ᠦᠣᠰᠢᠨ ᠬᠤᠰᠢᠭᠤᠨ ᠤ ᠮᠣᠩᠭᠤᠯ ᠡᠮᠨᠡᠯᠬᠡ ᠶᠢᠨ ᠶᠠᠷᠣᠩᠬᠡᠶᠢᠯᠡᠭᠰᠡᠨ ᠡᠮᠨᠡᠯᠭᠡ ᠶᠢᠨ ᠬᠤᠷᠢᠶ᠎ᠠ ᠶᠢᠨ ᠰᠢᠨ᠎ᠠ ᠪᠠᠷ ᠪᠡᠶᠢᠭᠤᠯᠣᠭᠰᠡᠨ ᠲᠦᠷᠥᠯ ᠵᠣᠶᠢᠯ ᠭᠡᠷᠡᠭᠯᠡᠯᠳᠡ ᠳᠤ ᠣᠷᠣᠯ᠎ᠠ
ᠨᠡᠶᠢᠲᠡᠯᠡᠭᠰᠡᠨ ᠴᠠᠭ᠄
2018-04-25
      ᠣᠶᠢᠷ᠎ᠠ ᠶᠢᠨ ᠡᠳᠣᠷ᠂ ᠮᠠᠨ ᠤ ᠬᠤᠰᠢᠭᠤᠨ ᠤ ᠮᠣᠩᠭᠤᠯ ᠡᠮᠨᠡᠯᠬᠡ ᠶᠢᠨ ᠶᠠᠷᠣᠩᠬᠡᠶᠢᠯᠡᠭᠰᠡᠨ ᠡᠮᠨᠡᠯᠬᠡ ᠶᠢᠨ ᠬᠤᠷᠢᠶ᠎ᠠ ᠨᠢ ᠰᠢᠨ᠎ᠠ ᠪᠠᠷ ᠪᠠᠶᠢᠭᠤᠯᠣᠭᠰᠠᠨ ᠠᠰᠠᠷ ᠲᠤ ᠪᠠᠨ ᠰᠢᠯᠵᠢᠵᠣ ᠬᠡᠷᠡᠭᠯᠡᠯᠳᠡ ᠳᠤ ᠣᠷᠣᠨ ᠣᠯᠡᠨ ᠳᠦᠮᠡᠨ ᠳᠤ ᠴᠣ ᠰᠢᠨ᠎ᠠ ᠡᠮ ᠡᠮᠨᠡᠯᠬᠡ᠂ ᠡᠷᠡᠭᠦᠯ ᠮᠡᠨᠳᠣ ᠶᠢᠨ ᠰᠢᠯᠢᠳᠡᠭ ᠣᠶᠢᠯᠡᠴᠢᠯᠡᠭᠡ ᠬᠠᠨᠭ᠍ᠭᠠᠵᠣ ᠡᠬᠢᠯᠡᠯ᠎ᠡ᠃      ᠡᠨ᠋ᠨ ᠵᠢᠯ 68 ᠨᠠᠰᠣᠳᠡᠢ ᠭᠠᠯᠠᠭᠤᠳᠣ ᠪᠠᠯᠭᠠᠰᠣᠨ ᠤ ᠬᠦᠬᠡᠳᠣᠯᠣᠭᠠᠢ ᠭᠠᠴᠠᠭᠠᠨ ᠤ ᠮᠠᠯᠴᠢᠨ ᠡᠭᠦᠯᠡᠨᠬᠤᠸᠠᠷ᠂ ᠰᠢᠨ᠎ᠠ ᠪᠠᠷ ᠬᠡᠷᠡᠭᠯᠡᠯᠳᠡ ᠳᠤ ᠣᠷᠣᠭᠰᠠᠨ ᠮᠠᠨ ᠤ ᠬᠤᠰᠢᠭᠤᠨ ᠤ ᠮᠣᠩᠭᠤᠯ ᠡᠮᠨᠡᠯᠬᠡ ᠶᠢᠨ ᠶᠠᠷᠣᠩᠬᠡᠶᠢᠯᠡᠭᠰᠡᠨ ᠡᠮᠨᠡᠯᠬᠡ ᠎ ᠶᠢᠨ ᠬᠤᠷᠢᠶᠠᠨ ᠤ ᠴᠡᠪᠡᠷ ᠳᠣᠬᠢᠯᠢᠭ ᠡᠪᠡᠳᠴᠢᠲᠡᠨ ᠤ ᠦᠷᠣᠭᠡᠨ ᠳᠤ ᠰᠢᠯᠵᠢᠨ ᠢᠷᠠᠵᠣ ᠰᠠᠭᠤᠭᠠᠳ ᠡᠮᠴᠢ ᠰᠣᠪᠢᠯᠠᠭᠴᠢ ᠨᠡᠷ ᠤᠨ ᠬᠠᠯᠠᠭᠤᠨ ᠣᠶᠢᠯᠡᠴᠢᠯᠡᠭᠡ ᠶᠢ ᠬᠦᠷᠳᠡᠵᠣ ᠰᠡᠳᠬᠢᠯ ᠬᠠᠨᠣᠮᠵᠢᠳᠡᠢ ᠪᠠᠶᠢᠯ᠎ᠠ᠃ ᠲᠡᠷᠡ᠄ ︽ᠪᠢ ᠵᠢᠷᠣᠭᠡ ᠠᠭᠤᠰᠬᠢ ᠶᠢᠨ ᠡᠪᠡᠳᠴᠢᠨ ᠲᠠᠢ᠂ ᠡᠨ᠋ᠨ ᠡᠮᠨᠡᠯᠭᠡ ᠶᠢᠨ ᠬᠤᠷᠢᠶᠠᠨ ᠤ ᠨᠦᠬᠦᠴᠡᠯ ᠰᠠᠶᠢᠨ᠂ ᠵᠣᠭᠤᠰ ᠮᠦᠡᠭᠭᠦ ᠰᠣᠶᠢᠳᠭᠡᠯ ᠢ ᠴᠣ᠋ ᠰᠡᠬᠦᠯᠡᠷ ᠨᠢ ᠠᠪᠳᠠᠭ᠂ ᠣᠳᠣ ᠡᠨ᠋ᠨ ᠰᠢᠨ᠎ᠠ ᠡᠮᠨᠡᠯᠭᠡ ᠶᠢᠨ ᠬᠤᠷᠢᠶᠠᠨ ᠳᠤ ᠢᠷᠡᠭᠡᠳ ᠰᠢᠨ᠎ᠠ ᠬᠥᠨᠵᠢᠯᠡ ᠳᠡᠪᠢᠰᠭᠡᠷ ᠲᠠᠢ ᠣᠷᠣᠨ ᠳᠤ ᠰᠠᠭᠤᠵᠣ ᠠᠳᠡᠬᠢ ᠶᠢᠨ ᠡᠮᠴᠢ ᠰᠣᠪᠢᠯᠠᠭᠴᠢ ᠨᠢ ᠴᠣ᠋ ᠠᠮᠣᠷ ᠦᠬᠡᠢ ᠰᠠᠶᠢᠨ ᠪᠠᠶᠢᠨ᠎ᠠ᠂ ᠡᠷᠳᠡ ᠨᠢᠬᠡᠨ ᠡᠳᠣᠷ ᠡᠷᠡᠭᠦᠯᠵᠢᠬᠦ ᠶᠢ ᠬᠦᠰᠡᠵᠣ ᠪᠠᠶᠢᠨ᠎ᠠ︾ ᠭᠡᠵᠤ ᠶᠠᠷᠢᠵᠤ ᠪᠠᠶᠢᠯ᠎ᠠ᠃      ᠮᠠᠨ ᠤ ᠬᠤᠰᠢᠭᠤᠨ ᠤ ᠮᠣᠩᠭᠤᠯ ᠡᠮᠨᠡᠯᠬᠡ ᠶᠢᠨ ᠶᠠᠷᠣᠩᠬᠡᠶᠢᠯᠡᠭᠰᠡᠨ ᠡᠮᠨᠡᠯᠬᠡ ᠶᠢᠨ ᠬᠤᠷᠢᠶ᠎ᠠ ᠶᠢᠨ ᠣᠣᠯ ᠤᠨ ᠪᠡᠷᠢᠯᠭ᠎ᠠ ᠶᠢᠨ ᠳᠡᠯᠡᠪᠡᠢ᠂ ᠳᠣᠨᠤᠭ ᠲᠦᠬᠦᠭᠡᠷᠦᠮᠵᠢ᠂ ᠡᠪᠡᠳᠴᠢᠳᠡᠨ ᠤ ᠣᠷᠣ ᠵᠡᠷᠭᠡ ᠰᠠᠭᠤᠷᠢ ᠲᠦᠬᠦᠭᠡᠷᠦᠮᠵᠢ ᠶᠢᠨ ᠲᠠᠯ᠎ᠠ ᠪᠠᠷ ᠬᠢ ᠨᠦᠬᠦᠴᠡᠯ ᠬᠦᠷᠣᠯᠴᠡᠬᠦ ᠦᠬᠡᠢ ᠪᠣᠳᠡᠳᠡᠢ ᠪᠡᠶᠢᠳᠡᠯ ᠢ ᠬᠤᠪᠢᠷᠠᠭᠤᠯᠣᠨ ᠡᠮ ᠡᠮᠨᠡᠯᠭᠡ ᠶᠢᠨ ᠣᠷᠴᠢᠨ ᠳᠣᠭᠤᠷᠢᠨ ᠢ ᠰᠠᠶᠢᠵᠢᠷᠠᠭᠤᠯᠣᠨ᠂ ᠣᠶᠢᠯᠡᠴᠢᠯᠡᠭᠡ ᠪᠠᠨ ᠰᠢᠯᠢᠳᠡᠭᠵᠢᠬᠦᠯᠵᠣ ᠣᠯᠠᠨ ᠳᠦᠮᠡᠨ ᠤ ᠭᠡᠷᠡᠭᠴᠡᠭᠡ ᠶᠢ ᠬᠠᠨᠭ᠍ᠭᠠᠬᠤ ᠶᠢᠨ ᠳᠦᠯᠣᠭᠡ᠂  2015 ᠣᠨ ᠳᠤ ᠦᠣᠰᠢᠨ ᠬᠤᠰᠢᠭᠤᠨ ᠤ ᠵᠠᠰᠠᠭ ᠤᠨ ᠣᠷᠳᠣᠨ ᠨᠢ ᠰᠢᠨ᠎ᠡ ᠪᠠᠷ ᠠᠯᠪᠡᠨ ᠠᠰᠠᠷ ᠪᠠᠶᠢᠭᠤᠯᠬᠤ ᠪᠠᠷ ᠳᠣᠭᠳᠠᠭᠠᠨ ᠨᠠᠮ ᠤᠨ ᠬᠤᠷᠢᠶ᠎ᠠ ᠵᠠᠰᠠᠭ ᠤᠨ ᠤᠷᠳᠤᠨ ᠤ ᠭᠤᠤᠯᠳᠠᠯᠭ᠎ᠠ ᠲᠠᠢ ᠠᠷᠠᠳ ᠤᠨ ᠠᠮᠢᠳᠤᠷᠠᠯ ᠢ ᠬᠠᠷᠠᠭᠠᠯᠵᠠᠬᠤ ᠢᠨᠵᠧᠨᠧᠷᠢᠩ ᠪᠣᠯᠭᠠᠭᠰᠠᠨ ᠪᠡᠶᠢᠨ᠎ᠠ᠃ ᠰᠢᠨ᠎ᠠ ᠪᠠᠷ ᠪᠠᠶᠢᠭᠤᠯᠣᠭᠰᠠᠨ ᠡᠮᠨᠡᠯᠬᠡ ᠶᠢᠨ ᠬᠤᠷᠢᠶᠠᠨ ᠤ ᠪᠦᠬᠦ ᠡᠵᠡᠯᠡᠬᠦ ᠲᠠᠯᠠᠪᠡᠢ ᠨᠢ 2 ᠳᠦᠮᠡᠨ ᠲᠡᠭᠰᠢ ᠲᠦᠷᠪᠡᠯᠵᠢᠨ ᠮᠧᠲᠷ᠂ ᠶᠡᠷᠦᠩᠬᠡᠢ ᠪᠠᠷᠢᠯᠭ᠎ᠠ ᠶᠢᠨ ᠲᠠᠯᠠᠪᠠᠢ ᠨᠢ 1.4 ᠳᠦᠮᠡᠨ ᠲᠡᠭᠰᠢ ᠲᠦᠷᠪᠡᠯᠵᠢᠨ ᠮᠧᠲᠷ᠂ ᠶᠡᠷᠦᠩᠬᠡᠢ ᠪᠡᠯᠡ ᠤᠷᠤᠭᠤᠯᠤᠯᠳᠠ ᠨᠢ 1.2 ᠳ᠋ᠦᠩᠰᠢᠭᠤᠷ ᠲᠦᠬᠦᠷᠢᠭ ᠲᠤ ᠬᠦᠷᠴᠣ᠂ 120 ᠭᠠᠷᠣᠢ ᠡᠪᠡᠳᠴᠢᠳᠡᠨ ᠤ ᠣᠷᠣ ᠲᠠᠢ᠃ ᠤᠤᠯ ᠳᠤ ᠪᠠᠨ 13 ᠰᠠᠯᠠᠭ᠎ᠠ ᠲᠠᠰᠤᠭ ᠲᠠᠢ ᠪᠠᠶᠢᠭᠰᠠᠨ ᠠᠴᠠ ᠪᠠᠨ ᠣᠳᠣ ᠨᠡᠷᠡᠳᠣ ᠡᠮᠴᠢ ᠶᠢᠨ ᠠᠵᠢᠯ ᠤᠨ ᠦᠷᠣᠭᠡ ᠵᠡᠷᠭᠡ 19 ᠰᠠᠯᠠᠭ᠎ᠠ ᠲᠠᠰᠤᠭ ᠲᠠᠢ ᠪᠤᠯᠤᠭᠰᠠᠨ ᠪᠠᠶᠢᠨ᠎ᠠ᠃ ᠡᠶᠢᠮᠣᠷᠬᠦ ᠡᠯ᠎ᠡ ᠲᠠᠯ᠎ᠠ ᠶᠢᠨ ᠨᠦᠬᠦᠴᠠᠯ ᠰᠠᠶᠢᠵᠢᠷᠠᠭᠰᠠᠨ ᠴᠣ ᠰᠢᠨ᠎ᠠ ᠣᠷᠴᠢᠨ ᠳᠣᠭᠤᠷᠢᠨ ᠨᠢ ᠠᠷᠪᠡ ᠭᠠᠷᠣᠢ ᠵᠢᠯ ᠣᠯᠠᠮᠵᠢᠯᠠᠯᠳᠣ ᠵᠠᠰᠠᠯ ᠤᠨ ᠰᠠᠯᠠᠭᠠᠨ ᠤ ᠳᠠᠷᠤᠭ᠎ᠠ ᠪᠣᠯᠣᠭᠰᠠᠨ ᠬᠠᠰᠭᠠᠷᠣᠳᠢ ᠡᠮᠴᠢ ᠶᠢᠨ ᠢᠳᠡᠭᠡᠯ ᠵᠣᠷᠢᠭ ᠢ ᠬᠦᠪᠴᠢᠯᠡᠯ᠎ᠡ᠃ ᠳᠡᠷᠡ ᠰᠣᠷᠪᠣᠯᠵᠢᠯᠠᠭᠴᠢ ᠳᠤ᠄ ︽ᠮᠠᠨ ᠤ ᠰᠠᠯᠠᠭ᠎ᠠ ᠨᠢ ᠣᠳᠣ ᠮᠣᠩᠭᠤᠯ ᠡᠮᠨᠡᠯᠭᠡ ᠶᠢᠨ ᠣᠯᠠᠮᠵᠢᠯᠠᠯᠳᠣ ᠲᠠᠪᠣᠨ ᠵᠠᠰᠠᠯ᠂ ᠮᠣᠩᠭᠤᠯ ᠡᠮ ᠤᠨ ᠷᠠᠰᠢᠶᠠᠨ ᠵᠠᠰᠠᠯ᠂ ᠡᠷᠡᠭᠦᠯᠵᠢᠯ ᠤᠨ ᠳᠠᠰᠤᠭ ᠵᠡᠷᠭᠡ ᠢᠵᠢ ᠪᠦᠷᠢᠳᠣᠨ ᠮᠣᠩᠭᠤᠯ ᠡᠮᠨᠡᠯᠭᠡ ᠪᠠᠷ ᠡᠮᠨᠡᠨ ᠵᠠᠰᠠᠬᠤ᠂ ᠡᠷᠡᠬᠦᠯᠵᠢᠯ ᠬᠢᠬᠦ᠂ ᠰᠣᠪᠢᠯᠠᠯᠳᠠ ᠬᠢᠬᠦ ᠵᠡᠷᠭᠡ ᠭᠡᠷᠡᠭᠴᠡᠭᠡ ᠶᠢ ᠬᠠᠨᠭ᠍ᠭᠠᠵᠣ ᠴᠢᠳᠠᠬᠤ ᠪᠣᠯᠣᠯ᠎ᠠ︾ ᠬᠡᠵᠣ ᠪᠡᠶᠡᠷᠳᠡᠢ ᠶᠡᠷᠢᠯ᠎ᠡ᠃      ᠮᠠᠨ ᠤ ᠬᠤᠰᠢᠭᠤᠨ ᠤ ᠮᠣᠩᠭᠤᠯ ᠡᠮᠨᠡᠯᠬᠡ ᠶᠢᠨ ᠶᠠᠷᠣᠩᠬᠡᠶᠢᠯᠡᠭᠰᠡᠨ ᠡᠮᠨᠡᠯᠬᠡ ᠶᠢᠨ ᠬᠤᠷᠢᠶ᠎ᠠ ᠨᠢ ᠳᠦᠴᠢᠨ ᠵᠢᠯ ᠎ ᠤᠨ ᠳᠣᠷᠰᠢ᠂ ᠬᠡᠲᠦ ᠣᠳᠠᠭᠠᠨ ᠤ ᠰᠢᠨ᠎ᠠ ᠪᠠᠷ ᠪᠦᠳᠣᠭᠡᠨ ᠪᠠᠶᠢᠭᠤᠯᠬᠤ ᠪᠠᠷ ᠳᠠᠮᠵᠢᠨ ᠣᠳᠣᠬᠠᠨ ᠪᠣᠯᠬᠤ ᠳᠤ᠂ ᠡᠨᠡᠬᠦ ᠣᠷᠣᠨ ᠰᠠᠭᠤᠴᠠ ᠳᠣᠬᠢᠯᠢᠭ᠂ ᠣᠷᠴᠢᠨ ᠳᠣᠭᠤᠷᠢᠨ ᠠᠭᠤᠳᠠᠮ ᠮᠦᠷᠳᠡᠭᠡᠨ ᠡᠯ᠎ᠡ ᠵᠣᠶᠢᠯ ᠤᠨ ᠲᠡᠷᠢᠬᠦᠨ ᠤ ᠡᠮᠨᠡᠯᠬᠡ ᠶᠢᠨ ᠳᠣᠨᠤᠭ ᠲᠦᠬᠦᠭᠡᠷᠦᠮᠵᠢ ᠪᠦᠷᠢᠨ ᠪᠦᠳᠣᠨ ᠡᠮᠨᠡᠯᠬᠡ ᠪᠣᠯᠵᠣ ᠣᠯᠡᠨ ᠳᠦᠮᠡᠨ ᠳᠤ ᠴᠣ ᠰᠢᠨ᠎ᠠ ᠡᠮ ᠡᠮᠨᠡᠯᠬᠡ᠂ ᠡᠷᠡᠭᠦᠯ ᠮᠡᠨᠳᠣ ᠶᠢᠨ ᠰᠢᠯᠢᠳᠡᠭ ᠣᠶᠢᠯᠡᠴᠢᠯᠡᠭᠡ ᠬᠠᠩᠭᠠᠬᠤ ᠪᠤᠯᠤᠭᠰᠠᠨ ᠪᠠᠶᠢᠨ᠎ᠠ᠃        ᠦᠣᠰᠢᠨ ᠬᠤᠰᠢᠭᠤᠨ ᠤ ᠮᠣᠩᠭᠤᠯ ᠡᠮᠨᠡᠯᠬᠡ ᠶᠢᠨ ᠶᠠᠷᠣᠩᠬᠡᠶᠢᠯᠡᠭᠰᠡᠨ ᠡᠮᠨᠡᠯᠬᠡ ᠶᠢᠨ ᠬᠤᠷᠢᠶᠠᠨ ᠤ ᠳᠠᠷᠤᠭ᠎ᠠ  ᠮᠦᠩᠭᠡᠨᠠᠰᠤᠨ᠄ ︽ᠡᠶᠢᠮᠣᠷᠬᠦ ᠰᠠᠶᠢᠨ ᠳᠣᠨᠤᠭ ᠲᠦᠬᠦᠭᠡᠷᠦᠮᠵᠢ ᠪᠣᠯᠣᠨ ᠣᠷᠴᠢᠨ ᠳᠣᠭᠤᠷᠢᠨ ᠤ ᠰᠠᠭᠤᠷᠢᠨ ᠳᠡᠭᠡᠷ᠎ᠡ ᠪᠢᠳᠡ ᠳᠠᠷᠠᠭ᠎ᠠ ᠠᠯᠬᠤᠮ ᠳᠡᠭᠡᠳᠣ ᠱᠠᠳᠣᠨ ᠤ ᠶᠡᠭᠡ ᠡᠮᠨᠡᠯᠬᠡ ᠶᠢᠨ ᠬᠤᠷᠢᠶ᠎ᠠ ᠲᠠᠢ ᠬᠤᠷᠰᠢᠨ ᠬᠠᠷᠢᠴᠠᠭ᠎ᠠ ᠪᠡᠶᠢᠭᠤᠯᠣᠨ ᠳᠣᠰᠬᠠᠢ ᠮᠠᠷᠭᠡᠵᠢᠯᠳᠡᠨ ᠣᠷᠢᠵᠣ ᠠᠯᠣᠰ ᠠᠴᠠ ᠣᠨᠣᠰᠢᠯᠠᠬᠤ ᠮᠠᠷᠭᠡᠵᠢᠯ ᠢ ᠠᠰᠢᠭᠯᠠᠨ ᠦᠪᠡᠷ ᠤᠨ ᠡᠮᠴᠢ ᠰᠣᠪᠢᠯᠠᠭᠴᠢᠳ ᠤᠨ ᠮᠡᠷᠭᠡᠵᠢᠯ ᠢ ᠳᠡᠭᠡᠭᠰᠢᠯᠡᠭᠦᠯᠣᠨ ᠦᠷᠭᠡᠨ ᠣᠯᠠᠨ ᠮᠠᠯᠴᠢᠨ ᠳᠦᠮᠡᠨ ᠳᠤ ᠪᠠᠨ ᠨᠡᠩ ᠰᠠᠶᠢᠨ ᠮᠣᠩᠭᠤᠯ ᠡᠮᠨᠡᠯᠬᠡ ᠶᠢᠨ ᠣᠶᠢᠯᠠᠴᠢᠯᠡᠭᠡ ᠬᠠᠨᠭ᠍ᠭᠠᠨ᠎ᠠ︾ ᠭᠡᠪᠡ᠃
 
ᠢᠷᠡᠯᠲᠡ᠄ ᠥᠥᠰᠢᠨ ᠬᠤᠰᠢᠭᠤᠨ ᠤ ᠷᠠᠳᠢᠤ᠋ ᠲᠧᠯᠸᠢᠰ ᠦᠢᠯᠡᠴᠢᠯᠡᠭᠡᠨ ᠤ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号