ᠬᠦᠯ ᠪᠦᠮᠪᠦᠭᠡ
ᠨᠡᠶᠢᠲᠡᠯᠡᠭᠰᠡᠨ ᠴᠠᠭ᠄
2018-04-26
     ︽ᠳᠡᠯᠡᠭᠡᠢ ᠶᠢᠨ ᠳᠡᠷᠢᠬᠦᠨ ᠳᠠᠮᠢᠷ ᠤᠨ ᠬᠦᠳᠡᠯᠭᠡᠭᠡᠨ︾ ᠭᠡᠮᠡᠭᠳᠡᠭᠰᠡᠨ ᠬᠦᠯ ᠪᠦᠮᠪᠦᠭᠡ ᠪᠤᠯ 1900 ᠤᠨ ᠤ ᠫᠠᠷᠢᠰ ᠤᠨ ᠤᠯᠧᠮᠫᠢᠺ ᠤᠨ ᠳᠠᠮᠢᠷ ᠤᠨ ᠴᠤᠭᠯᠠᠭᠠᠨ ᠳᠤ ᠵᠢᠩᠬᠢᠨᠢ ᠤᠷᠤᠯᠳᠣᠭᠠᠨ ᠤ ᠵᠦᠢᠯ ᠳᠤ ᠪᠠᠭᠳᠠᠭᠳᠠᠵᠤ ᠤᠷᠤᠭᠰᠠᠨ ᠪᠤᠯᠪᠠᠴᠤ ᠵᠦᠪᠬᠡᠨ ᠡᠷᠡᠭᠳᠡᠢ ᠶᠢᠨ ᠤᠷᠤᠯᠳᠣᠭᠠᠨ ᠪᠠᠶᠢᠵᠠᠢ᠃ 1996 ᠤᠨ ᠤ ᠠᠲᠯᠠᠨᠲ᠋ᠠ ᠶᠢᠨ ᠤᠯᠧᠮᠫᠢᠺ ᠤᠨ ᠳᠠᠮᠢᠷ ᠤᠨ ᠴᠤᠭᠯᠠᠭᠠᠨ ᠳᠤ ᠡᠮᠡᠭᠳᠡᠢ ᠶᠢᠨ ᠬᠦᠯ ᠪᠦᠮᠪᠦᠭᠡ ᠶᠢᠨ ᠤᠷᠤᠯᠳᠣᠭᠠᠨ ᠨᠢ ᠵᠢᠩᠬᠢᠨᠢ ᠤᠷᠤᠯᠳᠣᠭᠠᠨ ᠤ ᠵᠦᠢᠯ ᠳᠤ ᠤᠷᠤᠭᠰᠠᠨ ᠶᠤᠮ᠃      ᠪᠠᠷᠢᠮᠵᠢᠶᠠᠳᠣ ᠬᠦᠯ ᠪᠦᠮᠪᠦᠭᠡ ᠶᠢᠨ ᠳᠠᠯᠠᠪᠠᠢ ᠶᠢᠨ ᠤᠷᠳᠣ ᠨᠢ 90 — 120 ᠮᠧᠲᠷ᠂ ᠥᠷᠭᠡᠨ ᠨᠢ 45 — 90 ᠮᠧᠲᠷ ᠪᠠᠶᠢᠵᠤ᠂ ᠳᠣᠮᠳᠠ ᠪᠠᠨ ᠪᠦᠮᠪᠦᠭᠡᠨ ᠳᠠᠯᠠᠪᠠᠢ ᠶᠢ ᠬᠦᠨᠳᠡᠯᠡᠨ ᠣᠭᠳᠣᠯᠣᠭᠰᠠᠨ ᠳᠣᠮᠳᠠᠴᠢ ᠱᠣᠭᠤᠮ ᠲᠠᠢ ᠪᠦᠭᠡᠳ ᠲᠥᠪ ᠲᠡᠭᠡᠨ 9.15 ᠮᠧᠲᠷ ᠤᠨ ᠷᠠᠳᠢᠥ᠋ᠰ ᠲᠠᠢ ᠭᠤᠤᠯ ᠴᠠᠭᠠᠷᠢᠭ ᠪᠠᠶᠢᠳᠠᠭ᠃      ᠤᠷᠤᠯᠳᠣᠭᠠᠨ ᠤ ᠲᠦᠷᠢᠮ      ᠤᠷᠤᠯᠳᠣᠭᠠᠨ ᠨᠢ ᠬᠤᠶᠠᠷ ᠠᠩᠬᠢ ᠪᠠᠷ ᠪᠦᠷᠢᠯᠳᠦᠵᠦ᠂ ᠠᠩᠬᠢ ᠪᠦᠷᠢ ᠨᠢ 11 ᠬᠦᠮᠦᠨ ᠠᠴᠠ ᠬᠡᠳᠦᠷᠡᠵᠦ ᠪᠤᠯᠬᠤ ᠦᠬᠡᠢ ᠪᠦᠭᠡᠳ ᠨᠢᠭᠡ ᠨᠢ ᠡᠬᠦᠳᠡ ᠰᠠᠬᠢᠭᠴᠢ ᠪᠠᠶᠢᠬᠤ ᠭᠡᠷᠡᠭᠳᠡᠢ᠃ ᠪᠦᠬᠦ ᠤᠷᠤᠯᠳᠣᠭᠠᠨ ᠨᠢ 90 ᠮᠢᠨᠥ᠋ᠲ  ᠠᠴᠠ ᠭᠡᠳᠦᠷᠡᠵᠦ ᠪᠤᠯᠬᠤ ᠦᠬᠡᠢ᠃ ᠡᠰᠡᠷᠬᠦ ᠡᠳᠡᠭᠡᠳ ᠤᠨ ᠢᠶᠠᠨ ᠡᠬᠦᠳᠡᠨ ᠳᠤ ᠢᠯᠡᠬᠦᠦ ᠪᠦᠮᠪᠦᠭᠡ ᠤᠷᠤᠭᠤᠯᠤᠭᠰᠠᠨ ᠲᠠᠯ᠎ᠠ ᠨᠢ ᠢᠯᠠᠨ᠎ᠠ᠃
 
ᠢᠷᠡᠯᠲᠡ᠄ ᠳᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号