ᠱᠠᠷᠯᠢᠭ ᠭᠤᠣᠯᠳᠠᠯᠭᠠᠳᠣ ᠪᠠᠭ᠎ᠠ ᠰᠤᠷᠭᠠᠭᠤᠯᠢ
ᠨᠡᠶᠢᠲᠡᠯᠡᠭᠰᠡᠨ ᠴᠠᠭ᠄
2018-04-25
     ᠥᠣᠰᠢᠨ ᠬᠤᠰᠢᠭᠤᠨ ᠤ ᠱᠠᠷᠯᠢᠭ ᠭᠤᠣᠯᠳᠠᠯᠭᠠᠳᠣ ᠪᠠᠭ᠎ᠠ ᠰᠤᠷᠭᠠᠭᠤᠯᠢ ᠪᠤᠯ ᠦᠤᠰᠢᠨ ᠬᠤᠰᠢᠭᠤᠨ ᠤ ᠴᠤᠷ ᠤᠨ ᠭᠠᠭᠴᠠ ᠮᠠᠯᠵᠢᠬᠤ ᠰᠤᠮᠤᠨ ᠤ ᠰᠤᠷᠭᠠᠭᠤᠯᠢ ᠪᠤᠯᠬᠤ ᠶᠤᠮ᠃      ᠰᠥᠯᠳᠡ ︵ᠱᠠᠷᠯᠢᠭ︶ ᠨᠣᠳᠤᠭ ᠪᠣᠯ ᠪᠢᠴᠢᠭ ᠴᠡᠷᠢᠭ ᠤᠨ ᠡᠷᠳᠡᠮ ᠬᠤᠤᠰᠯᠠᠭᠰᠠᠨ ᠬᠤᠳᠤᠭᠳᠠᠢ ᠰᠡᠴᠡᠨ ᠬᠤᠩ ᠲᠠᠶᠢᠵᠢ ᠪᠤᠯᠤᠨ ᠰᠤᠷᠭᠠᠨ ᠬᠦᠮᠦᠵᠢᠯ ᠤᠨ ᠵᠢᠳᠬᠦᠯᠳᠡᠨ ᠬᠡᠰᠢᠭᠪᠡᠳᠤ᠂ ᠡᠷᠳᠡᠨᠢᠳᠤᠭᠳᠠᠬᠤ᠂ ᠯᠤᠪᠰᠠᠩᠰᠡᠷᠡᠩ᠂ ᠠᠷᠠᠳ ᠤᠨ ᠤᠷᠠᠯᠢᠭᠴᠢᠨ ᠲᠠᠮᠷᠢᠨᠵᠠᠪ᠂ ᠰᠠᠩᠵᠠᠶᠢᠳᠤᠷᠵᠢ᠂ ᠠᠮᠠᠨ ᠰᠢᠯᠦᠭᠴᠢ ᠢᠰᠢᠷᠠᠭᠸ᠎ᠠ᠂ ᠲᠤᠯᠢ ᠶᠢᠨ ᠭᠠᠷᠮ᠎ᠠ᠂ ᠠᠯᠳᠠᠷᠳᠤ ᠠᠨᠠᠭᠠᠬᠤ ᠤᠬᠠᠭᠠᠨᠳᠠᠨ ᠠᠮᠤᠷᠵᠢᠷᠭᠠᠯ᠂ ᠬᠤᠪᠢᠰᠬᠠᠯᠳᠤ ᠦᠷᠡᠭᠳᠡᠭᠰᠡᠨ ᠪᠠᠭᠠᠳᠤᠷ ᠡᠾᠠᠨᠤᠮᠠᠨᠳᠠ᠂ ᠲᠤᠪᠴᠢᠨᠳᠤᠷᠵᠢ ᠵᠡᠷᠬᠡ ᠨᠢᠭᠡᠨ ᠥᠶ᠎ᠡ ᠶᠢᠨ ᠨᠡᠷᠡᠳᠤ ᠬᠦᠮᠦᠰ ᠤᠷᠢᠳ ᠬᠤᠵᠢᠳ ᠮᠡᠨᠳᠤᠯᠡᠵᠤ᠂ ᠪᠠᠳᠤᠮᠦ᠋ᠩᠬᠡ ᠲᠠᠶᠠᠨ ᠬᠠᠭᠠᠨ ᠤ ᠤᠩᠭᠤᠨ ᠰᠦᠷᠦᠭ ᠪᠤᠯᠤᠨ ᠠᠳᠠᠭᠠᠳᠤ ᠠᠷᠪᠠᠨ ᠭᠤᠷᠪᠠᠨ ᠲᠡᠭᠷᠢ ᠶᠢᠨ ᠲᠠᠶᠢᠯᠭ᠎ᠠ ᠲᠠᠬᠢᠯᠭ᠎ᠠ ᠲᠠᠢ᠂ ᠰᠠᠨᠰᠠᠷ ᠭᠠᠶᠢᠬᠠᠮᠰᠢᠭᠳᠤ ᠰᠢᠷᠠᠵᠤᠤ ᠰᠦᠮ᠎ᠡ᠂ ᠪᠠᠷᠠᠭᠤᠨ ᠱᠠᠩ᠂ ᠶᠡᠭᠡ ᠬᠦᠷᠢᠶ᠎ᠡ ᠶᠢᠨ ᠬᠠᠭᠤᠴᠢ ᠪᠠᠭᠤᠷᠢ ᠲᠠᠢ᠂ ᠶᠢᠰᠤᠨ ᠬᠦᠯᠳᠤ ᠴᠠᠭᠠᠨ ᠰᠦᠯᠳᠡ ᠶᠢ ᠡᠷᠬᠡᠰᠢᠭᠦᠯᠥᠨ ᠲᠠᠬᠢᠭᠰᠠᠨ ᠮᠦᠩᠬᠡ ᠶᠢᠨ ᠰᠢᠳᠤᠬᠡᠨ ᠲᠠᠢ᠂ ᠬᠤᠪᠢᠰᠬᠠᠯ ᠤᠨ ᠡᠷᠳᠡ ᠴᠢᠯᠦᠬᠡᠯᠡᠭᠳᠡᠭᠰᠡ ᠤᠷᠤᠨ ᠤ ᠨᠢᠭᠡ ᠶᠤᠮ᠃      ᠡᠨᠡ ᠨᠣᠳᠤᠭ ᠤᠨ ᠬᠠᠯᠠᠭᠤᠨ ᠡᠯᠢᠭᠡᠨ ᠲᠡᠭᠡᠷ᠎ᠡ ᠱᠠᠷᠯᠢᠭ ᠰᠤᠷᠭᠠᠭᠤᠯᠢ ᠶᠢ ᠠᠯᠳᠠᠷᠳᠤ ᠰᠢᠯᠦᠭᠴᠢ ᠬᠡᠰᠢᠭᠪᠡᠳᠤ 1890 ᠤᠨ ᠳᠤ ᠬᠤᠱᠤᠢ ᠶᠢᠨ ᠴᠠᠶᠢᠳᠠᠮ ᠳᠤ ᠡᠬᠦᠰᠬᠡᠨ ᠪᠠᠶᠢᠭᠤᠯᠵᠤ᠂ ︽ᠬᠦᠶᠦᠬᠡᠨ ᠤᠳᠬ᠎ᠠ ᠶᠢᠨ ᠲᠤᠪᠴᠢ ᠲᠤᠯᠢ︾ ᠬᠡᠮᠡᠬᠦ ᠬᠡᠤᠬᠡᠳ ᠤᠨ ᠰᠤᠷᠬᠤ ᠪᠢᠴᠢᠭ ᠢ ᠵᠤᠬᠢᠶᠠᠵᠠᠢ᠃      ᠱᠠᠷᠯᠢᠭ ᠰᠤᠷᠭᠠᠭᠤᠯᠢ ᠨᠢ ︽ᠭᠤᠷᠪᠠᠨ ᠡᠷᠳᠡᠨᠢ᠂ ᠨᠢᠬᠡ ᠭᠠᠶᠢᠬᠠᠮᠰᠢᠭ᠂ ᠨᠢᠭᠡ ᠰᠣᠶᠣᠯ ᠠᠮᠢ ᠠᠬᠤᠢ ᠶᠢᠨ ᠬᠥᠷᠢᠶᠡᠯᠡᠩ︾᠂ ︽ᠲᠠᠪᠣᠨ ᠰᠠᠭᠤᠷᠢᠨ ᠭᠠᠵᠠᠷ︾᠂ ︽ᠬᠡᠰᠢᠭᠪᠡᠳᠤ ᠶᠢᠨ ᠰᠢᠯᠦᠭ ᠲᠠᠭᠤᠯᠠᠯ ᠤᠨ ᠵᠤᠬᠢᠶᠠᠨ ᠪᠦᠳᠦᠬᠡᠬᠦ ᠤᠷᠠᠯᠢᠭ ᠢ ᠰᠤᠷᠤᠯᠴᠠᠨ ᠵᠠᠯᠭᠠᠮᠵᠢᠯᠠᠵᠤ᠂ ᠦᠨᠳᠤᠰᠦᠳᠡᠨ ᠤ ᠰᠢᠯᠢᠳᠡᠭ ᠣᠯᠠᠮᠵᠢᠯᠠᠯᠳᠣ ᠰᠤᠶᠤᠯ ᠢ ᠬᠦᠭᠵᠢᠬᠦᠯᠦᠶ᠎ᠡ︾ ᠬᠡᠬᠦ ᠰᠤᠷᠭᠠᠭᠤᠯᠢ ᠶᠢᠨ ᠬᠦᠷᠢᠶᠡᠨ ᠤ ᠰᠤᠶᠤᠯ ᠤᠨ ᠨᠡᠷᠡᠳᠤ ᠲᠡᠮᠳᠡᠭ ᠲᠠᠢ᠃      ᠥᠣᠰᠢᠨ ᠬᠤᠰᠢᠭᠤᠨ ᠤ ᠱᠠᠷᠯᠢᠭ ᠭᠤᠣᠯᠳᠠᠯᠭᠠᠳᠣ ᠪᠠᠭ᠎ᠠ ᠰᠤᠷᠭᠠᠭᠤᠯᠢ ᠨᠢ ᠤᠷᠳᠤ ᠤᠳᠠᠭᠠᠨ ᠲᠡᠤᠬᠡᠨ ᠶᠠᠪᠤᠴᠠ  ᠳᠤ᠄ ︽ᠨᠤᠳᠤᠭ ᠰᠤᠷᠭᠠᠭᠤᠯᠢ︾᠂ ︽ᠲᠤᠳᠤᠭᠠᠳᠤ ᠮᠤᠩᠭᠤᠯ ᠤᠨ ᠠᠷᠠᠳ ᠤᠨ ᠬᠤᠪᠢᠰᠬᠠᠯᠳᠤ ᠨᠠᠮ ᠤᠨ ᠰᠤᠷᠭᠠᠭᠤᠯᠢ︾ ᠂ ︽ᠦᠤᠰᠢᠨ ᠤ ᠶᠠᠫᠤᠨ ᠢ ᠡᠰᠡᠷᠬᠦᠴᠡᠬᠦ ᠬᠤᠯᠪᠤᠭᠠᠳᠤ ᠬᠤᠷᠠᠯ ᠤᠨ ᠪᠠᠭ᠎ᠠ ᠰᠤᠷᠭᠠᠭᠤᠯᠢ︾᠂ ︽ᠦᠤᠰᠢᠨ ᠤ ᠲᠠᠶᠢᠰᠤᠨ ᠢ ᠡᠰᠡᠷᠬᠦᠴᠡᠬᠦ ᠬᠤᠯᠪᠤᠭᠠᠳᠤ ᠬᠤᠷᠠᠯ ᠤᠨ ᠮᠤᠩᠭᠤᠯ ᠬᠢᠳᠠᠳ ᠪᠠᠭ᠎ᠠ ᠰᠤᠷᠭᠠᠭᠤᠯᠢ︾ ︽ᠦᠤᠰᠢᠨ ᠬᠤᠰᠢᠭᠤᠨ ᠤ ᠱᠠᠷᠯᠢᠭ  ᠲᠠᠬᠢ ᠠᠩᠬ᠎ᠠ ᠵᠡᠷᠬᠡ ᠶᠢᠨ ᠪᠠᠭ᠎ᠠ ᠰᠤᠷᠭᠠᠭᠤᠯᠢ︾᠂ ︽ᠱᠠᠷᠯᠢᠭ ᠨᠤᠳᠤᠭ ᠤᠨ ᠪᠦᠷᠢᠨ ᠪᠠᠭ᠎ᠠ ᠰᠤᠷᠭᠠᠭᠤᠯᠢ︾᠂ ︽ᠦᠤᠰᠢᠨ ᠬᠤᠰᠢᠭᠤᠨ ᠤ ᠱᠠᠷᠯᠢᠭ ᠲᠠᠬᠢ ᠬᠤᠶᠠᠳᠤᠭᠠᠷ ᠪᠦᠷᠢᠨ ᠪᠠᠭ᠎ᠠ ᠰᠤᠷᠭᠠᠭᠤᠯᠢ︾᠂ ︽ᠦᠤᠰᠢᠨ ᠬᠤᠰᠢᠭᠤᠨ ᠤ ᠱᠠᠷᠯᠢᠭ ᠨᠢᠬᠡᠳᠤᠯ ᠤᠨ ᠪᠦᠷᠢᠨ ᠪᠠᠭ᠎ᠠ ᠰᠤᠷᠭᠠᠭᠤᠯᠢ︾᠂ ︽ᠱᠠᠷᠯᠢᠭ ᠰᠤᠮᠤᠨ ᠤ  ᠪᠠᠭ᠎ᠠ ᠰᠤᠷᠭᠠᠭᠤᠯᠢ︾᠂ ︽ᠱᠠᠷᠯᠢᠭ ᠪᠠᠯᠭᠠᠰᠣᠨ ᠤ ᠭᠤᠣᠯᠳᠠᠯᠭᠠᠳᠣ ᠪᠠᠭ᠎ᠠ ᠰᠤᠷᠭᠠᠭᠤᠯᠢ︾᠂ ︽ᠱᠠᠷᠯᠢᠭ ᠪᠠᠭ᠎ᠠ ᠰᠣᠷᠭᠠᠭᠤᠯᠢ︾ ᠬᠡᠮᠡᠨ ᠰᠤᠷᠭᠠᠭᠤᠯᠢ ᠶᠢᠨ ᠨᠡᠷ᠎ᠡ  ᠪᠠᠨ ᠤᠷᠢᠳ ᠬᠤᠵᠢᠳ ᠦᠬᠡᠷᠡᠴᠢᠯᠡᠵᠤ᠂ ᠤᠷᠳᠤᠪᠡᠶ᠎ᠡ᠂ ᠪᠤᠷᠤᠬᠤᠰᠢᠭᠤᠨ ᠰᠦᠮ᠎ᠡ᠂ ᠲᠡᠪᠡᠷᠡᠬᠦ᠂ ᠶᠡᠭᠡ ᠪᠠᠭ᠎ᠠ ᠰᠢᠪᠡᠷ᠂ ᠡᠾᠠᠨᠤᠮᠠᠨᠳᠠ ᠬᠤᠷᠢᠶᠠᠨ ᠲᠠᠷᠤᠭ᠎ᠠ ᠶᠢᠨ ᠴᠡᠷᠢᠭ ᠤᠨ ᠬᠤᠷᠢᠶ᠎ᠠ ᠵᠡᠷᠬᠡ ᠭᠠᠵᠠᠷ ᠤᠳ ᠢᠶᠠᠷ ᠨᠡᠬᠦᠳᠡᠯᠯᠡᠨ  ᠰᠤᠷᠭᠠᠭᠤᠯᠢ ᠡᠷᠬᠢᠯᠡᠵᠤ ᠪᠠᠶᠢᠵᠠᠢ᠃      ᠡᠳᠣᠬᠡ ᠥᠣᠰᠢᠨ ᠬᠤᠰᠢᠭᠤᠨ ᠤ ᠱᠠᠷᠯᠢᠭ ᠭᠤᠣᠯᠳᠠᠯᠭᠠᠳᠣ ᠪᠠᠭ᠎ᠠ ᠰᠣᠷᠭᠠᠭᠤᠯᠢ ᠨᠢ 120 ᠭᠠᠷᠣᠢ ᠵᠢᠯ ᠤᠨ ᠪᠣᠭᠤᠷᠣᠯ ᠲᠡᠤᠭᠡ ᠶᠢ ᠲᠡᠮᠳᠡᠭᠯᠡᠵᠣ᠂ 79034 ᠲᠡᠭᠰᠢ ᠲᠥᠷᠪᠡᠯᠵᠢᠨ ᠮᠧᠲᠷ ᠲᠠᠯᠠᠪᠠᠢ ᠲᠠᠢ᠂ 367 ᠰᠣᠷᠣᠬᠴᠢ᠂ 85 ᠪᠠᠭᠰᠢ ᠠᠵᠢᠯᠳᠠᠨ ᠲᠠᠢ᠂ 19 ᠵᠢᠭᠠᠨ ᠰᠣᠷᠭᠠᠬᠤ ᠠᠩᠬᠢ ᠲᠠᠢ᠂ ᠪᠠᠭᠰᠢ ᠶᠢᠨ ᠰᠤᠷᠤᠯᠭ᠎ᠠ ᠶᠢᠨ ᠨᠠᠮᠲᠠᠷ ᠤᠨ ᠬᠢᠷᠢ ᠲᠡᠩᠴᠡᠯᠲᠡ ᠶᠢᠨ ᠨᠤᠷᠮ᠎ᠠ ᠨᠢ 100 % ᠬᠦᠷᠪᠡ᠂ ᠪᠠᠭ᠎ᠠ ᠰᠣᠷᠭᠠᠭᠤᠯᠢ᠂ ᠴᠡᠴᠡᠷᠯᠢᠭ ᠣᠶᠠᠯᠳᠣᠵᠣ᠂ ᠮᠣᠩᠭᠤᠯ ᠬᠢᠳᠠᠳ ᠥᠨᠳᠣᠰᠣᠳᠡᠨ ᠨᠢᠬᠳᠠᠷᠠᠨ ᠪᠥᠯᠬᠦᠮᠳᠡᠭᠰᠡᠨ᠂ ︽ᠪᠥᠬᠦ ᠣᠯᠣᠰ ᠤᠨ ᠵᠠᠯᠠᠭᠤᠴᠣᠳ ᠪᠠᠭᠠᠴᠣᠳ ᠤᠨ ᠪᠣᠯᠪᠠᠰᠣᠨ ᠮᠣᠷᠠᠯ ᠤᠨ ᠬᠥᠮᠥᠵᠢᠯ ᠤᠨ ᠰᠠᠭᠤᠷᠢᠨ ᠭᠠᠵᠠᠷ︾᠂ ︽ᠪᠥᠬᠦ ᠣᠯᠣᠰ ᠤᠨ ᠬᠥᠳᠡᠭᠡ ᠲᠣᠰᠬᠤᠨ ᠤ ᠰᠣᠷᠭᠠᠭᠤᠯᠢ ᠶᠢᠨ ᠪᠠᠭᠠᠴᠣᠳ ᠤᠨ ᠣᠷᠳᠣᠨ ᠤ ᠲᠣᠭᠤᠷᠢᠨ ᠰᠣᠷᠣᠯᠴᠠᠬᠤ ᠲᠣᠯᠢ︾ ᠵᠡᠷᠭᠡ ᠣᠯᠣᠰ ᠤᠨ ᠲᠡᠰ ᠤᠨ ᠨᠡᠷᠡᠳᠣ ᠰᠣᠷᠭᠠᠭᠤᠯᠢ ᠪᠠᠷ ᠴᠣᠯᠠᠯᠠᠬᠳᠠᠨ᠂ ᠢᠷᠡᠬᠦ ᠮᠠᠷᠭᠠᠰᠢ ᠶᠢᠨ ᠠᠯᠳᠠᠨ ᠰᠣᠷᠠᠭ ᠲᠣᠭᠤᠯᠵᠣ᠂ ᠰᠢᠷ᠎ᠠ ᠡᠯᠢᠭᠡ ᠶᠢᠨ ᠰᠣᠶᠣᠯ ᠳᠤ ᠰᠢᠨ᠎ᠡ ᠨᠢᠭᠡᠨ ᠬᠠᠭᠤᠳᠠᠰᠣ ᠨᠡᠮᠡᠷᠢᠯᠡᠨ᠂ ᠢᠳᠡᠬᠡᠯ ᠬᠥᠰᠡᠯ ᠤᠨ ᠲᠣᠷᠭᠠᠨ ᠵᠢᠯᠣᠭᠤ ᠰᠣᠩᠭᠠᠨ ᠣᠷᠣᠬᠰᠢᠯᠠᠨ᠎ᠠ᠃
 
ᠢᠷᠡᠯᠲᠡ᠄ ᠬᠤᠰᠢᠭᠤ ᠰᠤᠷᠭᠠᠨ ᠬᠥᠮᠦᠵᠢᠯ ᠤᠨ ᠳᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号