ᠣᠯᠠᠭᠠᠨᠳᠣᠯᠣᠭᠠᠢ ᠭᠡᠥᠭᠡᠳ ᠤᠨ ᠴᠡᠴᠡᠷᠯᠢᠭ ᠪᠣᠯ ᠣᠯᠠᠭᠠᠨᠳᠣᠯᠣᠭᠠᠢ ᠪᠠᠯᠭᠠᠰᠥᠨ ᠤ ᠲᠦᠪ ᠲᠤ ᠪᠠᠶᠢᠭ᠎ᠠ ᠴᠣᠷ ᠤᠨ | ᠭᠠᠭᠴᠠ ᠮᠣᠩᠭᠤᠯ ᠭᠢᠳᠠᠳ ᠬᠤᠶᠠᠷ ᠬᠡᠯᠡ ᠪᠠᠷ ᠭᠢᠴᠢᠶᠠᠯᠯᠡᠭᠦ ᠣᠯᠣᠰ ᠠᠴᠠ ᠡᠷᠭᠢᠯᠡᠭᠰᠠᠨ ᠭᠡᠥᠭᠡᠳ ᠤᠨ ᠴᠡᠴᠡᠷᠯᠢᠭ | ᠪᠣᠯᠣᠨ᠎ᠠ᠃ 2009 ᠣᠨ ᠤ 8 ᠰᠠᠷ᠎ᠠ ᠳᠤ ᠪᠠᠶᠢᠭᠤᠯᠣᠭᠳᠠᠵᠥ᠂ 2016 ᠣᠨ ᠤ 10 ᠰᠠᠷ᠎ᠠ ᠳᠤ ᠰᠢᠨ᠎ᠠ ᠪᠠᠶᠢᠷᠢᠰᠢᠯ | ᠳᠤ ᠪᠠᠨ ᠨᠡᠭᠦᠨ ᠣᠷᠣᠭᠰᠠᠨ ᠶᠤᠮ᠃ ᠰᠢᠨ᠎ᠠ ᠴᠡᠴᠡᠷᠯᠢᠭ ᠤᠨ ᠶᠡᠷᠣᠩᠭᠡᠢ ᠲᠡᠯᠠᠪᠡᠢ ᠨᠢ 16640 ᠲᠡᠭᠰᠢ ᠲᠦᠷᠪᠠᠯᠵᠢᠨ | ᠮᠧᠲᠷ᠂ ᠡᠭᠦᠨ ᠳᠤ ᠪᠠᠷᠢᠯᠭ᠎ᠠ ᠶᠢᠨ ᠲᠠᠯᠠᠪᠡᠢ ᠨᠢ 5700 ᠲᠡᠭᠰᠢ ᠲᠦᠷᠪᠠᠯᠵᠢᠨ ᠮᠧᠲᠷ᠂ ᠭᠠᠳᠠᠨ᠎ᠠ ᠶᠢᠨ ᠭᠦᠳᠡᠯᠭᠡᠭᠡᠨ ᠤ | ᠲᠠᠯᠠᠪᠡᠢ ᠨᠢ 6800 ᠲᠡᠭᠰᠢ ᠲᠦᠷᠪᠠᠯᠵᠢᠨ ᠮᠧᠲᠷ᠂ ᠨᠤᠭᠤᠭᠠᠷᠠᠭᠤᠯᠣᠯᠳᠠ ᠶᠢᠨ ᠲᠠᠯᠠᠪᠡᠢ 5800 ᠲᠡᠭᠰᠢ ᠲᠦᠷᠪᠠᠯᠵᠢᠨ | ᠮᠧᠲᠷ ᠪᠠᠶᠢᠵᠥ᠂ ᠪᠠᠭᠰᠢ ᠠᠵᠢᠯᠲᠠᠨ ᠨᠡᠶᠢᠳᠠ 36᠂ ᠴᠡᠴᠡᠷᠯᠢᠭ ᠲᠤ ᠪᠠᠶᠢᠭ᠎ᠠ ᠭᠡᠥᠭᠡᠳ 140 ᠭᠠᠷᠥᠢ ᠪᠠᠶᠢᠵᠤ᠂ ᠪᠠᠭᠰᠢ | ᠠᠵᠢᠯᠲᠠᠨ ᠤ ᠭᠢᠷᠢ ᠲᠡᠩᠴᠡᠯᠲᠡ ᠶᠢᠨ ᠨᠣᠷᠮ᠎ᠠ 100% ᠳᠤ ᠭᠦᠷᠴᠡᠢ᠃ 6 ᠠᠩᠭᠢ ᠨᠢᠭᠡᠴᠨ ᠲᠠᠢ᠂ ᠡᠭᠦᠨ ᠳᠤ ᠬᠢᠳᠠᠳ | ᠢᠶᠠᠷ ᠬᠢᠴᠢᠶᠡᠯᠯᠡᠵᠦ ᠪᠠᠶᠢᠭ᠎ᠠ ᠠᠩᠭᠢ 3᠂ ᠮᠤᠩᠭᠤᠯ ᠢᠶᠠᠷ ᠬᠢᠴᠢᠶᠡᠯᠯᠡᠵᠦ ᠪᠠᠶᠢᠭ᠎ᠠ ᠠᠩᠭᠢ 3 ᠪᠤᠢ᠃ ᠣᠯᠣᠰ ᠤᠨ | ᠪᠠᠷᠢᠮᠵᠢᠶ᠎ᠠ ᠳᠤ ᠨᠡᠶᠢᠴᠡᠭᠰᠠᠨ ᠠᠭᠤᠳᠠᠮ ᠲᠣᠭᠢᠯᠢᠭ ᠠᠩᠭᠢ ᠶᠢᠨ ᠭᠡᠷ᠂ ᠣᠯᠠᠨ ᠭᠡᠷᠡᠭᠴᠠᠭᠡᠳᠥ ᠭᠦᠳᠡᠯᠭᠡᠭᠡᠨ ᠤ ᠭᠡᠷ᠂ ᠬᠤᠷᠠᠯ | ᠤᠨ ᠭᠡᠷ᠂ ᠡᠷᠡᠭᠦᠯ ᠮᠡᠨᠳᠥ ᠶᠢᠨ ᠲᠠᠰᠤᠭ᠂ ᠠᠯᠪᠠᠨ ᠭᠡᠷ᠂ ᠲᠣᠭᠤᠭᠠᠨ ᠭᠡᠷ᠂ ᠠᠯᠣᠰ ᠡᠵᠡᠮᠰᠢᠯ ᠤᠨ ᠲᠠᠰᠤᠭ᠂ ᠣᠷᠠᠯᠢᠭ | ᠤᠨ ᠲᠢᠩᠬᠢᠮ᠂ ᠭᠠᠷ ᠣᠷᠠᠯᠠᠯ ᠤᠨ ᠦᠷᠦᠭᠡ᠂ ᠨᠣᠮ ᠤᠨ ᠲᠠᠰᠤᠭ᠂ ᠰᠢᠨᠵᠢᠯᠡᠭᠦ ᠣᠬᠠᠭᠠᠨ ᠤ ᠬᠠᠶᠢᠨ ᠰᠢᠨᠵᠢᠭᠦ ᠦᠷᠦᠭᠡ᠂ | ᠮᠤᠩᠭᠤᠯ ᠠᠮᠢᠳᠥᠷᠠᠯ ᠤᠨ ᠦᠵᠡᠮᠵᠢ ᠶᠢᠨ ᠭᠡᠷ᠂ ᠭᠡᠷ ᠲᠤᠳᠤᠷᠠᠭᠢ ᠨᠠᠭᠠᠳᠥᠮ ᠤᠨ ᠲᠠᠯᠠᠪᠣᠷ᠂ ᠪᠠᠶ᠎ᠠ ᠪᠣᠯᠪᠠᠰᠣᠷᠠᠬᠤ ᠲᠠᠰᠤᠭ᠂ | ᠠᠮᠢᠳᠥᠷᠠᠯ ᠦᠢᠯᠡᠳᠦᠯᠭᠡ ᠶᠢᠨ ᠲᠠᠰᠤᠭ ᠵᠡᠷᠭᠡ ᠶᠢ ᠢᠵᠢ ᠪᠦᠷᠢᠯᠳᠦᠭᠦᠯᠪᠠ᠃ ᠡᠭᠦᠨ ᠠᠴᠠ ᠭᠠᠳᠠᠨ᠎ᠠ ᠴᠡᠴᠡᠷᠯᠢᠭ ᠤᠨ | ᠭᠦᠷᠢᠶᠠᠨ ᠳᠤ ᠠᠭᠤᠳᠠᠮ ᠰᠠᠷᠠᠭᠤᠯ ᠪᠠᠷᠢᠮᠵᠢᠶᠠᠳᠥ ᠭᠦᠳᠡᠯᠭᠡᠭᠡᠨ ᠤ ᠲᠠᠯᠠᠪᠣᠷ ᠲᠠᠢ᠂ ᠣᠯᠠᠨ ᠶᠠᠩᠵᠤ ᠶᠢᠨ ᠲᠣᠮᠣ ᠭᠡᠯᠪᠠᠷᠢ | ᠶᠢᠨ ᠨᠠᠭᠠᠳᠥᠮ ᠤᠨ ᠪᠠᠭᠠᠵᠢ ᠪᠠ ᠭᠡᠥᠭᠡᠳ ᠤᠨ ᠰᠣᠨᠢᠷᠬᠠᠯ ᠪᠠᠭ᠋ᠠᠷᠬᠠᠯ ᠢ ᠲᠠᠳᠠᠭᠰᠠᠨ ᠠᠪᠠᠷᠢᠵᠥ ᠮᠠᠴᠣᠬᠤ ᠭᠡᠷᠠᠮ᠂ ᠡᠯᠡᠰᠥᠨ | ᠲᠠᠯᠠᠪᠣᠷ᠂ ᠤᠰᠤᠨ ᠳᠤ ᠨᠠᠭᠠᠳᠬᠤ ᠲᠠᠯᠠᠪᠡᠢ᠂ ᠰᠦᠯᠢᠶᠤᠤ ᠭᠤᠮ ᠤᠨ ᠭᠦᠶᠦᠭᠦ ᠲᠠᠯᠠᠪᠣᠷ᠂ ᠲᠠᠪᠣᠨ ᠭᠦᠮᠦᠨ ᠤ | ᠪᠠᠷᠢᠮᠵᠢᠶᠠᠳᠣ ᠭᠦᠯ ᠪᠦᠮᠪᠦᠭᠡᠨ ᠤ ᠲᠠᠯᠠᠪᠡᠢ᠂ ᠭᠡᠥᠭᠡᠳ ᠨᠢᠭᠤᠵᠥ ᠨᠠᠭᠠᠳᠬᠤ ᠲᠠᠯᠠᠪᠡᠢ᠂ ᠠᠮᠢᠳᠠᠨ ᠲᠡᠵᠢᠭᠡᠪᠣᠷᠢ ᠶᠢᠨ | ᠭᠦᠷᠢᠶᠠᠯᠠᠩ ᠪᠠ ᠲᠠᠷᠢᠮᠠᠯ ᠣᠷᠭᠤᠮᠠᠯ ᠤᠨ ᠭᠦᠷᠢᠶᠠᠯᠡᠩ ᠵᠡᠷᠭᠡ ᠠᠯᠢ ᠣᠯᠠᠨ ᠭᠡᠥᠭᠡᠳ ᠤᠨ ᠨᠠᠰᠥᠨ ᠤ ᠣᠨᠴᠠᠯᠢᠭ | ᠭᠡᠷᠡᠭᠴᠠᠭᠡᠨ ᠳᠤ ᠲᠣᠭᠢᠷᠠᠭᠰᠠᠨ ᠰᠠᠶᠢᠨ ᠰᠠᠶᠢᠬᠠᠨ ᠠᠮᠢᠳᠤᠷᠠᠵᠣ ᠰᠣᠷᠣᠯᠴᠠᠬᠤ ᠲᠣᠭᠢᠯᠢᠭ ᠣᠷᠴᠢᠨ ᠲᠣᠭᠤᠷᠢᠨ ᠢ | ᠪᠦᠷᠢᠯᠳᠦᠭᠦᠯᠦᠭᠰᠠᠨ ᠪᠠᠶᠢᠨ᠎ᠠ᠃ | ᠮᠠᠨ ᠤ ᠴᠡᠴᠡᠷᠯᠢᠭ ᠨᠢ ︽ᠬᠡᠥᠬᠡᠳ ᠵᠢᠷᠭᠠᠯᠲᠠᠢ᠂ ᠠᠬᠠᠮᠠᠳ ᠪᠠᠶᠠᠰᠤᠩᠭᠤᠢ᠂ ᠴᠡᠴᠡᠷᠯᠢᠭᠴᠢ ᠤᠷᠮᠠᠰᠢᠩᠭᠤᠢ︾ ᠬᠡᠬᠦ | ᠴᠡᠴᠡᠷᠯᠢᠭ ᠡᠷᠬᠢᠯᠡᠬᠦ ᠬᠠᠷᠠᠯᠳᠠ ᠪᠠᠷ ᠭᠤᠤᠯ ᠴᠤᠭᠴᠠ ᠪᠠᠨ ᠪᠤᠯᠭᠠᠵᠦ᠂ ︽ᠥᠭᠬᠢᠶᠡᠮᠥᠷᠴᠢ ᠰᠡᠳᠬᠢᠯ᠂ ᠲᠡᠰᠪᠤᠷᠢᠳᠦ ᠴᠢᠨᠠᠷ᠂ | ᠨᠠᠷᠢᠨ ᠬᠢᠨᠠᠮᠠᠭᠠᠢ᠂ ᠴᠡᠪᠡᠷ ᠴᠠᠶᠢᠯᠭᠠᠨ︾ ᠵᠣᠷᠢᠭ ᠰᠠᠨᠠᠭ᠎ᠠ ᠪᠠᠷ ᠬᠡᠦᠬᠡᠳ ᠲᠤ ︽ᠡᠶ᠎ᠡ ᠡᠪᠳᠡᠢ᠂ ᠨᠠᠶᠢᠷᠰᠠᠭ ᠵᠤᠬᠢᠴᠠᠩᠭᠤᠢ᠂ | ᠦᠨᠡᠨ ᠪᠤᠳᠠᠳᠠᠢ᠂ ᠡᠭᠦᠳᠦᠨ ᠪᠦᠳᠦᠭᠡᠯᠴᠢ︾ ᠰᠣᠷᠭᠠᠨ ᠭᠦᠮᠦᠵᠢᠯ ᠤᠨ ᠣᠷᠴᠢᠨ ᠲᠤᠭᠤᠷᠢᠨ ᠢ ᠪᠤᠢ ᠪᠤᠯᠭᠠᠵᠦ᠂ ︽ᠪᠡᠶ᠎ᠡ | ᠰᠡᠳᠬᠢᠯ ᠡᠷᠡᠭᠦᠯ᠂ ᠮᠤᠷᠠᠯ ᠬᠦᠮᠦᠵᠢᠯ ᠰᠠᠶᠢᠨ᠂ ᠲᠤᠷ᠎ᠠ ᠰᠤᠨᠢᠷᠬᠠᠯ ᠪᠠᠶᠠᠯᠢᠭ᠂ ᠦᠪᠡᠷᠮᠢᠴᠡ ᠤᠨᠴᠠᠯᠢᠭ ᠲᠠᠢ︾ ᠪᠦᠬᠦ | ᠲᠠᠯ᠎ᠠ ᠪᠠᠷ ᠭᠦᠭᠵᠢᠭᠰᠡᠨ ᠰᠢᠨ᠎ᠠ ᠡᠷᠡᠨ ᠤ ᠰᠢᠯᠢᠳᠡᠭ ᠪᠠᠭᠠᠴᠤᠳ ᠢ ᠬᠦᠮᠦᠵᠢᠬᠦᠯᠬᠦ ᠪᠠᠷ ︽ᠤᠶᠤᠨ ᠢᠶᠠᠨ ᠰᠤᠶᠤᠨ᠂ ᠡᠷᠡᠭᠦᠯ | ᠢᠶᠠᠷ ᠦᠰᠦᠨ ᠪᠤᠶᠢᠵᠢᠬᠤ︾ ᠰᠤᠷᠭᠠᠨ ᠭᠦᠮᠦᠵᠢᠯ ᠤᠨ ᠦᠵᠡᠯᠳᠡ ᠶᠢ ᠪᠤᠢ ᠪᠣᠯᠭᠠᠵᠥ᠂ ︽ᠲᠡᠷᠢᠭᠦᠨ ᠵᠡᠷᠭᠡ ᠶᠢᠨ | ᠴᠡᠴᠡᠷᠯᠢᠭᠴᠢ ᠪᠣᠯᠬᠤ᠂ ᠲᠡᠷᠢᠭᠦᠨ ᠵᠡᠷᠭᠡ ᠶᠢᠨ ᠦᠢᠯᠡᠴᠢᠯᠡᠭᠡ ᠶᠢ ᠲᠡᠮᠡᠴᠠᠭᠦ᠂ ᠲᠡᠷᠢᠭᠦᠨ ᠵᠡᠷᠭᠡ ᠶᠢᠨ ᠬᠠᠮᠢᠶᠠᠷᠥᠯᠳᠠ ᠶᠢ | ᠡᠭᠦᠳᠭᠦ᠂ ᠲᠡᠷᠢᠭᠦᠨ ᠵᠡᠷᠭᠡ ᠶᠢᠨ ᠴᠡᠩᠭᠡᠯ ᠤᠨ ᠣᠷᠣᠨ ᠢ ᠪᠠᠶᠢᠭᠤᠯᠬᠤ︾ ᠲᠡᠮᠡᠴᠡᠬᠦ ᠬᠠᠷᠠᠯᠳᠠ ᠪᠠᠨ ᠪᠡᠶᠡᠯᠡᠭᠦᠯᠬᠦ ᠪᠠᠷ | ᠦᠪᠡᠷ ᠤᠨ ᠬᠡᠪ ᠴᠢᠨᠠᠷ ᠢᠶᠠᠨ ᠲᠡᠭᠡᠭᠰᠢᠯᠡᠭᠦᠯᠵᠦ᠂ ᠲᠦᠷᠢ ᠪᠠᠶᠢᠳᠠᠯ ᠢᠶᠠᠨ ᠰᠢᠨᠡᠳᠬᠡᠨ᠂ ᠴᠠᠭ ᠲᠤᠬᠢᠶᠠᠯ ᠢ ᠡᠵᠡᠮᠳᠡᠵᠦ᠂ | ᠬᠠᠶᠢᠷ᠎ᠠ ᠬᠠᠯᠠᠮᠵᠢ ᠪᠠᠨ ᠬᠡᠦᠬᠡᠳ ᠨᠢᠬᠡᠪᠦᠷᠢ ᠳᠤ ᠵᠤᠷᠢᠭᠤᠯᠤᠨ᠂ ᠨᠡᠶᠢᠬᠡᠮ ᠠᠷᠠᠳ ᠢᠶᠠᠷ ᠢᠶᠠᠨ ᠵᠦᠪᠰᠢᠶᠡᠷᠡᠭᠰᠡᠨ᠂ ᠭᠡᠷ ᠤᠨ | ᠠᠬᠠᠮᠠᠳ ᠰᠠᠨᠠᠭ᠎ᠠ ᠠᠮᠠᠷᠠᠭᠰᠠᠨ᠂ ᠬᠡᠦᠬᠡᠳ ᠤᠳ ᠭᠦᠰᠡᠨ ᠡᠷᠡᠮᠡᠯᠵᠡᠭᠰᠡᠨ ᠦᠨᠳᠦᠰᠦᠨ ᠱᠠᠳᠤᠨ ᠤ ᠨᠡᠷᠡᠳᠦ ᠴᠡᠴᠡᠷᠯᠢᠭ ᠢ | ᠪᠠᠶᠢᠭᠤᠯᠬᠤ ᠪᠠᠷ ᠬᠠᠮᠳᠤ ᠪᠠᠷ ᠴᠢᠷᠮᠠᠶᠢᠨ ᠤᠷᠤᠭᠰᠢᠯᠠᠨᠠᠮ︕ | | | | | | | | |