ᠬᠦᠯ ᠪᠦᠮᠪᠦᠭᠡ
ᠨᠡᠶᠢᠲᠡᠯᠡᠭᠰᠡᠨ ᠴᠠᠭ᠄
2018-04-26
     ︽ᠳᠡᠯᠡᠭᠡᠢ ᠶᠢᠨ ᠳᠡᠷᠢᠬᠦᠨ ᠳᠠᠮᠢᠷ ᠤᠨ ᠬᠦᠳᠡᠯᠭᠡᠭᠡᠨ︾ ᠭᠡᠮᠡᠭᠳᠡᠭᠰᠡᠨ ᠬᠦᠯ ᠪᠦᠮᠪᠦᠭᠡ ᠪᠤᠯ 1900 ᠤᠨ ᠤ ᠫᠠᠷᠢᠰ ᠤᠨ ᠤᠯᠧᠮᠫᠢᠺ ᠤᠨ ᠳᠠᠮᠢᠷ ᠤᠨ ᠴᠤᠭᠯᠠᠭᠠᠨ ᠳᠤ ᠵᠢᠩᠬᠢᠨᠢ ᠤᠷᠤᠯᠳᠣᠭᠠᠨ ᠤ ᠵᠦᠢᠯ ᠳᠤ ᠪᠠᠭᠳᠠᠭᠳᠠᠵᠤ ᠤᠷᠤᠭᠰᠠᠨ ᠪᠤᠯᠪᠠᠴᠤ ᠵᠦᠪᠬᠡᠨ ᠡᠷᠡᠭᠳᠡᠢ ᠶᠢᠨ ᠤᠷᠤᠯᠳᠣᠭᠠᠨ ᠪᠠᠶᠢᠵᠠᠢ᠃ 1996 ᠤᠨ ᠤ ᠠᠲᠯᠠᠨᠲ᠋ᠠ ᠶᠢᠨ ᠤᠯᠧᠮᠫᠢᠺ ᠤᠨ ᠳᠠᠮᠢᠷ ᠤᠨ ᠴᠤᠭᠯᠠᠭᠠᠨ ᠳᠤ ᠡᠮᠡᠭᠳᠡᠢ ᠶᠢᠨ ᠬᠦᠯ ᠪᠦᠮᠪᠦᠭᠡ ᠶᠢᠨ ᠤᠷᠤᠯᠳᠣᠭᠠᠨ ᠨᠢ ᠵᠢᠩᠬᠢᠨᠢ ᠤᠷᠤᠯᠳᠣᠭᠠᠨ ᠤ ᠵᠦᠢᠯ ᠳᠤ ᠤᠷᠤᠭᠰᠠᠨ ᠶᠤᠮ᠃      ᠪᠠᠷᠢᠮᠵᠢᠶᠠᠳᠣ ᠬᠦᠯ ᠪᠦᠮᠪᠦᠭᠡ ᠶᠢᠨ ᠳᠠᠯᠠᠪᠠᠢ ᠶᠢᠨ ᠤᠷᠳᠣ ᠨᠢ 90 — 120 ᠮᠧᠲᠷ᠂ ᠥᠷᠭᠡᠨ ᠨᠢ 45 — 90 ᠮᠧᠲᠷ ᠪᠠᠶᠢᠵᠤ᠂ ᠳᠣᠮᠳᠠ ᠪᠠᠨ ᠪᠦᠮᠪᠦᠭᠡᠨ ᠳᠠᠯᠠᠪᠠᠢ ᠶᠢ ᠬᠦᠨᠳᠡᠯᠡᠨ ᠣᠭᠳᠣᠯᠣᠭᠰᠠᠨ ᠳᠣᠮᠳᠠᠴᠢ ᠱᠣᠭᠤᠮ ᠲᠠᠢ ᠪᠦᠭᠡᠳ ᠲᠥᠪ ᠲᠡᠭᠡᠨ 9.15 ᠮᠧᠲᠷ ᠤᠨ ᠷᠠᠳᠢᠥ᠋ᠰ ᠲᠠᠢ ᠭᠤᠤᠯ ᠴᠠᠭᠠᠷᠢᠭ ᠪᠠᠶᠢᠳᠠᠭ᠃      ᠤᠷᠤᠯᠳᠣᠭᠠᠨ ᠤ ᠲᠦᠷᠢᠮ      ᠤᠷᠤᠯᠳᠣᠭᠠᠨ ᠨᠢ ᠬᠤᠶᠠᠷ ᠠᠩᠬᠢ ᠪᠠᠷ ᠪᠦᠷᠢᠯᠳᠦᠵᠦ᠂ ᠠᠩᠬᠢ ᠪᠦᠷᠢ ᠨᠢ 11 ᠬᠦᠮᠦᠨ ᠠᠴᠠ ᠬᠡᠳᠦᠷᠡᠵᠦ ᠪᠤᠯᠬᠤ ᠦᠬᠡᠢ ᠪᠦᠭᠡᠳ ᠨᠢᠭᠡ ᠨᠢ ᠡᠬᠦᠳᠡ ᠰᠠᠬᠢᠭᠴᠢ ᠪᠠᠶᠢᠬᠤ ᠭᠡᠷᠡᠭᠳᠡᠢ᠃ ᠪᠦᠬᠦ ᠤᠷᠤᠯᠳᠣᠭᠠᠨ ᠨᠢ 90 ᠮᠢᠨᠥ᠋ᠲ ᠎ ᠠᠴᠠ ᠭᠡᠳᠦᠷᠡᠵᠦ ᠪᠤᠯᠬᠤ ᠦᠬᠡᠢ᠃ ᠡᠰᠡᠷᠬᠦ ᠡᠳᠡᠭᠡᠳ ᠤᠨ ᠢᠶᠠᠨ ᠡᠬᠦᠳᠡᠨ ᠳᠤ ᠢᠯᠡᠬᠦᠦ ᠪᠦᠮᠪᠦᠭᠡ ᠤᠷᠤᠭᠤᠯᠤᠭᠰᠠᠨ ᠲᠠᠯ᠎ᠠ ᠨᠢ ᠢᠯᠠᠨ᠎ᠠ᠃
 
ᠢᠷᠡᠯᠲᠡ᠄ ᠳᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号