ᠦᠤᠰᠢᠨ ᠬᠤᠰᠢᠭᠤᠨ ᠤ ᠮᠤᠩᠭᠤᠯ ᠦᠨᠳᠤᠰᠤᠳᠠᠨ ᠤ ᠭᠡᠤᠭᠡᠳ ᠤᠨ ᠴᠡᠴᠡᠷᠯᠢᠭ ᠨᠢ 1981 ᠤᠨ ᠳᠤ ᠵᠢᠩᠭᠢᠨᠢ | ᠪᠠᠷ ᠪᠠᠶᠢᠭᠤᠯᠤᠠᠨᠳᠠᠵᠤ᠂ ᠭᠤᠴᠢᠨ ᠭᠡᠳᠤᠨ ᠵᠢᠯ ᠤᠨ ᠬᠠᠪᠤᠷ ᠨᠠᠮᠤᠷ ᠢ ᠲᠠᠰᠪᠤᠷᠢ ᠬᠠᠳᠠᠭᠤᠵᠢᠯᠳᠡᠢ ᠲᠤᠭᠤᠯᠵᠤ᠂ ᠭᠡᠳᠤ | ᠤᠳᠠᠭᠠᠨ ᠤ ᠨᠡᠬᠦᠨ ᠰᠢᠯᠵᠢᠯᠳᠠ ᠪᠠ ᠦᠷᠭᠡᠳᠭᠡᠨ ᠪᠠᠶᠢᠭᠤᠯᠤᠯᠳᠠ ᠶᠢ ᠦᠩᠭᠡᠷᠡᠭᠡᠨ 2013 ᠤᠨ ᠤ 9 ᠰᠠᠷ᠎ᠠ ᠳᠤ | ᠭᠠᠯᠠᠭᠤᠳᠤ ᠪᠠᠯᠭᠠᠰᠤᠨ ᠤ ᠲᠤᠭᠤᠶᠢᠯᠠᠩ ᠠᠭᠤᠳᠠᠮ ᠲᠠᠯᠠᠪᠠᠢ ᠶᠢᠨ ᠡᠮᠤᠨ᠎ᠠ ᠭᠤᠳᠤᠮᠵᠢ ᠶᠢᠨ ᠭᠤᠯᠳᠤ ᠶᠢᠰᠤᠳᠤᠭᠡᠷ ᠡᠮᠤᠨ᠎ᠠ | ᠵᠠᠮ ᠤᠨ ᠵᠡᠬᠦᠨ ᠲᠠᠯ᠎ᠠ ᠳᠤ ᠰᠢᠯᠵᠢᠨ ᠢᠷᠠᠪᠠ᠃ ᠤᠳᠤᠬᠠᠨ ᠤ ᠴᠡᠴᠡᠷᠯᠢᠭ ᠤᠨ ᠡᠵᠡᠯᠡᠬᠦ ᠶᠡᠷᠤᠩᠭᠡᠢ ᠲᠠᠯᠠᠪᠠᠢ ᠨᠢ 24800 | ᠲᠡᠭᠰᠢ ᠲᠦᠷᠪᠡᠯᠵᠢᠨ ᠮᠧᠲᠷ ᠪᠠᠶᠢᠵᠤ᠂ ᠪᠠᠷᠢᠯᠭ᠎ᠠ ᠶᠢᠨ ᠲᠠᠯᠠᠪᠠᠢ ᠨᠢ 11176 ᠲᠡᠭᠰᠢ ᠲᠦᠷᠪᠡᠯᠵᠢᠨ ᠮᠧᠲᠷ ᠪᠤᠢ᠃ ᠤᠳᠤ | ᠴᠡᠴᠡᠷᠯᠢᠭ ᠲᠤ ᠨᠠᠶᠢᠳᠠ 87 ᠵᠢᠩᠭᠢᠨᠢ ᠪᠠᠭᠰᠢ ᠠᠵᠢᠯᠳᠠᠨ ᠲᠠᠢ᠂ 22 ᠠᠩᠭᠢ ᠨᠢᠭᠡᠴᠠ᠂ 800 ᠭᠠᠷᠤᠢ ᠭᠡᠤᠭᠡᠳ ᠲᠠᠢ᠂ | ᠲᠡᠷᠢᠬᠦᠨ ᠤ ᠲᠤᠨᠤᠭ ᠲᠦᠬᠦᠭᠡᠷᠤᠮᠵᠢ ᠲᠠᠢ᠂ ᠪᠠᠶᠢᠷᠢᠯᠠᠭᠤᠯᠤᠯᠳᠠ ᠨᠢ ᠲᠤᠬᠢᠷᠠᠮᠵᠢᠳᠡᠢ᠂ ᠭᠡᠷᠡᠭᠴᠡᠭᠡ ᠪᠠᠷ ᠲᠡᠬᠦᠯᠳᠡᠷ᠂ | ᠤᠷᠴᠢᠨ ᠲᠤᠭᠤᠷᠢᠨ ᠨᠢ ᠭᠤᠶᠤ ᠰᠠᠶᠢᠬᠠᠨ ᠡᠸᠦ᠋ᠷᠤᠫᠠ ᠮᠠᠶ᠋ᠢᠭ ᠤᠨ ᠪᠠᠷᠢᠯᠭ᠎ᠠ ᠲᠠᠢ ᠤᠳᠤᠭᠢᠴᠢᠯᠬᠠᠰᠠᠨ ᠭᠡᠤᠭᠡᠳ ᠤᠨ | ᠴᠡᠩᠭᠡᠯ ᠤᠨ ᠤᠷᠳᠤᠨ ᠪᠠᠶᠢᠭ᠎ᠠ ᠶᠤᠮ᠃ ᠮᠦᠨᠴᠤ ᠮᠠᠨ ᠤ ᠬᠤᠰᠢᠭᠤᠨ ᠤ ᠴᠤᠷ ᠤᠨ ᠭᠠᠭᠴᠠ ᠭᠡᠪᠴᠢᠶ᠎ᠠ ᠪᠠᠷ ᠬᠠᠮᠤᠭ ᠶᠡᠭᠡ | ᠂ ᠮᠤᠩᠭᠤᠯ ᠦᠨᠳᠤᠰᠤᠳᠠᠨ ᠤ ᠭᠡᠤᠭᠡᠳ ᠤᠨ ᠴᠡᠴᠡᠷᠯᠢᠭ ᠪᠤᠯᠬᠤ ᠪᠦᠭᠡᠳ ᠤᠷᠤᠨ ᠤ ᠳᠡᠰ ᠤᠨ ᠲᠠᠭᠤᠷᠢᠶᠠᠯ ᠭᠡᠤᠭᠡᠳ ᠤᠨ | ᠴᠡᠴᠡᠷᠯᠢᠭ ᠪᠤᠯᠤᠨ᠎ᠠ᠃ | ᠦᠤᠰᠢᠨ ᠬᠤᠰᠢᠭᠤᠨ ᠤ ᠮᠤᠩᠭᠤᠯ ᠦᠨᠳᠤᠰᠤᠳᠠᠨ ᠤ ᠭᠡᠤᠭᠡᠳ ᠤᠨ ᠴᠡᠴᠡᠷᠯᠢᠭ ᠨᠢ ᠤᠳᠤᠬᠠᠨ ᠳᠤ ᠲᠤᠨᠤᠭ | ᠲᠦᠬᠦᠭᠡᠷᠤᠮᠵᠢ ᠪᠠᠷ ᠪᠦᠷᠢᠨ ᠲᠡᠬᠦᠯᠳᠠᠷ ᠪᠠᠶᠢᠵᠤ᠂ ᠭᠡᠤᠭᠡᠳ ᠤᠨ ᠡᠷᠡᠬᠦᠯ ᠴᠢᠭᠢᠷᠠᠭ ᠢᠶᠠᠷ ᠦᠰᠤᠨ ᠪᠤᠶᠢᠵᠢᠬᠤ ᠱᠠᠭᠠᠷᠳᠠᠯᠭ᠎ᠠ | ᠳᠤ ᠨᠠᠶᠢᠴᠡᠭᠰᠡᠨ ᠤᠳᠤᠭᠢᠴᠢᠯᠬᠠᠰᠠᠨ ᠤᠯᠠᠨ ᠴᠢᠳᠠᠪᠭᠢᠳᠤ ᠲᠠᠰᠤᠭ᠂ ᠠᠯᠤᠰ ᠡᠵᠡᠮᠰᠢᠯ ᠤᠨ ᠲᠠᠰᠤᠭ᠂ ᠤᠷᠠᠯᠢᠭ ᠤᠨ | ᠲᠡᠩᠭᠢᠮ᠂ ᠭᠠᠷ ᠤᠷᠠᠯᠠᠯ ᠤᠨ ᠦᠷᠤᠭᠡ᠂ ᠨᠤᠮ ᠤᠨ ᠲᠠᠰᠤᠭ᠂ ᠰᠢᠨᠵᠢᠯᠡᠬᠦ ᠤᠬᠠᠭᠠᠨ ᠤ ᠬᠠᠶᠢᠨ ᠰᠢᠨᠵᠢᠬᠦ ᠦᠷᠤᠭᠡ᠂ | ᠮᠤᠩᠭᠤᠯ ᠠᠮᠢᠳᠤᠷᠠᠯ ᠤᠨ ᠦᠵᠡᠮᠤᠷᠢ ᠶᠢᠨ ᠭᠡᠷ᠂ ᠭᠡᠷ ᠲᠤᠳᠤᠷᠡᠭᠢ ᠨᠠᠭᠠᠳᠤᠮ ᠤᠨ ᠲᠠᠯᠠᠪᠤᠷ᠂ ᠪᠠᠶ᠎ᠠ ᠪᠤᠯᠪᠠᠰᠤᠷᠠᠬᠤ ᠲᠠᠰᠤᠭ | ᠂ ᠠᠮᠢᠳᠤᠷᠠᠯ ᠤᠶᠢᠯᠡᠳᠤᠯᠭᠡ ᠶᠢᠨ ᠲᠠᠰᠤᠭ ᠵᠡᠷᠭᠡ ᠤᠯᠠᠨ ᠲᠦᠷᠦᠯ ᠤᠨ ᠭᠡᠤᠭᠡᠳ ᠤᠨ ᠬᠦᠳᠡᠯᠭᠡᠭᠡᠨ ᠤ ᠲᠠᠰᠤᠭ ᠢ ᠢᠵᠢ | ᠪᠦᠷᠢᠨ ᠪᠦᠷᠢᠯᠳᠤᠬᠦᠯᠵᠠᠢ᠃ | ᠡᠯ᠎ᠠ ᠠᠩᠭᠢ ᠶᠢᠨ ᠰᠠᠷᠠᠭᠤᠯ ᠠᠭᠤᠳᠠᠮ ᠬᠦᠳᠡᠯᠭᠡᠭᠡᠨ ᠤ ᠭᠡᠷ ᠲᠤᠨᠢ ᠪᠠᠷᠢᠮᠵᠢᠶ᠎ᠠ ᠳᠤ ᠨᠠᠶᠢᠴᠡᠭᠰᠡᠨ ᠡᠷᠡᠬᠦᠯ ᠬᠠᠮᠠᠭᠠᠯᠠᠯ | ᠤᠨ ᠭᠡᠷ᠂ ᠤᠨᠳᠠᠯᠭ᠎ᠠ ᠶᠢᠨ ᠦᠷᠤᠭᠡ᠂ ᠤᠬᠢᠶᠠᠯᠭ᠎ᠠ ᠶᠢᠨ ᠲᠠᠰᠤᠭ ᠲᠠᠢ ᠮᠦᠷᠳᠡᠭᠡᠨ ᠲᠧᠯᠸᠢᠰ᠂ ᠺᠤᠮᠫᠢᠦ᠋ᠲ᠋ᠧᠷ᠂ ᠲᠡᠬᠦᠯᠳᠠᠷ | ᠬᠤᠭᠤᠷ᠂ ᠤᠰᠤ ᠤᠤᠭᠤᠬᠤ ᠮᠠᠰᠢᠨ᠂ ᠠᠷᠢᠭᠤᠳᠬᠠᠯ ᠤᠨ ᠬᠤᠷᠭᠤ᠂ ᠭᠡᠳᠤ ᠬᠦᠷᠡᠨ ᠤ ᠭᠠᠳᠠᠨᠠᠭᠢ ᠰᠠᠴᠤᠷᠠᠭ | ᠠᠷᠢᠭᠤᠳᠬᠠᠯ ᠳ᠋ᠧᠩ᠂ ᠬᠤᠪᠴᠠᠰᠤ ᠤᠬᠢᠶᠠᠬᠤ ᠮᠠᠰᠢᠨ ᠵᠢᠴᠢ ᠭᠡᠤᠭᠡᠳ ᠤᠨ ᠨᠠᠰᠤᠨ ᠤ ᠤᠨᠴᠠᠯᠢᠭ ᠦᠰᠤᠯᠳᠠ ᠶᠢᠨ | ᠭᠡᠷᠡᠭᠴᠡᠭᠡᠨ ᠳᠤ ᠲᠤᠬᠢᠷᠬᠠᠰᠠᠨ ᠴᠤᠯᠤ ᠮᠤᠳᠤᠨ ᠰᠢᠷᠡᠭᠡ ᠰᠠᠨᠳᠠᠯᠢ᠂ ᠭᠡᠤᠭᠡᠳ ᠤᠨ ᠤᠨᠳᠠᠯᠭ᠎ᠠ ᠶᠢᠨ ᠤᠷᠤ᠂ ᠬᠤᠪᠴᠠᠰᠤ | ᠱᠠᠬᠠᠢ ᠶᠢᠨ ᠬᠤᠷᠭᠤ᠂ ᠨᠤᠮ ᠤᠨ ᠲᠠᠯᠪᠢᠭᠤᠷ᠂ ᠨᠠᠭᠠᠳᠤᠮ ᠤᠨ ᠲᠠᠯᠪᠢᠭᠤᠷ ᠵᠡᠷᠭᠡ ᠲᠡᠷᠢᠬᠦᠨ ᠤ ᠰᠢᠨ᠎ᠠ ᠮᠠᠶ᠋ᠢᠭ ᠤᠨ | ᠵᠢᠭᠠᠬᠤ ᠪᠠᠭᠠᠵᠢ᠂ ᠠᠮᠢᠳᠤᠷᠠᠯ ᠤᠨ ᠭᠡᠷᠡᠭᠰᠡᠯ᠂ ᠨᠠᠭᠠᠳᠤᠮ ᠲᠤᠠᠨᠯᠠᠭᠠᠮ ᠪᠦᠷᠢᠨ ᠬᠦᠢᠴᠡᠳ ᠪᠤᠢ᠃ ᠮᠦᠨ ᠴᠤ ᠴᠡᠴᠡᠷᠯᠢᠭ | ᠤᠨ ᠡᠯ᠎ᠠ ᠭᠡᠰᠡᠭ ᠲᠤ ᠬᠢᠨᠠᠨ ᠡᠵᠡᠮᠳᠡᠬᠦᠷ ᠮᠠᠰᠢᠨ᠂ ᠰᠠᠷᠠᠮᠵᠢ ᠶᠢᠨ ᠲᠤᠬᠢᠶ᠎ᠠ ᠮᠡᠳᠡᠬᠦᠯᠬᠦ ᠲᠡᠷᠢᠬᠦᠨ ᠤ ᠲᠤᠨᠤᠠᠨᠯᠠᠯ ᠢ | ᠤᠠᠨᠰᠠᠷᠠᠵᠤ᠂ ᠴᠡᠴᠡᠷᠯᠢᠭ ᠤᠨ ᠬᠦᠷᠢᠶᠠᠨ ᠤ ᠠᠮᠤᠷ ᠲᠦᠪᠰᠢᠨ ᠢ ᠪᠠᠳᠤᠯᠠᠪᠠ᠃ ᠡᠬᠦᠨ ᠠᠴᠠ ᠭᠠᠳᠠᠨ᠎ᠠ ᠴᠡᠴᠡᠷᠯᠢᠭ ᠤᠨ | ᠬᠦᠷᠢᠶᠠᠨ ᠳᠤ ᠠᠭᠤᠳᠠᠮ ᠰᠠᠷᠠᠭᠤᠯ ᠪᠠᠷᠢᠮᠵᠢᠶᠠᠳᠤ ᠬᠦᠳᠡᠯᠭᠡᠭᠡᠨ ᠤ ᠲᠠᠯᠠᠪᠤᠷ ᠲᠠᠢ᠂ ᠤᠯᠠᠨ ᠶᠠᠩᠵᠤ ᠶᠢᠨ ᠲᠤᠮᠤ ᠭᠡᠯᠪᠡᠷᠢ | ᠶᠢᠨ ᠨᠠᠭᠠᠳᠤᠮ ᠤᠨ ᠪᠠᠭᠠᠵᠢ ᠪᠠ ᠭᠡᠤᠭᠡᠳ ᠤᠨ ᠰᠤᠨᠢᠷᠬᠠᠯ ᠪᠠᠭ᠋ᠠᠷᠬᠠᠯ ᠢ ᠲᠠᠳ᠋ᠬᠠᠰᠠᠨ ᠠᠪᠠᠷᠢᠵᠤ ᠮᠠᠴᠤᠬᠤ ᠭᠡᠷᠡᠮ᠂ ᠡᠯᠡᠰᠤᠨ | ᠲᠠᠯᠠᠪᠤᠷ᠂ ᠤᠰᠤᠨ ᠳᠤ ᠨᠠᠭᠠᠳᠬᠤ ᠲᠠᠯᠠᠪᠠᠢ᠂ ᠰᠦᠯᠢᠶᠤᠤ ᠭᠤᠮ ᠤᠨ ᠬᠦᠶᠤᠬᠦ ᠲᠠᠯᠠᠪᠤᠷ᠂ ᠠᠮᠢᠳᠠᠨ ᠲᠡᠵᠢᠭᠡᠪᠤᠷᠢ ᠶᠢᠨ | ᠬᠦᠷᠢᠶᠠᠯᠠᠩ ᠪᠠ ᠲᠠᠷᠢᠮᠠᠯ ᠤᠷᠭᠤᠮᠠᠯ ᠤᠨ ᠬᠦᠷᠢᠶᠠᠯᠠᠩ ᠵᠡᠷᠭᠡ ᠠᠯᠢ ᠤᠯᠠᠨ ᠭᠡᠤᠭᠡᠳ ᠤᠨ ᠨᠠᠰᠤᠨ ᠤ ᠤᠨᠴᠠᠯᠢᠭ | ᠭᠡᠷᠡᠭᠴᠡᠭᠡᠨ ᠳᠤ ᠲᠤᠬᠢᠷᠬᠠᠰᠠᠨ ᠰᠠᠶᠢᠨ ᠰᠠᠶᠢᠬᠠᠨ ᠠᠮᠢᠳᠤᠷᠠᠵᠤ ᠰᠤᠷᠤᠯᠴᠠᠬᠤ ᠲᠤᠬᠢᠯᠢᠭ ᠤᠷᠴᠢᠨ ᠲᠣᠭᠤᠷᠢᠨ ᠢ | ᠪᠦᠷᠢᠯᠳᠦᠬᠦᠯᠦᠭᠰᠡᠨ ᠪᠠᠶᠢᠨ᠎ᠠ᠃ | ᠦᠤᠰᠢᠨ ᠬᠤᠰᠢᠭᠤᠨ ᠤ ᠮᠤᠩᠭᠤᠯ ᠦᠨᠳᠤᠰᠤᠳᠠᠨ ᠤ ᠭᠡᠤᠭᠡᠳ ᠤᠨ ᠴᠡᠴᠡᠷᠯᠢᠭ ᠨᠢ ᠲᠤᠨᠤᠭ ᠲᠦᠬᠦᠭᠡᠷᠤᠮᠵᠢ ᠪᠠᠷ | ᠤᠳᠤᠭᠢᠴᠢᠯᠬᠠᠰᠠᠨ ᠰᠢᠨ᠎ᠠ ᠮᠠᠶ᠋ᠢᠭ ᠤᠨ ᠲᠤᠭᠤᠭᠠᠨ ᠭᠡᠷ ᠲᠡᠭᠡᠨ ᠢᠵᠢ ᠪᠦᠷᠢᠨ ᠬᠤᠭᠤᠯᠠᠨ ᠤ ᠰᠢᠷᠡᠭᠡ ᠰᠠᠨᠳᠠᠯᠢ᠂ ᠲᠤᠰᠤᠨ | ᠲᠤᠭᠤᠭᠠᠨ ᠰᠤᠷᠤᠭᠤᠯ᠂ ᠤᠷᠴᠢᠨ ᠲᠤᠭᠤᠷᠢᠨ ᠤ ᠪᠤᠬᠢᠷᠳᠠᠯ ᠢ ᠬᠠᠮᠠᠭᠠᠯᠬᠠᠰᠠᠨ ᠵᠤᠤᠬ᠎ᠠ᠂ ᠭᠤᠯᠢᠷ ᠨᠤᠬᠤᠬᠤ ᠮᠠᠰᠢᠨ᠂ | ᠮᠠᠨᠳᠤᠤ ᠤᠶᠢᠯᠡᠳᠬᠦ ᠮᠠᠰᠢᠨ᠂ ᠮᠢᠬᠠᠨ ᠬᠢᠷᠤᠭᠤᠷ᠂ ᠬᠠᠭᠠᠷᠢᠭᠤᠯ᠂ ᠨᠠᠪᠴᠢ ᠭᠡᠷᠴᠢᠬᠦ ᠮᠠᠰᠢᠨ ᠵᠡᠷᠭᠡ ᠤᠯᠠᠨ ᠲᠦᠷᠦᠯ ᠤᠨ | ᠵᠢᠪᠡᠷᠡᠬᠦ ᠦᠭᠡᠢ ᠪᠤᠯᠤᠳ ᠢᠶᠠᠷ ᠭᠢᠭᠰᠡᠨ ᠢᠳᠡᠭᠡᠨ ᠪᠤᠯᠪᠠᠰᠤᠷᠠᠭᠤᠯᠬᠤ ᠲᠤᠨᠤᠭ ᠲᠦᠬᠦᠭᠡᠷᠤᠮᠵᠢ ᠪᠦᠷᠢᠨ ᠬᠦᠢᠴᠡᠳ ᠪᠤᠢ᠃ | ᠲᠤᠭᠤᠭᠠᠨ ᠭᠡᠷ ᠨᠢ ᠭᠤᠤᠯ ᠢᠳᠡᠭᠡᠨ ᠪᠤᠯᠪᠠᠰᠤᠷᠠᠭᠤᠯᠬᠤ ᠲᠠᠰᠤᠭ᠂ ᠬᠤᠯᠢᠰᠢᠨ ᠢᠳᠡᠭᠡᠨ ᠪᠤᠯᠪᠠᠰᠤᠷᠠᠭᠤᠯᠬᠤ ᠲᠠᠰᠤᠭ᠂ | ᠠᠵᠢᠯᠯᠠᠬᠤ ᠦᠷᠤᠭᠡ᠂ ᠨᠤᠭᠤᠭ᠎ᠠ ᠠᠷᠢᠯᠭᠠᠬᠤ ᠲᠠᠰᠤᠭ᠂ ᠢᠳᠡᠰᠢᠨ ᠨᠤᠭᠤᠭ᠎ᠠ ᠲᠡᠪᠳᠤᠭᠡᠬᠦ ᠲᠠᠳᠠᠭᠠᠯ᠂ ᠬᠤᠪᠴᠠᠰᠤ | ᠰᠤᠯᠢᠬᠤ ᠦᠷᠤᠭᠡ ᠵᠡᠷᠭᠡ ᠶᠢ ᠪᠠᠷᠢᠮᠵᠢᠶᠠᠵᠢᠭᠤᠯᠤᠨ ᠲᠤᠰᠠᠭᠠᠷᠯᠬᠠᠰᠠᠨ ᠠᠴᠠ ᠢᠳᠡᠭᠡᠨ ᠤᠮᠳᠠᠭᠠᠨ ᠤ ᠴᠢᠨᠠᠷ ᠴᠢᠨᠰᠠᠭ᠎ᠠ | ᠪᠤᠯᠤᠨ ᠠᠮᠤᠷ ᠲᠦᠪᠰᠢᠨ ᠢ ᠪᠠᠳᠤᠯᠠᠵᠤ᠂ ᠨᠠᠶᠢᠭᠡᠮ ᠪᠤᠯᠤᠨ ᠦᠷᠭᠡᠨ ᠤᠯᠠᠨ ᠭᠡᠷ ᠤᠨ ᠠᠬᠠᠮᠠᠳ᠂ ᠭᠡᠤᠭᠡᠳ ᠤᠨ | ᠲᠠᠭᠠᠰᠢᠶᠠᠯ ᠢ ᠤᠯᠤᠠᠨᠰᠠᠨ ᠪᠠᠶᠢᠨ᠎ᠠ᠃ | ᠴᠡᠴᠡᠷᠯᠢᠭ ᠪᠠᠶᠢᠭᠤᠯᠤᠠᠨᠳ᠋ᠬᠠᠰᠠᠨ ᠭᠤᠴᠢᠨ ᠭᠡᠳᠤᠨ ᠵᠢᠯ ᠤᠨ ᠲᠤᠷᠰᠢ ᠦᠤᠰᠢᠨ ᠬᠤᠰᠢᠭᠤᠨ ᠤ ᠮᠤᠩᠭᠤᠯ | ᠦᠨᠳᠤᠰᠤᠳᠠᠨ ᠤ ᠭᠡᠤᠭᠡᠳ ᠤᠨ ᠴᠡᠴᠡᠷᠯᠢᠭ ᠨᠢ ᠴᠡᠴᠡᠷᠯᠢᠭ ᠡᠷᠬᠢᠯᠡᠬᠦ ᠠᠷᠭ᠎ᠠ ᠲᠤᠷᠰᠢᠯᠭ᠎ᠠ ᠪᠠᠨ ᠲᠠᠰᠤᠷᠠᠯᠳᠠ ᠦᠭᠡᠢ | ᠬᠠᠶᠢᠨ ᠰᠦᠪᠡᠭᠴᠢᠯᠠᠨ᠂ ᠲᠤᠷᠰᠢᠯᠭ᠎ᠠ ᠪᠠᠨ ᠳ᠋ᠦᠩᠨᠠᠵᠤ ︽ᠡᠷᠢᠯ ᠬᠦᠰᠡᠯ ᠤᠨ ᠵᠢᠬᠦᠷ᠂ ᠡᠩᠬᠦᠷᠡᠢ ᠭᠡᠤᠭᠡᠳ ᠤᠨ ᠢᠷᠡᠭᠡᠳᠤᠢ︾ | ᠭᠡᠰᠡᠨ ᠴᠡᠴᠡᠷᠯᠢᠭ ᠡᠷᠬᠢᠯᠡᠬᠦ ᠲᠡᠷᠢᠬᠦᠨ ᠤ ᠤᠨᠤᠯᠵᠢᠭᠤᠨ ᠢ ᠲᠤᠷᠠᠳᠤᠨ ᠭᠠᠷᠭᠠᠵᠤ᠂ ︽ᠪᠠᠭᠰᠢ ᠨᠢ ᠲᠤᠰᠬᠠᠶᠢᠵᠢᠠᠨᠰᠠᠨ | ᠴᠢᠳᠠᠪᠤᠷᠢ ᠲᠠᠢ᠂ ᠭᠡᠤᠭᠡᠳ ᠨᠢ ᠲᠤᠳᠤᠷᠠᠭᠤᠨ ᠤᠨᠴᠠᠯᠢᠭ ᠲᠠᠢ᠂ ᠴᠡᠴᠡᠷᠯᠢᠭ ᠨᠢ ᠲᠤᠪᠤᠶᠢᠠᠨᠰᠠᠨ ᠰᠢᠨᠵᠢ ᠲᠠᠢ︾ ᠴᠡᠴᠡᠷᠯᠢᠭ | ᠡᠷᠬᠢᠯᠡᠬᠦ ᠬᠠᠷᠠᠯᠳᠠ ᠶᠢ ᠪᠠᠷᠢᠮᠳᠠᠯᠠᠨ ︽ᠦᠨᠳᠤᠰᠤᠳᠠᠨ ᠤ ᠤᠯᠠᠮᠵᠢᠯᠠᠯᠳᠤ ᠰᠤᠶᠤᠯ ᠤᠷᠠᠯᠢᠭ ᠤᠨ ᠬᠦᠮᠥᠵᠢᠯ ᠪᠤᠯᠤᠨ | ᠶᠤᠰᠤᠯᠠᠯ ᠮᠤᠷᠠᠯ ᠤᠨ ᠬᠦᠮᠥᠵᠢᠯ︾ ᠢᠶᠠᠷ ᠵᠢᠭᠠᠨ ᠰᠤᠷᠭᠠᠬᠤ ᠤᠨᠴᠠᠯᠢᠭ ᠢᠶᠠᠨ ᠪᠤᠯᠭᠠᠨ᠂ ᠤᠶᠢᠯᠡᠳᠤᠯᠭᠡ ᠶᠢᠨ ᠲᠤᠮᠳᠠ ︽ | ᠵᠢᠭᠠᠨ ᠰᠤᠳᠤᠯᠭᠠᠨ ᠢᠶᠠᠷ ᠬᠤᠰᠢᠭᠤᠴᠢᠯᠠᠵᠤ᠂ ᠬᠠᠮᠢᠶᠠᠷᠤᠯᠳᠠ ᠢᠶᠠᠷ ᠰᠠᠭᠤᠷᠢᠯᠠᠵᠤ᠂ ᠶᠠᠰᠤ ᠴᠢᠨᠠᠷ ᠢᠶᠠᠷ ᠤᠷᠤᠰᠢᠨ | ᠲᠤᠠᠨᠳᠠᠨᠢᠵᠤ᠂ ᠦᠭᠡᠷᠡᠴᠢᠯᠠᠯᠳᠠ ᠪᠠᠷ ᠨᠠᠷᠠ ᠲᠡᠮᠳᠡᠭ ᠪᠠᠨ ᠡᠬᠦᠳᠬᠦ︾ ᠶᠢ ᠪᠠᠷᠢᠮᠳᠠᠯᠠᠨ᠂ ᠲᠤᠳᠤᠭᠠᠳᠤ ᠠᠭᠤᠯᠤᠠᠨᠳᠠᠬᠤᠨ ᠤ | ᠪᠦᠳᠦᠭᠡᠨ ᠪᠠᠶᠢᠭᠤᠯᠤᠯᠳᠠ ᠶᠢ ᠠᠭᠢᠭᠤᠯᠵᠤ᠂ ᠶᠡᠭᠡ ᠭᠡᠮᠵᠢᠶᠠᠨ ᠤ ᠪᠡᠯᠡ ᠤᠷᠤᠭᠤᠯᠤᠨ ᠤᠯᠤᠰ ᠤᠨ ᠲᠤᠳᠤᠨ᠎ᠠ ᠭᠠᠳᠠᠨᠡᠭᠢ | ᠨᠠᠷᠠᠳᠤ ᠮᠡᠷᠭᠡᠵᠢᠯᠳᠠᠨ ᠪᠠᠭᠰᠢ ᠶᠢ ᠴᠡᠴᠡᠷᠯᠢᠭ ᠲᠡᠭᠡᠨ ᠤᠷᠢᠨ ᠵᠠᠯᠠᠵᠤ᠂ ᠴᠡᠴᠡᠷᠯᠢᠭ ᠤᠨ ᠬᠠᠮᠢᠶᠠᠷᠤᠯᠳᠠ᠂ ᠵᠢᠭᠠᠨ | ᠰᠤᠷᠭᠠᠯᠳᠠ᠂ ᠪᠠᠭᠰᠢ ᠶᠢᠨ ᠡᠩᠨᠡᠭᠡᠨ ᠤ ᠪᠤᠯᠪᠠᠰᠤᠷᠠᠯ ᠢ ᠵᠢᠭᠠᠨ ᠵᠢᠯᠤᠭᠤᠳᠤᠭᠤᠯᠪᠠ᠃ ᠮᠦᠨᠴᠤ ᠴᠡᠴᠡᠷᠯᠢᠭ ᠤᠨ | ᠭᠤᠤᠯᠯᠬᠠᠴᠢ ᠪᠠᠭᠰᠢᠨᠠᠷ ᠢ ᠢᠳᠡᠪᠭᠢᠳᠡᠢ ᠬᠦᠮᠥᠵᠢᠬᠦᠯᠬᠦ ᠪᠠᠷ ᠬᠦᠭᠵᠢᠭᠰᠡᠨ ᠭᠠᠵᠠᠷ ᠤᠷᠤᠨ ᠢᠶᠠᠷ ᠲᠤᠮᠢᠯᠠᠨ ᠲᠠᠷᠢᠬᠦᠨ ᠤ | ᠦᠵᠡᠯ ᠰᠠᠨᠠᠭ᠎ᠠ᠂ ᠰᠢᠯᠢᠳᠡᠭ ᠠᠷᠭ᠎ᠠ ᠲᠤᠷᠰᠢᠯᠭ᠎ᠠ ᠶᠢ ᠰᠤᠷᠤᠯᠴᠠᠨ᠂ ᠮᠠᠨ ᠤ ᠴᠡᠴᠡᠷᠯᠢᠭ ᠤᠨ ᠢᠶᠠᠨ ᠤᠯᠠᠮᠵᠢᠯᠠᠯᠳᠤ ᠰᠤᠷᠭᠠᠨ | ᠬᠦᠮᠥᠵᠢᠯ ᠤᠨ ᠤᠭᠢ ᠰᠤᠳᠤᠨ ᠳᠤ ᠠᠭᠤᠰᠬᠠᠨ ᠨᠠᠪᠴᠢᠬᠦᠯᠵᠤ᠂ ᠭᠠᠵᠠᠷ ᠤᠷᠤᠨ ᠤ ᠪᠠᠨ ᠰᠤᠶᠤᠯ ᠤᠨ ᠪᠠ ᠪᠤᠳᠠᠰ ᠤᠨ | ᠡᠭᠢ ᠪᠠᠶᠠᠯᠢᠭ ᠲᠠᠢ ᠤᠶᠠᠯᠳᠤᠭᠤᠯᠤᠨ ᠲᠡᠷᠢᠬᠦᠨ ᠤ ᠬᠠᠮᠢᠶᠠᠷᠤᠯᠳᠠ ᠶᠢᠨ ᠰᠢᠰᠲ᠋ᠧᠮ ᠢ ᠪᠦᠷᠢᠨᠰᠢᠬᠦᠯᠵᠤ᠂ ᠭᠡᠤᠭᠡᠳ ᠤᠨ | ᠰᠠᠶᠢᠨ ᠰᠠᠶᠢᠬᠠᠨ ᠢᠷᠡᠭᠡᠳᠦᠢ ᠳᠤ ᠪᠠᠳᠤ ᠪᠠᠭᠢ ᠰᠠᠭᠤᠷᠢ ᠶᠢ ᠲᠡᠯᠪᠢᠠᠨᠰᠠᠨ ᠪᠠᠶᠢᠨ᠎ᠠ᠃ | ᠦᠤᠰᠢᠨ ᠬᠤᠰᠢᠭᠤᠨ ᠤ ᠮᠤᠩᠭᠤᠯ ᠦᠨᠳᠤᠰᠤᠳᠠᠨ ᠤ ᠭᠡᠤᠭᠡᠳ ᠤᠨ ᠴᠡᠴᠡᠷᠯᠢᠭ ᠨᠢ ᠰᠤᠷᠭᠠᠨ ᠬᠦᠮᠥᠵᠢᠯ ᠤᠨ | ᠤᠶᠢᠯᠡᠳᠤᠯᠭᠡ ᠳᠤ ᠰᠠᠭᠤᠷᠢᠯᠡᠨ᠂ ᠰᠤᠳᠤᠯᠭᠠᠨ ᠢᠶᠠᠷ ᠰᠤᠷᠭᠠᠨ ᠬᠦᠮᠥᠵᠢᠯ ᠢ ᠬᠦᠭᠵᠢᠬᠦᠯᠬᠦ᠂ ᠤᠨᠴᠠᠯᠢᠭ ᠢᠶᠠᠷ ᠨᠠᠷᠠ ᠲᠡᠮᠳᠡᠭ | ᠢ ᠡᠬᠦᠳᠬᠦ ᠦᠵᠡᠯ ᠰᠠᠨᠠᠭ᠎ᠠ ᠶᠢ ᠪᠤᠢ ᠪᠤᠯᠭᠠᠵᠤ᠂ ᠲᠠᠭᠤᠤ ᠬᠦᠭᠵᠢᠮ ᠤᠨ ᠵᠢᠭᠠᠨ ᠰᠤᠷᠭᠠᠯᠳᠠ᠂ ᠠᠮᠢᠳᠤᠷᠠᠯ ᠤᠨ ᠰᠡᠳᠤᠪᠳᠤ | ᠬᠢᠴᠢᠶᠠᠯᠯᠡᠭᠡ ᠶᠢ ᠰᠤᠳᠤᠯᠤᠨ᠂ ᠠᠩᠬ᠎ᠠ ᠠᠯᠬᠤᠮ ︽ᠦᠨᠳᠤᠰᠤᠳᠠᠨ ᠤ ᠤᠯᠠᠮᠵᠢᠯᠠᠯᠳᠤ ᠰᠤᠶᠤᠯ ᠤᠷᠠᠯᠢᠭ ᠤᠨ ᠬᠦᠮᠥᠵᠢᠯ | ᠪᠤᠯᠤᠨ ᠶᠤᠰᠤᠯᠠᠯ ᠮᠤᠷᠠᠯ ᠤᠨ ᠬᠦᠮᠥᠵᠢᠯ︾ ᠢᠶᠠᠷ ᠭᠤᠤᠯ ᠰᠢᠵᠢᠮ ᠢᠶᠠᠨ ᠪᠤᠯᠭᠠᠨ ᠭᠡᠤᠭᠡᠳ ᠤᠨ ᠭᠡᠪ ᠴᠢᠨᠠᠷ ᠢ ᠪᠦᠬᠦ ᠲᠠᠯ᠎ᠠ | ᠪᠠᠷ ᠲᠡᠭᠡᠭᠰᠢᠯᠡᠬᠦᠯᠦᠭᠰᠡᠨ ᠵᠢᠭᠠᠨ ᠰᠤᠷᠭᠠᠯᠳᠠ ᠶᠢᠨ ᠭᠡᠪ ᠵᠬᠠᠪᠤᠷ ᠢ ᠪᠦᠷᠢᠯᠳᠤᠬᠦᠯᠵᠤ᠂ ᠨᠠᠭᠠᠳᠤᠮ ᠤᠨ ᠭᠡᠯᠪᠡᠷᠢ ᠶᠢᠨ ᠲᠠᠭᠤᠤ | ᠬᠦᠭᠵᠢᠮ ᠤᠨ ᠵᠢᠭᠠᠨ ᠰᠤᠷᠭᠠᠯᠳᠠ ᠶᠢᠨ ᠲᠤᠬᠠᠢ ᠰᠤᠳᠤᠯᠤᠯ ᠢ ᠪᠦᠬᠦ ᠲᠠᠯ᠎ᠠ ᠪᠠᠷ ᠲᠤᠷᠰᠢᠨ ᠭᠡᠷᠡᠭᠵᠢᠬᠦᠯᠵᠤ ᠢᠯᠡᠳᠳᠠ | ᠠᠮᠵᠢᠯᠳᠠ ᠤᠯᠵᠤ ᠴᠢᠳᠠᠪᠠ᠃ | ᠦᠨᠤᠳᠤᠷ ᠦᠤᠰᠢᠨ ᠬᠤᠰᠢᠭᠤᠨ ᠤ ᠮᠤᠩᠭᠤᠯ ᠦᠨᠳᠤᠰᠤᠳᠠᠨ ᠤ ᠭᠡᠤᠭᠡᠳ ᠤᠨ ᠴᠡᠴᠡᠷᠯᠢᠭ ᠨᠢ ᠰᠢᠨ᠎ᠠ | ᠤᠨᠤᠯᠵᠢᠭᠤᠨ᠂ ᠰᠢᠨ᠎ᠠ ᠰᠡᠳᠭᠢᠴᠠ᠂ ᠰᠢᠨ᠎ᠠ ᠤᠷᠴᠢᠨ ᠲᠤᠭᠤᠷᠢᠨ ᠤ ᠪᠠᠨ ᠦᠪᠡᠷᠮᠢᠴᠠ ᠤᠨᠴᠠᠯᠢᠭ ᠢᠶᠠᠨ ᠬᠦᠢᠴᠡᠳ | ᠪᠠᠳᠠᠷᠠᠭᠤᠯᠵᠤ᠂ ᠴᠡᠴᠡᠷᠯᠢᠭ ᠤᠨ ᠪᠦᠬᠦ ᠪᠠᠭᠰᠢ ᠠᠵᠢᠯᠳᠠᠨ ︽ᠴᠢᠩ ᠦᠨᠠᠨᠴᠢ᠂ ᠲᠦᠭᠡᠮᠡᠯ ᠬᠠᠶᠢᠷ᠎ᠠ᠂ ᠰᠢᠨ᠎ᠠ ᠶᠢ ᠡᠬᠦᠳᠴᠤ | ᠂ ᠬᠦᠭᠵᠢᠯᠳᠠ ᠶᠢ ᠠᠭᠢᠭᠤᠯᠬᠤ︾ ᠰᠢᠨ᠎ᠠ ᠡᠷᠢᠨ ᠤ ᠴᠤ᠋ ᠰᠢᠨ᠎ᠠ ᠭᠡᠪ ᠨᠠᠮᠪᠠ ᠪᠠᠷ ᠲᠡᠤᠭᠡᠴᠢ ᠲᠠᠪᠠᠯᠳᠠ ᠶᠢ ᠴᠢᠷᠮᠠᠶᠢᠨ | ᠪᠠᠶᠠᠯᠡᠬᠦᠯᠵᠤ᠂ ᠦᠤᠰᠢᠨ ᠨᠤᠳᠤᠭ ᠤᠨ ᠢᠶᠠᠨ ᠦᠨᠳᠤᠰᠤᠳᠠᠨ ᠤ ᠰᠤᠷᠭᠠᠨ ᠬᠦᠮᠥᠵᠢᠯ ᠤᠨ ᠤᠶᠢᠯᠡᠰ ᠲᠤ ᠲᠤᠰᠤᠯ ᠴᠤ | ᠭᠡᠰᠡᠨ ᠬᠤᠪᠢ ᠨᠠᠮᠠᠷᠢ ᠦᠵᠡᠬᠦᠯᠬᠦ ᠪᠠᠷ ᠮᠠᠷᠭᠠᠰᠢ ᠶᠢᠨ ᠨᠠᠷᠠ ᠶᠢ ᠤᠠᠨᠳᠤᠨ ᠮᠠᠷᠠᠶᠢᠨ ᠴᠢᠷᠮᠠᠶᠢᠵᠤ ᠪᠠᠶᠢᠨᠠᠮ︕ | | | | | | |