ᠰᠡᠪᠬᠦᠯ ᠭᠠᠴᠭᠠᠨ ᠤ ᠮᠠᠯᠴᠢᠨ ᠳᠠᠷᠢᠶᠠᠴᠢᠳ ᠲᠠᠷᠢᠮᠠᠯ ᠤᠨ ᠪᠦᠳᠣᠴᠡ ᠪᠠᠨ ᠳᠣᠬᠢᠷᠠᠭᠤᠯᠣᠨ  ᠪᠣᠭᠤᠳᠠᠢ ᠲᠠᠷᠢᠭᠠᠳ ᠶᠠᠭᠠᠷᠠᠯᠳᠣᠵᠣ ᠪᠠᠶᠢᠨ᠎ᠠ
ᠨᠡᠶᠢᠲᠡᠯᠡᠭᠰᠡᠨ ᠴᠠᠭ᠄
2018-04-20
      ᠬᠠᠪᠣᠷ ᠤᠨ ᠳᠡᠭᠷᠢ ᠶᠢᠨ ᠳᠣᠯᠠᠭᠠᠷᠠᠬᠤ ᠶᠢ ᠳᠠᠭᠠᠯᠳᠣᠨ᠂ ᠭᠠᠯᠠᠭᠤᠳᠣ ᠪᠠᠯᠭᠠᠰᠣᠨ ᠤ ᠰᠡᠪᠬᠦᠯ ᠭᠠᠴᠠᠭᠠᠨ ᠤ ᠮᠠᠯᠴᠢᠳ ᠲᠠᠷᠢᠮᠠᠯ ᠤᠨ ᠪᠦᠳᠣᠴᠡ ᠪᠠᠨ ᠳᠣᠬᠢᠷᠠᠭᠤᠯᠣᠨ ᠬᠦᠭᠵᠢᠬᠦᠯᠵᠣ ᠪᠡᠶᠢᠭ᠎ᠠ 500 ᠮᠣ᠋ ᠶᠢᠨ ᠬᠠᠪᠣᠷ ᠤᠨ ᠪᠣᠭᠤᠳᠠᠢ ᠲᠠᠷᠢᠬᠤ ᠠᠵᠢᠯ ᠢᠶᠠᠨ ᠡᠬᠢᠯᠡᠬᠦᠯᠵᠤ ᠲᠠᠷᠢᠶᠠᠨ ᠭᠠᠵᠠᠷ ᠳᠡᠭᠡᠷ᠎ᠡ ᠪᠠᠨ ᠶᠠᠭᠠᠷᠠᠯᠳᠣᠵᠣ ᠡᠬᠢᠯᠡᠯ᠎ᠡ᠃      ᠰᠡᠪᠭᠦᠯ ᠭᠠᠴᠠᠭᠠᠨ ᠤ ᠮᠠᠯᠴᠢᠨ ᠰᠦᠭᠡᠪᠠᠭᠠᠳᠣᠷ ᠶᠢᠨ ᠲᠠᠷᠢᠶᠠᠨ ᠭᠠᠵᠠᠷ ᠳᠡᠭᠡᠷ᠎ᠡ᠂ ᠭᠠᠵᠠᠷ ᠬᠠᠭᠠᠯᠪᠣᠷᠢᠯᠠᠨ ᠦᠷ᠎ᠠ ᠰᠠᠴᠣᠬᠤ ᠵᠡᠷᠭᠡ ᠶᠢ ᠬᠠᠮᠳᠣᠷᠠᠭᠤᠯᠣᠭᠰᠠᠨ ᠣᠯᠠᠨ ᠬᠡᠷᠡᠭᠴᠡᠭᠡᠳᠣ ᠮᠠᠰᠢᠨ ᠢᠶᠠᠷ ᠪᠣᠭᠤᠳᠠᠢ ᠳᠠᠷᠢᠨ ᠶᠠᠭᠠᠷᠠᠯᠳᠠᠢ ᠠᠵᠢᠯᠯᠠᠵᠣ ᠪᠡᠶᠢᠯ᠎ᠠ᠃      ᠮᠠᠯᠴᠢᠨ ᠰᠦᠭᠡᠪᠠᠭᠠᠳᠣᠷ᠄ ︽ᠨᠢᠳᠣᠨᠣᠨ ᠮᠠᠨ ᠤ ᠬᠢᠨ 15 ᠮᠣ᠋ ᠶᠢᠨ ᠪᠣᠭᠤᠳᠠᠢ ᠲᠠᠷᠢᠭᠠᠳ ᠬᠤᠷᠢᠶᠠᠯᠳᠠ ᠨᠢ ᠨᠡᠯᠢᠶᠠᠳ ᠭᠠᠶᠢᠭᠤᠢ᠂ ᠡᠷᠳᠡᠨᠢ ᠰᠢᠰᠢ ᠳᠠᠷᠢᠬᠤ ᠶᠢ ᠪᠣᠳᠣᠪᠠᠯ ᠮᠣ᠋ ᠪᠦᠷᠢ ᠳᠤ ᠪᠠᠨ ᠢᠯᠡᠭᠦᠤ 2000 ᠭᠠᠷᠣᠢ ᠵᠢᠩ  ᠬᠤᠳᠠᠯᠳᠣᠨ᠎ᠠ︾ ᠭᠡᠵᠤ ᠶᠠᠷᠢᠵᠤ ᠪᠠᠶᠢᠯ᠎ᠠ᠃      ᠮᠠᠯᠴᠢᠨ ᠰᠦᠬᠡᠪᠠᠭᠠᠳᠣᠷ ᠨᠢᠳᠣᠨᠣᠨ ᠪᠠᠯᠭᠠᠰᠣ ᠭᠠᠴᠠᠭᠠᠨ ᠤ ᠲᠠᠷᠢᠮᠠᠯ ᠤᠨ ᠪᠦᠳᠣᠴᠡ ᠪᠠᠨ ᠳᠣᠬᠢᠷᠠᠭᠤᠯᠵᠣ ᠴᠣᠯᠣ ᠪᠠᠶᠢᠭᠠᠯᠢᠯᠢᠭ ᠪᠣᠬᠢᠷᠳᠣᠯ ᠦᠬᠡᠢ ᠪᠣᠭᠤᠳᠠᠢ ᠲᠠᠷᠢᠬᠤ ᠣᠷᠢᠶᠠᠯᠠᠭ᠎ᠠ ᠪᠠᠷ 15 ᠮᠣ᠋ ᠶᠢᠨ ᠪᠣᠭᠤᠳᠠᠢ ᠲᠠᠷᠢᠭᠠᠳ 4 ᠳᠦᠮᠡ ᠭᠠᠷᠣᠢ ᠳᠦᠬᠦᠷᠢᠭ ᠤᠨ ᠣᠷᠣᠯᠭ᠎ᠠ ᠣᠯᠣᠭᠰᠠᠨ ᠠᠴᠠ ᠳᠡᠬᠦᠨ ᠤ ᠢᠳᠡᠭᠡᠯ ᠵᠣᠷᠢᠭ ᠢ ᠬᠦᠪᠴᠢᠯᠠᠵᠣ ᠡᠨ᠋ᠨ ᠵᠢᠯ 100 ᠮᠣ᠋ ᠶᠢᠨ ᠲᠠᠷᠢᠶᠠᠨ ᠭᠠᠵᠠᠷ ᠲᠤ ᠪᠠᠨ ᠪᠦᠬᠦᠳᠡ ᠶᠢ ᠪᠣᠭᠤᠳᠠᠢ ᠳᠠᠷᠢᠬᠤ ᠪᠠᠷ ᠪᠤᠯᠤᠭᠰᠠᠨ ᠪᠠᠶᠢᠨ᠎ᠠ᠃ ᠲᠡᠷᠡ ᠪᠠᠰᠠ ᠳᠠᠷᠢᠶᠠᠯᠠᠭ᠎ᠠ ᠶᠢᠨ ᠪᠦᠳᠣᠮᠵᠢ ᠪᠠᠨ ᠳᠡᠭᠡᠭᠰᠢᠯᠠᠬᠦᠯᠬᠦ ᠶᠢᠨ ᠳᠦᠯᠣᠬᠡ ᠳᠣᠰᠬᠠᠶᠢᠯᠠᠨ ᠱᠠᠨᠳᠦ᠋ᠡᠭ ᠮᠣᠵᠢ  ᠠᠴᠠ ᠣᠯᠠᠨ ᠭᠡᠷᠡᠭᠴᠡᠭᠡᠳᠣ ᠪᠣᠭᠤᠳᠠᠢ ᠲᠠᠷᠢᠬᠤ ᠮᠠᠰᠢᠨ ᠢ ᠬᠤᠳᠠᠯᠳᠣᠨ ᠠᠪᠤᠭᠰᠠᠨ ᠪᠠᠶᠢᠪᠠ᠃ ᠤᠳᠤ ᠲᠡᠷᠡ 100 ᠮᠣ᠋ ᠶᠢᠨ ᠪᠣᠭᠤᠳᠠᠢ ᠶᠢᠨ ᠲᠠᠷᠢᠶ᠎ᠠ ᠪᠠᠨ ᠨᠢᠬᠡ ᠡᠳᠣᠷ ᠬᠠᠭᠠᠰ ᠤᠨ ᠴᠠᠭ ᠢ ᠵᠠᠷᠣᠴᠠᠭᠤᠯᠣᠨ ᠳᠡᠷᠢᠵᠣ ᠳᠠᠭᠤᠰᠬᠠᠨ᠂ ᠬᠤᠪᠢᠨ ᠤ ᠳᠠᠷᠢᠶ᠎ᠠ ᠪᠠᠨ ᠲᠠᠷᠢᠭᠰᠠᠨ ᠤ ᠲᠠᠷᠠᠭ᠎ᠠ ᠪᠠᠰᠠ ᠠᠶᠢᠯ ᠠᠶᠢᠮᠠᠭ ᠤᠨ ᠢᠶᠠᠨ ᠪᠣᠭᠤᠳᠠᠢ ᠶᠢ ᠳᠠᠷᠢᠵᠣ ᠳᠦᠬᠦᠮ ᠦᠵᠡᠭᠦᠯᠣᠨ ᠣᠶᠢᠯᠡᠴᠢᠯᠡᠭᠡ ᠬᠠᠨᠭ᠍ᠭᠠᠬᠤ ᠪᠠᠷ ᠲᠦᠯᠦᠪᠯᠵᠤ ᠪᠠᠶᠢᠪᠠ᠃      2017 ᠣᠨ ᠳᠤ᠂ ᠭᠠᠯᠠᠭᠤᠳᠣ ᠪᠠᠯᠭᠠᠰᠣᠨ ᠤ ᠰᠡᠪᠬᠦᠯ ᠭᠠᠴᠠᠭ᠎ᠠ ᠨᠢ ᠬᠤᠰᠢᠭᠤ ᠪᠠᠯᠭᠠᠰᠣᠨ ᠤ ᠳᠣᠬᠢᠷᠠᠭᠤᠯᠭ᠎ᠠ ᠪᠠᠷ ᠲᠠᠷᠢᠮᠠᠯ ᠤᠨ ᠪᠦᠳᠣᠴᠡ ᠪᠠᠨ ᠰᠢᠯᠢᠳᠡᠭᠵᠢᠬᠦᠯᠵᠣ ᠪᠠᠶᠢᠭᠠᠯᠢᠯᠢᠭ ᠪᠣᠬᠢᠷᠳᠣᠯ ᠦᠬᠡᠢ ᠣᠷᠭᠠᠨᠢᠭ ᠪᠣᠭᠤᠳᠠᠢ 320 ᠮᠣ᠋ ᠶᠢ ᠳᠣᠷᠰᠢᠨ ᠳᠠᠷᠢᠭᠰᠠᠨ ᠤ ᠬᠠᠮᠳᠣ ᠳᠡᠭᠡᠳᠣ ᠱᠠᠳᠣᠨ ᠤ ᠬᠦᠴᠣᠳᠡᠢ ᠳᠡᠮᠵᠢᠯᠬᠡ ᠪᠠᠷ ᠭᠠᠴᠠᠭᠠᠨ ᠳᠡᠭᠡᠷ᠎ᠡ ᠪᠣᠭᠤᠳᠠᠢ ᠶᠢᠨ ᠭᠤᠯᠢᠷ ᠪᠣᠯᠪᠡᠰᠣᠷᠠᠭᠤᠯᠬᠤ  ᠦᠢᠯᠡᠳᠪᠦᠷᠢ ᠪᠠᠶᠢᠭᠤᠯᠵᠣ ᠨᠢᠭᠡᠳᠣᠯᠳᠡᠢ ᠪᠤᠭᠤᠳᠠᠯᠯᠠᠨ ᠵᠠᠬ᠎ᠠ ᠳᠡᠯᠭᠡᠬᠦᠷ ᠳᠡᠭᠡᠷ᠎ᠡ  ᠭᠠᠷᠭᠠᠨ ᠭᠡᠷᠡᠭᠯᠡᠭᠴᠢᠳ ᠤᠨ ᠬᠠᠯᠠᠭᠤᠨ ᠬᠦᠷᠢᠶᠠᠯᠠᠯ ᠢ ᠣᠯᠣᠭᠰᠠᠨ ᠪᠣᠷᠣᠯᠠᠭᠤᠯᠭ᠎ᠠ ᠰᠠᠶᠢᠳᠡᠢ ᠪᠦᠳᠣᠭᠡᠭᠳᠡᠬᠦᠨ ᠪᠣᠯᠵᠣ ᠮᠠᠯᠴᠢᠳ ᠤᠨ ᠢᠳᠡᠪᠬᠢᠵᠢᠯ ᠢ ᠶᠠᠬᠡᠪᠡᠷ ᠳᠠᠶᠢᠴᠢᠯᠠᠵᠣ ᠴᠢᠳᠡᠭ᠌ᠰᠠᠨ  ᠠᠴᠠ ᠡᠨ᠋ᠨ ᠵᠢᠯ ᠭᠠᠴᠠᠭᠠᠨ ᠠᠴᠠ 500 ᠮᠣ᠋ ᠪᠣᠯᠭᠠᠨ ᠦᠷᠭᠡᠳᠬᠡᠨ ᠲᠠᠷᠢᠭᠰᠠᠨ ᠪᠠᠶᠢᠨ᠎ᠠ᠃      ᠭᠠᠯᠠᠭᠤᠳᠣ ᠪᠠᠯᠭᠠᠰᠣᠨ ᠤ ᠰᠡᠪᠬᠦᠯ ᠭᠠᠴᠠᠭᠠᠨ ᠤ ᠨᠠᠮ ᠤᠨ ᠡᠭᠦᠷ ᠤᠨ ᠱᠦᠵᠢ ᠮᠦᠡᠭᠬᠡᠪᠠᠭᠠᠳᠣᠷ᠄ ︽ᠲᠠᠷᠠᠭᠠᠴᠢ ᠶᠢᠨ ᠠᠯᠬᠤᠮ ᠪᠢᠳᠡ ᠨᠠᠷᠢᠯᠢᠭ ᠪᠣᠯᠪᠠᠰᠣᠷᠠᠭᠤᠯᠬᠤ ᠵᠠᠮ ᠢᠶᠠᠷ ᠵᠠᠮᠨᠠᠵᠣ ᠪᠢᠳᠡᠨ ᠤ ᠭᠤᠯᠢᠷ ᠢᠶᠠᠷ ᠬᠢᠭᠰᠡᠨ ᠮᠠᠨᠳᠠᠣ᠂ ᠪᠣᠭᠤᠷᠰᠤᠭ ᠵᠡᠷᠭᠡ ᠭᠤᠯᠢᠷ ᠢᠳᠡᠭᠡᠨ ᠤ ᠣᠶᠢᠯᠠᠳᠪᠣᠷᠢ ᠪᠠᠶᠢᠭᠤᠯᠵᠣ᠂ ᠮᠡᠨ ᠤ ᠪᠣᠬᠢᠷᠳᠣᠯ ᠦᠬᠡᠢ ᠪᠦᠳᠣᠭᠡᠭᠳᠡᠬᠦᠨ ᠢ ᠣᠯᠡᠨ ᠳᠦᠮᠡᠨ ᠳᠤ ᠵᠣᠭᠤᠭᠯᠠᠭᠤᠯᠬᠤ ᠶᠢᠨ ᠬᠠᠮᠳᠣ ᠮᠠᠨ ᠤ ᠮᠠᠯᠴᠢᠳ ᠤᠨ ᠣᠷᠣᠯᠭ᠎ᠠ ᠶᠢ ᠨᠠᠮᠡᠭᠳᠡᠭᠦᠯᠬᠦ ᠪᠠᠷ ᠲᠦᠯᠦᠪᠯᠡᠵᠤ ᠪᠠᠶᠢᠨ᠎ᠠ︾ ᠭᠡᠵᠤ ᠢᠳᠡᠭᠡᠯ ᠲᠡᠭᠦᠯᠳᠡᠷ ᠶᠠᠷᠢᠵᠤ ᠪᠠᠶᠢᠯ᠎ᠠ᠃
 
ᠢᠷᠡᠯᠲᠡ᠄ ᠦᠣᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号