ᠬᠢᠯᠢ ᠪᠠᠷ ᠭᠠᠷᠴᠤ ᠤᠷᠤᠬᠤ ᠦᠨᠡᠮᠯᠡᠯ ᠭᠠᠷᠭᠠᠬᠤ ᠠᠵᠢᠯ ᠤᠨ ᠵᠦᠭᠯᠡᠭᠦᠷ
ᠨᠡᠶᠢᠲᠡᠯᠡᠭᠰᠡᠨ ᠴᠠᠭ᠄
2018-04-25
       ᠨᠢᠬᠡ᠂ ᠡᠩ ᠤᠨ ᠫᠠᠰᠫᠤᠷᠲ ᠭᠤᠶᠤᠪᠴᠢᠯᠠᠬᠤ ᠳᠤ ᠬᠡᠷᠡᠭᠯᠡᠬᠦ ᠮᠠᠲ᠋ᠧᠷᠢᠶᠠᠯ         ⒈ ᠲᠤᠮᠳᠠᠳᠤ ᠤᠯᠤᠰ ᠤᠨ ᠠᠷᠠᠳ ᠢᠷᠬᠡᠨ ᠤ ᠬᠢᠯᠢ ᠪᠠᠷ ᠭᠠᠷᠴᠤ ᠤᠷᠤᠬᠤ ᠦᠨᠡᠮᠯᠡᠯ ᠭᠤᠶᠤᠪᠴᠢᠯᠠᠬᠤ ᠭᠦᠰᠦᠨᠦᠭᠳᠤ         ⒉ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ         ⒊ ︽ᠬᠢᠯᠢ ᠪᠠᠷ ᠭᠠᠷᠴᠤ ᠤᠷᠤᠬᠤ ᠦᠨᠡᠮᠯᠡᠯ ᠤᠨ ᠬᠡᠷᠡᠯ ᠵᠢᠷᠤᠭ ᠠᠪᠤᠭᠤᠯᠬᠤ ᠵᠢᠯᠤᠭᠤᠳᠤᠮᠵᠢ︾ ᠎ ᠳᠤ ᠲᠤᠬᠢᠷᠠᠭᠰᠠᠨ ᠪᠠᠷᠢᠮᠵᠢᠶᠠᠳᠤ ᠰᠡᠭᠦᠳᠡᠷ        ᠬᠤᠶᠠᠷ᠂ ᠰᠢᠶᠠᠩᠭᠠᠩ ᠤᠤᠮᠧᠨ ᠳᠤ ᠤᠴᠢᠬᠤ ᠢᠷᠡᠬᠦ ᠵᠦᠪᠰᠢᠶᠡᠷᠡᠯ ᠤᠨ ᠦᠨᠡᠮᠯᠡᠯ ᠭᠤᠶᠤᠪᠴᠢᠯᠠᠬᠤ ᠳᠤ ᠬᠡᠷᠡᠭᠯᠡᠬᠦ ᠮᠠᠲ᠋ᠧᠷᠢᠶᠠᠯ         ⒈ ᠲᠤᠮᠳᠠᠳᠤ ᠤᠯᠤᠰ ᠤᠨ ᠠᠷᠠᠳ ᠢᠷᠬᠡᠨ ᠤ ᠬᠢᠯᠢ ᠪᠠᠷ ᠭᠠᠷᠴᠤ ᠤᠷᠤᠬᠤ ᠦᠨᠡᠮᠯᠡᠯ ᠤᠨ ᠭᠤᠶᠤᠪᠴᠢᠯᠠᠯ ᠤᠨ ᠭᠦᠰᠦᠨᠦᠭᠳᠤ         ⒉ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ         ⒊ ︽ᠬᠢᠯᠢ ᠪᠠᠷ ᠭᠠᠷᠴᠤ ᠤᠷᠤᠬᠤ ᠦᠨᠡᠮᠯᠡᠯ ᠤᠨ ᠬᠡᠷᠡᠯ ᠵᠢᠷᠤᠭ ᠠᠪᠤᠭᠤᠯᠬᠤ ᠵᠢᠯᠤᠭᠤᠳᠤᠮᠵᠢ︾᠎ ᠳᠤ ᠲᠤᠬᠢᠷᠠᠭᠰᠠᠨ ᠪᠠᠷᠢᠮᠵᠢᠶᠠᠳᠤ ᠰᠡᠭᠦᠳᠡᠷ        ᠭᠤᠷᠪᠠ᠂ ᠲᠠᠶᠢᠸᠠᠨ ᠳᠤ ᠤᠴᠢᠬᠤ ᠢᠷᠡᠬᠦ ᠵᠦᠪᠰᠢᠶᠡᠷᠡᠯ ᠤᠨ ᠦᠨᠡᠮᠯᠡᠯ ᠭᠤᠶᠤᠪᠴᠢᠯᠠᠬᠤ ᠳᠤ ᠬᠡᠷᠡᠭᠯᠡᠬᠦ ᠮᠠᠲ᠋ᠧᠷᠢᠶᠠᠯ         ⒈ ᠲᠤᠮᠳᠠᠳᠤ ᠤᠯᠤᠰ ᠤᠨ ᠠᠷᠠᠳ ᠢᠷᠬᠡᠨ ᠤ ᠬᠢᠯᠢ ᠪᠠᠷ ᠭᠠᠷᠴᠤ ᠤᠷᠤᠬᠤ ᠦᠨᠡᠮᠯᠡᠯ ᠭᠤᠶᠤᠪᠴᠢᠯᠠᠬᠤ ‍ᠦ᠋ᠰᠦᠨᠦᠭᠳᠤ         ⒉ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ         ⒊ ︽ᠬᠢᠯᠢ ᠪᠠᠷ ᠭᠠᠷᠴᠤ ᠤᠷᠤᠬᠤ ᠦᠨᠡᠮᠯᠡᠯ ᠤᠨ ᠬᠡᠷᠡᠯ ᠵᠢᠷᠤᠭ ᠠᠪᠤᠭᠤᠯᠬᠤ ᠵᠢᠯᠤᠭᠤᠳᠤᠮᠵᠢ︾᠎ ᠳᠤ ᠲᠤᠬᠢᠷᠠᠭᠰᠠᠨ ᠪᠠᠷᠢᠮᠵᠢᠶᠠᠳᠤ ᠰᠡᠭᠦᠳᠡᠷ          ᠠᠷᠠᠳ ᠲᠤ ᠨᠠᠩ ᠲᠦᠭᠦᠮ ᠦᠵᠡᠭᠦᠯᠦᠨ ᠠᠰᠢᠭᠳᠠᠢ ᠪᠠᠶᠢᠯᠭᠠᠬᠤ ᠡᠬᠦᠳᠡᠨ ᠠᠴᠠ ᠦᠤᠰᠢᠨ ᠬᠤᠰᠢᠭᠤᠨ ᠎ ᠤ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠬᠢᠯᠢ ᠪᠠᠷ ᠭᠠᠷᠴᠤ ᠤᠷᠤᠬᠤ ᠦᠨᠡᠮᠯᠡᠯ ᠭᠠᠷᠭᠠᠬᠤ ᠲᠢᠩᠬᠢᠮ ᠰᠦᠢᠳᠬᠡᠯ ᠬᠤᠷᠢᠶᠠᠬᠤ ᠦᠬᠡᠢ ᠪᠠᠷ ᠪᠡᠶ᠎ᠡ ᠶᠢᠨ ᠦᠨᠡᠮᠯᠡᠯ ᠬᠠᠭᠤᠯᠪᠤᠷᠢᠯᠠᠬᠤ ᠪᠠ ᠡᠯᠧᠺᠲᠷᠤᠨ ᠬᠡᠷᠡᠯ ᠵᠢᠷᠤᠭ ᠰᠡᠭᠦᠳᠡᠷᠯᠡᠭᠦ ᠦᠢᠯᠡᠴᠢᠯᠡᠭᠡ ᠶᠢ ᠬᠠᠩᠭᠠᠨ᠎ᠠ᠃        ᠲᠦᠷᠪᠡ᠂ ᠰᠢᠶᠠᠩᠭᠠᠩ ᠤᠤᠮᠧᠨ ᠲᠠᠶᠢᠸᠠᠨ ᠳᠤ ᠤᠴᠢᠬᠤ ᠵᠦᠪᠰᠢᠶᠡᠷᠡᠯ ᠤᠨ ᠦᠨᠡᠮᠯᠡᠯ ᠪᠠ ᠵᠦᠪᠰᠢᠶᠡᠷᠡᠯ ᠎ ᠤᠨ ᠴᠣᠬᠤᠯᠠᠪᠤᠷᠢ ᠶᠢ ᠵᠡᠷᠭᠡᠪᠡᠷ ᠭᠤᠶᠤᠪᠴᠢᠯᠠᠬᠤ ᠳᠤ ᠬᠡᠷᠡᠭᠯᠡᠬᠦ ᠮᠠᠲ᠋ᠧᠷᠢᠶᠠᠯ        ᠠᠷᠠᠳ ᠢᠷᠬᠡᠨ ᠰᠢᠶᠠᠩᠭᠠᠩ ᠤᠤᠮᠧᠨ ᠳᠤ ᠤᠴᠢᠬᠤ ᠢᠷᠡᠬᠦ ᠵᠥᠪᠰᠢᠶᠡᠷᠡᠯ ᠤᠨ ᠦᠨᠡᠮᠯᠡᠯ ᠪᠤᠶᠤ ᠵᠦᠪᠰᠢᠶᠡᠷᠡᠯ ᠤᠨ ᠴᠣᠬᠤᠯᠠᠪᠤᠷᠢ ᠶᠢ ᠵᠡᠷᠬᠡᠪᠡᠷ ᠭᠤᠶᠤᠪᠴᠢᠯᠠᠬᠤ ᠪᠤᠶᠤ ᠲᠠᠶᠢᠸᠠᠨ ᠳᠤ ᠤᠴᠢᠬᠤ ᠢᠷᠡᠬᠦ ᠵᠥᠪᠰᠢᠶᠡᠷᠡᠯ ᠤᠨ ᠦᠨᠡᠮᠯᠡᠯ ᠪᠠ ᠵᠦᠪᠰᠢᠶᠡᠷᠡᠯ ᠤᠨ ᠴᠣᠬᠤᠯᠠᠪᠤᠷᠢ ᠶᠢ ᠭᠤᠶᠤᠪᠴᠢᠯᠠᠬᠤ ᠳᠤ ᠲᠤᠮᠳᠠᠳᠤ ᠤᠯᠤᠰ ᠤᠨ ᠠᠷᠠᠳ ᠢᠷᠬᠡᠨ ᠤ ᠬᠢᠯᠢ ᠪᠠᠷ ᠭᠠᠷᠴᠤ ᠤᠷᠤᠬᠤ ᠦᠨᠡᠮᠯᠡᠯ ᠭᠤᠶᠤᠪᠴᠢᠯᠠᠬᠤ ᠭᠦᠰᠦᠨᠦᠭᠳᠤ᠂ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ᠂ ︽ᠬᠢᠯᠢ ᠪᠠᠷ ᠭᠠᠷᠴᠤ ᠤᠷᠤᠬᠤ ᠦᠨᠡᠮᠯᠡᠯ ᠤᠨ ᠬᠡᠷᠡᠯ ᠵᠢᠷᠤᠭ ᠠᠪᠤᠭᠤᠯᠬᠤ‌ᠵᠢᠯᠤᠭᠤᠳᠤᠮᠵᠢ︾᠎ ᠳᠤ ᠲᠤᠬᠢᠷᠠᠭᠰᠠᠨ ᠪᠠᠷᠢᠮᠵᠢᠶᠠᠳᠤ ᠰᠡᠭᠦᠳᠡᠷ ᠵᠢᠴᠢ ᠭᠤᠶᠤᠪᠴᠢᠯᠠᠯ ᠤᠨ ᠤᠴᠢᠷ ᠲᠤ ᠬᠤᠯᠪᠤᠭᠳᠠᠬᠤ ᠬᠠᠮᠢᠶ᠎ᠠ ᠪᠦᠬᠦᠢ ᠮᠠᠲ᠋ᠧᠷᠢᠶᠠᠯ ᠢᠶᠠᠨ ᠲᠤᠰᠢᠶᠠᠨ᠎ᠠ᠃        ᠲᠠᠪᠤ᠂ ᠨᠠᠰᠤᠨ ᠳᠤ ᠦᠯᠦ ᠭᠦᠷᠦᠭᠰᠡᠳ ᠬᠢᠯᠢ ᠪᠠᠷ ᠭᠠᠷᠴᠤ ᠤᠷᠤᠬᠤ ᠲᠡᠮᠳᠡᠭ ᠭᠤᠶᠤᠪᠴᠢᠯᠠᠬᠤ ᠳᠤ ᠲᠤᠰᠢᠶᠠᠬᠤ ᠶᠤᠰᠤᠳᠠᠢ ᠪᠤᠰᠤᠳ ᠮᠠᠲ᠋ᠧᠷᠢᠶᠠᠯ        ᠠᠷᠪᠠᠨ ᠵᠢᠷᠭᠤᠭᠠᠨ ᠪᠦᠭᠦᠯᠢ ᠨᠠᠰᠤ ᠭᠦᠷᠦᠬᠡᠳᠦᠢ ᠭᠤᠶᠤᠪᠴᠢᠯᠠᠭᠴᠢ ᠬᠡᠷᠪᠡ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠭᠠᠷᠭᠠᠭᠰᠠᠨ ᠦᠭᠡᠢ ᠪᠤᠯ ᠲᠤᠰ ᠭᠦᠮᠦᠨ ᠤ ᠡᠷᠦᠬᠡ ᠠᠮᠨ ᠶᠢᠨ ᠲᠠᠪᠳᠠᠷ ᠢᠶᠠᠨ ᠲᠤᠰᠢᠶᠠᠨ᠎ᠠ᠃ ᠭᠤᠶᠤᠪᠴᠢᠯᠠᠭᠴᠢ ᠠᠴᠠ ᠬᠠᠷᠠᠭᠠᠯᠵᠠᠨ ᠬᠠᠮᠠᠭᠠᠯᠠᠭᠴᠢ ᠲᠠᠢ ᠬᠠᠮᠳᠤ ᠪᠠᠷ ᠡᠩ ᠤᠨ ᠫᠠᠰᠫᠤᠷᠲ᠂ ᠰᠢᠶᠠᠩᠭᠠᠩ ᠤᠤᠮᠧᠨ ᠎ ᠳᠤ ᠤᠴᠢᠬᠤ ᠢᠷᠡᠬᠦ ᠵᠥᠪᠰᠢᠶᠡᠷᠡᠯ ᠤᠨ ᠦᠨᠡᠮᠯᠡᠯ ᠪᠤᠶᠤ ᠵᠦᠪᠰᠢᠶᠡᠷᠡᠯ ᠤᠨ ᠴᠣᠬᠤᠯᠠᠪᠤᠷᠢ᠂ ᠲᠠᠶᠢᠸᠠᠨ ᠳᠤ ᠤᠴᠢᠬᠤ ᠢᠷᠡᠬᠦ ᠵᠥᠪᠰᠢᠶᠡᠷᠡᠯ ᠤᠨ ᠦᠨᠡᠮᠯᠡᠯ ᠪᠤᠶᠤ ᠵᠦᠪᠰᠢᠶᠡᠷᠡᠯ ᠤᠨ ᠴᠣᠬᠤᠯᠠᠪᠤᠷᠢ ᠶᠢ ᠭᠤᠶᠤᠪᠴᠢᠯᠠᠨ᠎ᠠ᠃ ᠲᠤᠰ ᠵᠠᠷᠯᠠᠯ‌‍ᠳᠥ ᠲᠤᠭᠳᠠᠭᠠᠭᠰᠠᠨ ᠬᠤᠯᠪᠤᠭᠳᠠᠬᠤ ᠮᠠᠲ᠋ᠧᠷᠢᠶᠠᠯ ᠢ ᠲᠤᠰᠢᠶᠠᠬᠤ ᠠᠴᠠ ᠭᠠᠳᠠᠨ᠎ᠠ᠂ ᠪᠠᠰᠨ ᠲᠤᠰ ᠭᠦᠮᠦᠨ ᠤ ︽ᠲᠦᠷᠦᠭᠰᠡᠨ ᠤ ᠠᠨᠠᠭᠠᠬᠤ ᠶᠢᠨ ᠬᠡᠷᠡᠴᠢ︾ᠪᠤᠶᠤ ᠬᠠᠷᠠᠭᠠᠯᠵᠠᠨ ᠬᠠᠮᠠᠭᠠᠯᠠᠬᠤ‌ᠬᠠᠷᠢᠴᠠᠭᠠᠨ ᠤ ᠠᠯᠪᠠᠨ ᠬᠡᠷᠡᠴᠢᠯᠡᠭᠡ ᠶᠢᠨ ᠪᠢᠴᠢᠭ ᠵᠢᠴᠢ ᠬᠠᠷᠠᠭᠠᠯᠵᠠᠨ ᠬᠠᠮᠠᠭᠠᠯᠠᠭᠴᠢ ᠶᠢᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠵᠶ᠋ᠠᠨ‌‍ᠲ᠋ᠤᠰᠢᠶᠠᠨ᠎ᠠ᠃ ᠬᠠᠷᠠᠭᠠᠯᠵᠠᠨ ᠬᠠᠮᠠᠭᠠᠯᠠᠭᠴᠢ ᠬᠠᠮᠳᠤ ᠤᠴᠢᠵᠤ ᠲᠡᠶᠢᠯᠬᠦ ᠦᠬᠡᠢ ᠪᠤᠯ ᠪᠤᠰᠤᠳ ᠭᠦᠮᠦᠨ ᠳᠤ ᠨᠠᠶᠢᠳᠠᠵᠤ ᠪᠤᠯᠤᠨ᠎ᠠ᠂ ᠬᠠᠮᠳᠤ ᠤᠴᠢᠬᠤ ᠭᠦᠮᠦᠨ ᠠᠴᠠ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠪᠠ ᠬᠠᠷᠠᠭᠠᠯᠵᠠᠨ ᠬᠠᠮᠠᠭᠠᠯᠠᠭᠴᠢ ᠶᠢᠨ ᠨᠠᠶᠢᠳᠠᠯᠭ᠎ᠠ ᠶᠢᠨ ᠪᠢᠴᠢᠭ ᠢᠶᠠᠨ ᠲᠤᠰᠢᠶᠠᠨ᠎ᠠ᠃        ᠵᠢᠷᠭᠤᠭ᠎ᠠ᠂ ᠤᠯᠤᠰ ᠤᠨ ᠠᠵᠢᠯᠳᠠᠨ᠂ ᠠᠯᠪᠠ ᠬᠠᠭᠠᠵᠤ ᠪᠠᠶᠢᠭ᠎ᠠ ᠠᠷᠠᠳ ᠤᠨ ᠴᠢᠯᠦᠬᠡᠯᠡᠭᠦ ᠴᠡᠷᠢᠭ᠂ ᠠᠷᠠᠳ ᠤᠨ ᠵᠡᠪᠰᠡᠭᠳᠤ ᠭᠦᠴᠦᠨ ᠤ ᠴᠠᠭᠳᠠᠭ᠎ᠠ ᠭᠠᠷᠴᠤ ᠤᠷᠤᠬᠤ  ᠦᠨᠡᠮᠯᠡᠯ ᠭᠤᠶᠤᠪᠴᠢᠯᠠᠬᠤ ᠳᠤ ᠲᠤᠰᠢᠶᠠᠬᠤ ᠶᠤᠰᠤᠳᠠᠢ ᠪᠤᠰᠤᠳ ᠮᠠᠲ᠋ᠧᠷᠢᠶᠠᠯ        ᠤᠯᠤᠰ ᠤᠨ ᠠᠵᠢᠯᠳᠠᠨ᠂ ᠠᠯᠪᠠ ᠬᠠᠭᠠᠵᠤ ᠪᠠᠶᠢᠭ᠎ᠠ ᠠᠷᠠᠳ ᠤᠨ ᠴᠢᠯᠦᠬᠡᠯᠡᠭᠦ ᠴᠡᠷᠢᠭ᠂ ᠠᠷᠠᠳ ᠤᠨ ᠵᠡᠪᠰᠡᠭᠳᠤ ᠭᠦᠴᠦᠨ ᠤ ᠴᠠᠭᠳᠠᠭ᠎ᠠ ᠠᠴᠠ ᠡᠩ ᠤᠨ ᠫᠠᠰᠫᠤᠷᠲ᠂ ᠰᠢᠶᠠᠩᠭᠠᠩ ᠤᠤᠮᠧᠨ ᠳᠤ ᠤᠴᠢᠬᠤ ᠢᠷᠡᠬᠦ ᠵᠥᠪᠰᠢᠶᠡᠷᠡᠯ ᠤᠨ ᠦᠨᠡᠮᠯᠡᠯ ᠪᠤᠶᠤ ᠵᠦᠪᠰᠢᠶᠡᠷᠡᠯ ᠤᠨ ᠴᠣᠬᠤᠯᠠᠪᠤᠷᠢ᠂ ᠲᠠᠶᠢᠸᠠᠨ ᠳᠤ ᠤᠴᠢᠬᠤ ᠢᠷᠡᠬᠦ ᠵᠥᠪᠰᠢᠶᠡᠷᠡᠯ ᠤᠨ ᠦᠨᠡᠮᠯᠡᠯ ᠪᠤᠶᠤ ᠵᠦᠪᠰᠢᠶᠡᠷᠡᠯ ᠤᠨ ᠴᠣᠬᠤᠯᠠᠪᠤᠷᠢ ᠭᠤᠶᠤᠪᠴᠢᠯᠠᠬᠤ ᠳᠤ᠂ ᠲᠤᠰ ᠵᠠᠷᠯᠠᠯ ᠳᠤ ᠲᠤᠭᠳᠠᠭᠠᠭᠰᠠᠨ ᠬᠤᠯᠪᠤᠭᠳᠠᠬᠤ ᠮᠠᠲ᠋ᠧᠷᠢᠶᠠᠯ ᠢ ᠲᠤᠰᠢᠶᠠᠬᠤ ᠠᠴᠠ ᠭᠠᠳᠠᠨ᠎ᠠ ᠪᠠᠰᠨ ᠲᠤᠰ ᠭᠦᠮᠦᠨ ᠤ ᠠᠵᠢᠯᠯᠠᠵᠤ ᠪᠠᠶᠢᠭ᠎ᠠ ᠪᠠᠶᠢᠭᠤᠯᠭ᠎ᠠ ᠪᠤᠶᠤ ᠲᠡᠬᠡᠳᠤ ᠱᠠᠳᠤᠨ ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠬᠢᠯᠢ ᠪᠠᠷ ᠭᠠᠷᠴᠤ ᠤᠷᠤᠬᠤ ᠦᠨᠡᠮᠯᠡᠯ ᠭᠠᠷᠭᠠᠬᠤ ᠶᠢ ᠵᠦᠪᠰᠢᠶᠡᠷᠡᠭᠰᠡᠨ ᠬᠡᠷᠡᠴᠢ ᠪᠠᠨ‌‍ᠲ᠋ᠤᠰᠢᠶᠠᠨ᠎ᠠ᠃ ᠠᠯᠪᠠ ᠬᠠᠭᠠᠵᠤ ᠪᠠᠶᠢᠭ᠎ᠠ ᠠᠷᠠᠳ ᠤᠨ ᠴᠢᠯᠦᠬᠡᠯᠡᠭᠦ ᠴᠡᠷᠢᠭ᠂ ᠠᠷᠠᠳ ᠤᠨ ᠵᠡᠪᠰᠡᠭᠳᠤ ᠭᠦᠴᠦᠨ ᠤ ᠴᠠᠭᠳᠠᠭ᠎ᠠ ᠠᠴᠠ ᠴᠡᠷᠢᠭ ᠤᠨ ᠲᠠᠷᠤᠭ᠎ᠠ ᠶᠢᠨ ᠦᠨᠡᠮᠯᠡᠯ᠂ ᠪᠠᠶᠢᠯᠳᠤᠭᠴᠢ ᠶᠢᠨ ᠦᠨᠡᠮᠯᠡᠯ ᠪᠤᠶᠤ ᠴᠠᠭᠳᠠᠭᠠᠨ ᠲᠤᠰᠢᠶᠠᠯᠳᠠᠨ ᠤ ᠦᠨᠡᠮᠯᠡᠯ ᠢᠶᠠᠷ ᠲᠤᠰ ᠭᠦᠮᠦᠨ ᠤ ᠪᠡᠶ᠎ᠡ ᠶᠢᠨ ᠭᠡᠷᠡᠴᠢ ᠪᠤᠯᠭᠠᠨ ᠲᠤᠰᠢᠶᠠᠨ᠎ᠠ᠃
 
ᠢᠷᠡᠯᠲᠡ᠄ ᠥᠥᠰᠢᠨ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号