ᠲᠤᠭ ᠪᠠᠭ᠎ᠠ ᠰᠤᠷᠭᠠᠭᠤᠯᠢ ᠨᠢ 2016 ᠣᠨ ᠤ 8 ᠰᠠᠷ᠎ᠠ ᠶᠢᠨ 27 ᠤ ᠡᠳᠤᠷ ᠲᠤᠭ ᠪᠠᠯᠭᠠᠰᠤᠨ ᠤ ᠭᠡᠦᠬᠡᠳ ᠤᠨ | ᠴᠡᠴᠡᠷᠯᠢᠭ ᠲᠡᠭᠡᠷ᠎ᠠ ᠮᠣᠩᠭᠤᠯ᠂ ᠭᠢᠲᠠᠳ ᠬᠤᠶᠠᠷ ᠨᠢᠭᠡᠳᠦᠭᠡᠷ ᠠᠩᠭᠢ ᠶᠢ ᠡᠷᠬᠢᠯᠡᠵᠤ᠂ ᠲᠤᠰ ᠲᠤᠰ ᠲᠠᠭᠠᠨ 19 | ᠰᠤᠷᠤᠭᠴᠢ ᠲᠠᠢ᠂ ᠨᠡᠶᠢᠲᠠ 10 ᠪᠠᠭᠰᠢ ᠪᠠᠷ ᠪᠦᠷᠢᠯᠳᠦᠭᠰᠡᠨ ᠪᠠᠭᠰᠢ ᠶᠢᠨ ᠡᠩᠨᠡᠭᠡ ᠲᠠᠢ ᠪᠠᠷ ᠠᠩᠬᠠᠨ ᠤ ᠵᠠᠮ ᠢᠶᠠᠨ | ᠡᠬᠢᠯᠡᠬᠦᠯᠪᠡ᠃ ᠡᠳᠦᠭᠡ ᠮᠣᠩᠭᠤᠯ᠂ ᠬᠢᠲᠠᠳ ᠨᠢᠭᠡᠳᠦᠭᠡᠷ ᠣᠨ ᠨᠢ 2 ᠠᠩᠭᠢ᠂ ᠮᠣᠩᠭᠤᠯ᠂ ᠬᠢᠲᠠᠳ ᠬᠤᠶᠠᠳᠤᠭᠠᠷ | ᠣᠨ ᠨᠢ 2 ᠠᠩᠭᠢ ᠲᠠᠢ ᠪᠠᠶᠢᠵᠤ᠂ ᠨᠡᠶᠢᠲᠡ 77 ᠰᠤᠷᠤᠭᠴᠢ ᠲᠠᠢ᠃ ᠵᠢᠩᠬᠢᠨᠢ ᠪᠠᠭᠰᠢ ᠠᠵᠢᠯᠲᠠᠨ 16 ᠬᠥᠮᠦᠨ᠂ | ᠬᠦᠯᠦᠰᠤᠨ ᠠᠵᠢᠯᠲᠠᠨ 4 ᠬᠥᠮᠦᠨ ᠪᠤᠢ᠃ ᠵᠢᠩᠬᠢᠨᠢ ᠪᠠᠭᠰᠢ ᠨᠠᠷ ᠨᠢ ᠪᠦᠷ ᠪᠠᠭ᠎ᠠ ᠰᠤᠷᠭᠠᠭᠤᠯᠢ ᠶᠢᠨ ᠪᠠᠭᠰᠢ ᠶᠢᠨ | ᠦᠨᠡᠮᠯᠡᠯ ᠲᠠᠢ᠃ ᠰᠤᠷᠤᠭᠴᠢᠳ ᠤᠨ ᠠᠩᠭᠢ ᠶᠢᠨ ᠭᠡᠷ ᠨᠢ 53.6 ᠲᠡᠭᠰᠢ ᠳᠦᠷᠪᠡᠯᠵᠢᠨ ᠮᠧᠲᠷ ᠪᠠᠶᠢᠵᠤ᠂ ᠠᠩᠭᠢ | ᠪᠣᠯᠭᠠᠨ ᠳᠤ ᠭᠠᠷ ᠤᠬᠢᠶᠠᠬᠤ ᠰᠠᠪᠡ᠂ ᠤᠰᠤ ᠪᠤᠴᠠᠯᠭᠠᠬᠤ ᠮᠠᠰᠢᠨ᠂ ᠨᠣᠮ ᠪᠢᠴᠢᠭ ᠤᠨ ᠪᠣᠭᠴᠤᠨ ᠲᠠᠯᠪᠢᠭᠤᠷ᠂ ᠲᠦᠷᠰᠤ | ᠰᠡᠭᠦᠳᠡᠷᠯᠡᠬᠦ ᠮᠠᠰᠢᠨ᠂ ᠲᠡᠭᠦᠯᠳᠡᠷ ᠬᠥᠭᠵᠢᠮ ᠲᠠᠢ ᠪᠠ ᠰᠤᠷᠤᠭᠴᠢ ᠪᠣᠯᠭᠠᠨ ᠰᠠᠭᠤᠬᠤ ᠰᠠᠨᠳᠠᠯᠢ᠂ ᠪᠢᠴᠢᠬᠦ ᠰᠢᠷᠡᠭᠡ ᠲᠠᠢ᠃ | ᠪᠠᠰᠠ ᠡᠯᠧᠺᠲᠷᠣᠨ ᠰᠠᠮᠪᠠᠷ᠎ᠠ ᠪᠠ ᠬᠠᠷ᠎ᠠ ᠰᠠᠮᠪᠠᠷ᠎ᠠ ᠶᠢ ᠬᠠᠪᠰᠤᠷᠭᠠᠭᠰᠠᠨ ᠵᠢᠭᠠᠬᠤ ᠲᠣᠨᠤᠭ ᠲᠦᠬᠦᠭᠡᠷᠤᠮᠵᠢ ᠲᠠᠢ ᠪᠤᠢ᠃ | ᠣᠳᠣᠬᠠᠨ ᠳᠤ ᠰᠤᠷᠤᠭᠴᠢᠳ ᠤᠨ ᠪᠠᠶᠢᠷᠢ ᠶᠢᠨ ᠭᠡᠷ᠂ ᠬᠤᠭᠤᠯᠠᠨ ᠳᠠᠩᠬᠢᠮ ᠤᠨ ᠠᠰᠠᠭᠤᠳᠠᠯ ᠢ ᠨᠢᠭᠡᠨᠲᠡ ᠰᠢᠢᠳᠪᠤᠷᠢᠯᠡᠭᠰᠡᠨ | ᠪᠠᠶᠢᠨ᠎ᠠ᠃ | ᠲᠤᠭ ᠪᠠᠭ᠎ᠠ ᠰᠤᠷᠭᠠᠭᠤᠯᠢ ᠨᠢ ︽ᠪᠠᠶ᠎ᠡ ᠴᠢᠳᠠᠪᠤᠷᠢ ᠪᠠᠨ ᠪᠤᠯᠪᠠᠰᠤᠷᠠᠭᠤᠯᠤᠨ᠂ ᠰᠢᠨᠵᠢᠯᠡᠬᠦ ᠤᠬᠠᠭᠠᠨᠴᠢ ᠪᠠᠷ | ᠬᠥᠮᠦᠵᠢᠭᠦᠯᠬᠦ᠂ ᠪᠠᠭ᠋ᠠᠲᠠᠢ ᠤᠷᠤᠯᠳᠤᠵᠤ ᠵᠣᠷᠢᠭᠲᠠᠢ ᠡᠭᠦᠳᠬᠦ︾ ᠪᠠᠷ ᠰᠤᠷᠭᠠᠭᠤᠯᠢ ᠡᠷᠬᠢᠯᠡᠬᠦ ᠤᠨᠤᠯᠵᠢᠭᠤᠨ ᠢᠶᠠᠨ ᠪᠣᠯᠭᠠᠵᠤ᠂ | ︽ᠪᠠᠶ᠎ᠡ ᠰᠡᠳᠬᠢᠯ ᠡᠷᠡᠭᠦᠯ ᠴᠢᠭᠢᠷᠠᠭ᠂ ᠪᠣᠯᠪᠠᠰᠤᠨ ᠶᠣᠰᠤᠷᠬᠠᠭ ᠡᠶ᠎ᠡ ᠵᠤᠬᠢᠴᠠᠩᠭᠤᠢ᠂ ᠤᠯᠠᠨ ᠲᠠᠯ᠎ᠠ ᠶᠢᠨ ᠴᠢᠳᠠᠪᠤᠷᠢᠲᠠᠨ ᠢ | ᠬᠦᠮᠦᠵᠢᠭᠦᠯᠭᠦ︾ ᠪᠠᠷ ᠰᠤᠷᠭᠠᠭᠤᠯᠢ ᠪᠠᠶᠢᠭᠤᠯᠬᠤ ᠵᠤᠷᠢᠯᠲᠠ ᠪᠠᠨ ᠪᠣᠯᠭᠠᠵᠤ᠂ ᠰᠢᠨᠵᠢᠯᠡᠬᠦ ᠤᠬᠠᠭᠠᠨᠴᠢ ᠪᠠᠷ ᠬᠠᠮᠢᠶᠠᠷᠤᠯᠲᠠ | ᠬᠢᠵᠤ᠂ ᠪᠠᠭᠰᠢ ᠶᠢᠨ ᠡᠩᠨᠡᠭᠡ ᠪᠠᠨ ᠪᠤᠯᠪᠠᠰᠤᠷᠠᠭᠤᠯᠤᠨ ᠰᠢᠯᠢᠳᠡᠭᠵᠢᠭᠦᠯᠵᠤ᠂ ︽ᠪᠦᠯᠬᠦᠮᠳᠡᠯ᠂ ᠳᠠᠪᠰᠢᠯᠲᠠ᠂ ᠪᠣᠯᠪᠠᠰᠤᠨ᠂ | ᠡᠭᠦᠳᠦᠯᠳᠡ︾ ᠪᠠᠷ ᠰᠤᠷᠭᠠᠯ ᠢᠶᠠᠨ ᠪᠣᠯᠭᠠᠵᠤ᠂ ︽ᠬᠠᠶᠢᠷ᠎ᠠ ᠪᠠᠨ ᠢᠪᠡᠭᠡᠵᠤ᠂ ᠤᠶᠢᠯᠡᠰ ᠢᠶᠠᠨ ᠨᠠᠨᠳᠢᠩᠨᠠᠬᠤ᠂ ᠮᠡᠳᠡᠯᠬᠡ ᠪᠠᠨ | ᠲᠡᠭᠡᠳᠤᠯᠡᠵᠤ᠂ ᠦᠢᠯᠡᠴᠢᠯᠡᠭᠡ ᠪᠠᠨ ᠳᠡᠭᠡᠭᠰᠢᠯᠡᠭᠦᠯᠬᠦ︾ ᠰᠤᠷᠲᠠᠯ ᠢ ᠲᠦᠭᠡᠮᠡᠯᠵᠢᠭᠦᠯᠵᠤ᠂ ︽ᠮᠡᠳᠡᠯᠬᠡ ᠬᠤᠷᠠᠮᠳᠤᠭᠤᠯᠵᠤ᠂ | ᠴᠢᠳᠠᠪᠤᠷᠢ ᠪᠦᠷᠢᠯᠳᠦᠭᠦᠯᠬᠦ᠂ ᠦᠢᠯᠡᠳᠦᠯᠬᠡ ᠳᠤ ᠣᠷᠤᠯᠴᠠᠬᠤ︾ ᠪᠠᠷ ᠰᠤᠷᠬᠤ ᠬᠠᠷᠠᠯᠲᠠ ᠪᠠᠨ ᠪᠣᠯᠭᠠᠵᠤ᠂ ︽ᠪᠠᠶᠠᠰᠤᠩᠭᠤᠢ | ᠰᠤᠷᠭᠠᠨ ᠬᠥᠮᠦᠵᠢᠯ︾ ᠤᠨ ᠣᠷᠴᠢᠨ ᠠᠬᠤᠢ ᠶᠢ ᠪᠤᠢ ᠪᠣᠯᠭᠠᠨ᠂ ︽ᠦᠨᠳᠤᠰᠤᠲᠡᠨ ᠤ ᠰᠣᠶᠤᠯ ᠢᠶᠠᠨ ᠤᠯᠠᠮᠵᠢᠯᠠᠬᠤ ᠪᠠ | ᠣᠷᠤᠨ ᠨᠤᠲᠤᠭ ᠤᠨ ᠰᠣᠶᠤᠯ ᠪᠠᠨ ᠳᠡᠯᠭᠡᠷᠡᠭᠦᠯᠬᠦ︾ ᠥᠪᠡᠷᠮᠢᠴᠡ ᠣᠨᠴᠠᠯᠢᠭ ᠢᠶᠠᠷ ᠰᠤᠷᠭᠠᠭᠤᠯᠢ ᠪᠠᠨ ᠡᠷᠬᠢᠯᠡᠵᠤ᠂ ᠶᠠᠰᠤ | ᠴᠢᠨᠠᠷ ᠢᠶᠠᠷ ᠰᠤᠷᠭᠠᠭᠤᠯᠢ ᠪᠠᠨ ᠭᠦᠴᠦᠷᠬᠡᠭᠵᠢᠭᠦᠯᠵᠤ᠂ ᠰᠢᠨ᠎ᠡ ᠶᠢ ᠡᠭᠦᠳᠴᠤ ᠦᠭᠡᠳᠡᠯᠡᠨ ᠳᠠᠪᠰᠢᠨ᠎ᠠ︕ | | |