠠᠭᠰᠠᠨ ᠪᠠᠶᠢᠳᠠᠭ᠃ ᠲᠡᠭᠡᠷᠡᠬᠢ ᠬᠠᠮᠢᠶ᠎ᠠ ᠪᠦᠬᠦᠢ ᠬᠠᠤᠯᠢ ᠴᠠᠭᠠᠵᠠ ᠶᠢᠨ ᠲᠤᠭᠲᠠᠭᠠᠯ ᠤᠳ ᠢ ᠦᠨᠳᠤᠰᠤᠯᠡᠪᠡᠯ ᠂ ᠬᠡᠨ ᠬᠦᠮᠦᠨ ᠬᠡᠷᠪᠡ ᠬᠠᠤᠯᠢ ᠴᠠᠭᠠᠵᠠ ᠶᠢᠨ ᠲᠤᠭᠲᠠᠭᠠᠯ ᠢ ᠵᠦᠷᠢᠴᠡᠵᠤ᠂ ᠪᠤᠰᠤᠳ ᠢ ᠴᠤᠬᠢᠵᠤ ᠭᠤᠶᠠᠳᠠᠬᠤ ᠵᠡᠷᠭᠡ ᠠᠷᠭ᠎ᠠ ᠪᠠᠷ ᠪᠤᠰᠤᠳ ᠤᠨ ᠪᠡᠶ᠎ᠠ ᠶᠢᠨ ᠡᠷᠭᠡ ᠲᠠᠢ ᠬᠠᠯᠲᠠᠵᠤ᠂ ᠪᠤᠰᠤᠳ ᠤᠨ ᠪᠡᠶ᠎ᠡ ᠶᠢ ᠵᠤᠷᠢᠭᠤᠲᠠ ᠭᠡᠮᠲᠤᠭᠡᠵᠤ ᠰᠢᠷᠬᠠᠳᠤᠭᠤᠯᠪᠠᠯ ᠬᠦᠩᠭᠡᠨ ᠳᠡᠭᠡᠨ ᠲᠦᠷ ᠬᠤᠷᠢᠭᠲᠠᠬᠤ ᠪᠤᠶᠤ ᠵᠤᠭᠤᠰ ᠢᠶᠠᠷ ᠲᠤᠷᠭᠠᠭᠲᠠᠬᠤ ᠰᠢᠳᠬᠡᠯ ᠤᠯᠬᠤ ᠶᠢᠨ ᠬᠠᠮᠲᠤ ᠠᠵᠤ ᠠᠬᠤᠢ ᠶᠢᠨ ᠬᠤᠬᠢᠷᠠᠯ ᠢ ᠲᠦᠯᠦᠨ᠎ᠡ᠃ ᠬᠡᠷᠪᠡ ᠦᠢᠯᠠ ᠠᠵᠢᠯᠯᠠᠭ᠎ᠠ ᠨᠢ ᠬᠦᠨᠳᠤ ᠨᠤᠴᠢᠲᠠᠢ ᠪᠠᠶᠢᠵᠤ᠂ ᠪᠤᠰᠤᠳ ᠢ ᠬᠦᠨᠲᠤ ᠰᠢᠷᠬᠠᠳᠤᠭᠤᠯᠬᠤ ᠪᠤᠶᠤ ᠦᠬᠦᠬᠦᠯᠬᠦ ᠳᠤ ᠬᠦᠷᠪᠡᠯ ᠡᠷᠨᠭᠦᠦ ᠶᠢᠨ ᠬᠠᠷᠢᠭᠤᠴᠠᠯᠭ᠎ᠠ ᠨᠡᠬᠡᠮᠵᠢᠯᠡᠭᠲᠡᠨ᠎ᠡ ᠬᠡᠰᠡᠨ ᠢ ᠮᠡᠳᠡᠵᠤ ᠪᠤᠯᠤᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号